ᠰᠠᠮᠠᠢ ᠰᠣᠮᠤ
ᠨᠡᠶᠢᠲᠡᠯᠡᠭᠰᠡᠨ ᠴᠠᠭ᠄
2017/6/6
     ᠰᠠᠮᠠᠢ ᠰᠤᠮᠤ ᠨᠢ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠵᠡᠭᠦᠨ ᠬᠤᠶᠢᠲᠤ ᠪᠡᠶ᠎ᠡ ᠪᠠᠷ ᠪᠠᠶᠢᠷᠢᠰᠢᠵᠤ᠂ ᠬᠤᠰᠢᠭᠤᠨ ᠲᠦᠪ ᠤᠯᠢᠶᠠᠰᠤᠲᠠᠢ ᠪᠠᠯᠭᠠᠰᠤᠨ ᠠᠴᠠ ᠵᠡᠭᠦᠨ ᠬᠤᠶᠢᠰᠢ 90 ᠺᠢᠯᠤᠮᠧᠲᠷ ᠤᠨ ᠵᠠᠶᠢᠲᠠᠢ ᠪᠠᠶᠢᠵᠤ᠂ ᠵᠡᠭᠦᠨᠰᠢ ᠭᠠᠬᠢᠯ ᠰᠤᠮᠤ ᠲᠠᠢ ᠵᠠᠬ᠎ᠠ ᠨᠡᠶᠢᠯᠡᠵᠦ᠂ ᠡᠮᠦᠨᠡᠰᠢ ᠲᠠᠭᠤᠲᠤᠨᠠᠭᠤᠷ ᠪᠠᠯᠭᠠᠰᠤ ᠲᠠᠢ ᠵᠠᠬ᠎ᠠ ᠨᠡᠶᠢᠯᠡᠵᠦ ᠂ ᠪᠠᠷᠠᠭᠤᠨᠰᠢ ᠤᠯᠢᠶᠠᠰᠤᠲᠠᠢ ᠪᠠᠯᠭᠠᠰᠤ ᠲᠠᠢ ᠵᠠᠬ᠎ᠠ ᠨᠡᠶᠢᠯᠡᠵᠦ᠂ ᠤᠮᠠᠷᠠᠰᠢ ᠮᠤᠩᠭᠤᠯ ᠤᠯᠤᠰ ᠤᠨ ᠰᠦᠬᠡᠪᠠᠭᠠᠲᠤᠷ ᠠᠶᠢᠮᠠᠭ ᠲᠠᠢ ᠬᠢᠯᠢ ᠵᠠᠯᠭᠠᠵᠦ᠂ ᠬᠢᠯᠢ ᠶᠢᠨ ᠱᠤᠭᠤᠮ ᠤᠨ ᠤᠷᠲᠤ 125.8 ᠺᠢᠯᠤᠮᠧᠲᠷ᠃ ᠪᠦᠬᠦ ᠰᠤᠮᠤᠨ ᠤ ᠨᠤᠲᠤᠭ ᠪᠡᠯᠴᠢᠭᠡᠷ ᠤᠨ ᠶᠡᠷᠦᠩᠬᠡᠢ ᠲᠠᠯᠠᠪᠠᠢ 7727.8 ᠲᠡᠭᠰᠢ ᠲᠦᠷᠪᠡᠯᠵᠢᠨ ᠺᠢᠯᠤᠮᠧᠲᠷ ᠪᠠᠶᠢᠵᠦ᠂ ᠠᠰᠢᠭᠯᠠᠵᠤ ᠪᠤᠯᠬᠤᠶᠢᠴᠠ ᠨᠤᠲᠤᠭ ᠪᠡᠯᠴᠢᠭᠡᠷ ᠤᠨ ᠲᠠᠯᠠᠪᠠᠢ 5982.7 ᠲᠡᠭᠰᠢ ᠲᠦᠷᠪᠡᠯᠵᠢᠨ ᠺᠢᠯᠤᠮᠧᠲᠷ᠃ ᠰᠠᠮᠠᠢ ᠰᠤᠮᠤᠨ ᠳᠤ ᠬᠦᠭᠡᠷᠴᠡᠭ ᠭᠠᠴᠠᠭ᠎ᠠ᠂ ᠲᠠᠷᠭᠤᠬᠤᠪᠤᠭ᠎ᠠ ᠭᠠᠴᠠᠭ᠎ᠠ᠂ ᠪᠠᠶᠠᠨᠬᠦ᠋ᠬᠡᠪᠦᠷ ᠭᠠᠴᠠᠭ᠎ᠠ᠂ ᠮᠠᠨᠲᠠᠯᠲᠤ ᠭᠠᠴᠠᠭ᠎ᠠ᠂ ᠪᠠᠶ᠋ᠬᠠᠤᠪᠤᠭ᠎ᠠ ᠭᠠᠴᠠᠭ᠎ᠠ᠂ ᠲᠤᠰᠤᠨᠪᠤᠯᠠᠭ ᠭᠠᠴᠠᠭ᠎ᠠ᠂ ᠵᠢᠷᠠᠨᠪᠤᠯᠠᠭ ᠭᠠᠴᠠᠭ᠎ᠠ ᠵᠡᠷᠭᠡ 7 ᠭᠠᠴᠠᠭ᠎ᠠ᠂ ᠦᠵᠦᠭᠦᠷ ᠤᠨ ᠬᠤᠳᠳᠤᠭ᠂ ᠲᠦᠮᠡᠲᠦ ᠵᠡᠷᠭᠡ 2 ᠨᠡᠶᠢᠬᠡᠮ ᠲᠤᠭᠤᠷᠢᠭ ᠲᠠᠢ᠃ ᠰᠠᠮᠠᠢ ᠰᠤᠮᠤ ᠪᠤᠯ ᠨᠢᠭᠡᠨ ᠮᠤᠩᠭᠤᠯ ᠦᠨᠳᠦᠰᠦᠲᠡᠨ  ᠢᠶᠠᠷ ᠭᠤᠤᠯᠯᠠᠭᠰᠠᠨ ᠬᠢᠯᠢ ᠶᠢᠨ ᠰᠤᠮᠤ᠂ ᠪᠦᠬᠦ ᠰᠤᠮᠤᠨ ᠳᠤ 907 ᠡᠷᠦᠬᠡ᠂ 4532 ᠬᠦᠮᠦᠨ ᠠᠮᠠ ᠲᠠᠢ ᠪᠠᠶᠢᠵᠤ ᠂ ᠡᠭᠦᠨ ᠳᠤ ᠮᠠᠯᠵᠢᠬᠤ ᠬᠦᠮᠦᠨ ᠠᠮᠠ 3378᠂ ᠪᠦᠬᠦ ᠰᠤᠮᠤᠨ ᠤ ᠬᠦᠮᠦᠨ ᠠᠮᠠ ᠶᠢᠨ 73% ᠶᠢ ᠡᠵᠡᠯᠡᠵᠦ ᠪᠠᠶᠢᠨ᠎ᠠ᠃ ᠪᠦᠬᠦ ᠰᠤᠮᠤᠨ ᠳᠤ ᠮᠤᠩᠭᠤᠯ ᠦᠨᠳᠦᠰᠦᠲᠡᠨ 3191᠂ ᠬᠢᠲᠠᠳ ᠦᠨᠳᠦᠰᠦᠲᠡᠨ 119 ᠬᠦᠮᠦᠨ ᠪᠠᠶᠢᠨ᠎ᠠ᠃ ᠰᠣᠮᠤᠨ ᠳᠤ ᠬᠠᠤᠯᠢ ᠴᠠᠭᠠᠵᠠ ᠶᠢᠨ ᠰᠠᠯᠪᠤᠷᠢ᠂ ᠭᠠᠵᠠᠷ ᠰᠢᠷᠣᠢ ᠡᠬᠢ ᠪᠠᠶᠠᠯᠢᠭ ᠤᠨ ᠰᠠᠯᠪᠤᠷᠢ᠂ ᠠᠷᠠᠳ  ᠤᠨ ᠶᠠᠪᠤᠳᠠᠯ ᠤᠨ ᠰᠠᠯᠪᠤᠷᠢ᠂ ᠮᠠᠯ ᠡᠮᠨᠡᠯᠭᠡ ᠶᠢᠨ ᠦᠷᠳᠡᠭᠡ᠂ ᠲᠠᠯ᠎ᠠ ᠨᠤᠳᠤᠭ ᠤᠨ ᠠᠮᠢ ᠠᠬᠤᠢ ᠶᠢ ᠬᠠᠮᠠᠭᠠᠯᠠᠬᠤ ᠶᠡᠷᠥᠩᠬᠡᠶᠢᠯᠡᠨ ᠬᠠᠤᠯᠢ ᠬᠡᠷᠡᠭᠵᠢᠬᠦᠯᠬᠦ ᠠᠩᠬᠢ᠂ ᠡᠳ᠋ ᠶᠢᠨ ᠵᠠᠰᠠᠭ ᠤᠨ ᠰᠠᠯᠪᠤᠷᠢ᠂ ᠬᠦᠮᠦᠨ ᠠᠮᠠ ᠬᠢᠬᠡᠳ ᠲᠦᠯᠦᠪᠯᠡᠭᠡᠳᠦ ᠦᠷᠡᠵᠢᠯ ᠤᠨ ᠦᠢᠯᠡᠴᠢᠯᠡᠭᠡᠨ ᠤ ᠦᠷᠳᠡᠭᠡ᠂ ᠰᠣᠶᠤᠯ ᠤᠨ ᠦᠷᠳᠡᠭᠡ ᠵᠡᠷᠭᠡ ᠦᠷᠳᠡᠭᠡ ᠰᠠᠯᠪᠤᠷᠢ ᠪᠠᠶᠢᠨ᠎ᠠ᠃ ᠰᠣᠮᠤᠨ ᠳᠤ ᠨᠡᠶᠢᠳᠡ 9 ᠨᠠᠮ ᠤᠨ ᠡᠬᠦᠷ᠂ 244 ᠨᠠᠮ ᠤᠨ ᠭᠡᠰᠢᠬᠦᠨ ᠪᠤᠢ᠃ ᠨᠠᠮ ᠤᠨ ᠭᠡᠰᠢᠬᠦᠨ ᠭᠤᠤᠯᠯᠠᠬᠤ ᠡᠷᠦᠬᠡ ᠨᠡᠶᠢᠳᠡ 27 ᠡᠷᠦᠬᠡ᠂ ᠡᠬᠦᠨ ᠳᠤ᠂ ᠠᠶᠢᠮᠠᠭ ᠤᠨ ᠲᠡᠰ ᠲᠠᠭᠤᠷᠢᠶᠠᠯ ᠡᠷᠦᠬᠡ 5 ᠡᠷᠦᠬᠡ᠂ ᠬᠤᠰᠢᠭᠤ ᠲᠡᠰ ᠤᠨ ᠲᠠᠭᠤᠷᠢᠶᠠᠯ ᠡᠷᠦᠬᠡ 8 ᠡᠷᠦᠬᠡ᠂ ᠰᠣᠮᠤᠨ ᠤ ᠲᠡᠰ ᠤᠨ ᠲᠠᠭᠤᠷᠢᠶᠠᠯ ᠡᠷᠦᠬᠡ 14 ᠡᠷᠦᠬᠡ ᠪᠠᠶᠢᠨ᠎ᠠ᠃ ᠡᠨᠡ ᠵᠢᠯ ᠤᠨ ᠵᠤᠨ ᠤ ᠤᠯᠠᠷᠢᠯ ᠤᠨ ᠮᠠᠯ  ᠠᠵᠦ ᠠᠬᠤᠢ ᠶᠢᠨ ᠨᠡᠶᠢᠳᠡᠮ ᠪᠠᠶᠢᠴᠠᠭᠠᠯᠳᠠ ᠳᠤ ᠮᠠᠯ ᠤᠨ ᠲᠤᠭ᠎ᠠ 43.7 ᠲᠦᠮᠡᠨ ᠲᠤᠯᠤᠭᠠᠢ ᠳᠤ ᠬᠦᠷᠴᠦ᠂ ᠬᠦᠮᠦᠨ ᠪᠦᠷᠢ ᠶᠢᠨ ᠲᠡᠭᠰᠢᠳᠭᠡᠭᠰᠡᠨ ᠴᠡᠪᠡᠷ ᠤᠷᠣᠯᠭ᠎ᠠ 1.6 ᠲᠦᠮᠡᠨ ᠲᠦᠬᠦᠷᠢᠭ ᠲᠤ ᠬᠦᠷᠪᠡ᠃ ᠣᠳᠣᠬᠠᠨ ᠳᠤ᠂ ᠸᠠᠭᠠᠷ ᠲᠤᠭᠤᠰᠬ᠎ᠠ ᠶᠢᠨ ᠪᠠᠶᠢᠰᠢᠩ 862 ᠡᠷᠦᠬᠡ᠂ ᠪᠠᠶᠢᠩᠭᠤ ᠶᠢᠨ ᠴᠠᠬᠢᠯᠭᠠᠨ ᠨᠡᠪᠳᠡᠷᠡᠭᠰᠡᠨ ᠨᠢ 73 ᠡᠷᠦᠬᠡ᠂ ᠨᠠᠷᠠ ᠰᠠᠯᠬᠢᠨ ᠤ ᠡᠨᠧᠷᠬᠢ ᠶᠢᠨ ᠲᠦᠬᠦᠬᠡᠷᠦᠮᠵᠢ ᠣᠭᠰᠠᠷᠠᠭᠰᠠᠨ ᠨᠢ 769 ᠡᠷᠦᠬᠡ᠂ ᠮᠠᠰᠢᠨ ᠬᠤᠳᠳᠤᠭ 429 ᠰᠠᠭᠤᠷᠢ᠂ ᠨᠠᠰᠣᠵᠢᠯ ᠤᠨ ᠲᠠᠭᠠᠳᠬᠠᠯ ᠳᠤ ᠣᠷᠣᠯᠴᠠᠵᠦ ᠪᠠᠶᠢᠭ᠎ᠠ ᠬᠦᠮᠦᠨ 1489 ᠬᠦᠮᠦᠨ᠂ ᠬᠤᠷᠰᠢᠭᠰᠠᠨ ᠡᠮ ᠡᠮᠨᠡᠯᠭᠡ ᠶᠢᠨ ᠲᠠᠭᠠᠳᠬᠠᠯ ᠳᠤ ᠣᠷᠤᠯᠴᠠᠵᠦ ᠪᠠᠶᠢᠭ᠎ᠠ ᠬᠦᠮᠦᠨ ᠤ ᠲᠤᠭ᠎ᠠ 3646 ᠬᠦᠮᠦᠨ᠂ ᠲᠧᠯᠸᠢᠰ ᠭᠠᠷ ᠣᠳᠠᠰᠣᠨ ᠤ ᠲᠤᠬᠢᠶ᠎ᠠ ᠲᠡᠮᠳᠡᠭ ᠪᠦᠬᠦᠨ ᠢᠶᠠᠷ  ᠢᠶᠠᠨ ᠪᠦᠷᠬᠦᠪᠡ᠃ ᠤᠷᠢᠳ ᠬᠤᠵᠢᠳ《ᠪᠦᠬᠦ ᠤᠯᠤᠰ ᠤᠨ ᠲᠡᠷᠢᠭᠦᠨ ᠤ ᠦᠨᠳᠦᠰᠦᠨ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ》᠂《 ᠪᠦᠬᠦ ᠤᠯᠤᠰ ᠤᠨ ᠵᠠᠭᠤᠨ ᠤᠳᠤᠨ ᠰᠤᠮᠤ ᠪᠠᠯᠭᠠᠰᠤᠨ ᠤ ᠨᠢᠭᠡ》᠂《 ᠠᠶᠢᠮᠠᠭ  ᠤᠨ ᠲᠡᠰ ᠤᠨ ᠦᠨᠳᠦᠰᠦᠲᠡᠨ ᠤ ᠪᠦᠯᠬᠦᠮᠳᠡᠯ ᠤᠨ ᠲᠡᠷᠢᠭᠦᠨ ᠤ ᠨᠢᠭᠡᠴᠡ》᠂《 ᠠᠶᠢᠮᠠᠭ ᠤᠨ ᠲᠡᠰ ᠤᠨ ᠡᠷᠡᠭᠦᠯ ᠬᠠᠮᠠᠭᠠᠯᠠᠯ ᠤᠨ ᠬᠤᠲᠠ ᠪᠠᠯᠭᠠᠰᠤ》 ᠵᠡᠷᠭᠡ ᠢᠷᠠᠭᠤ ᠠᠯᠳᠠᠷ ᠢ ᠬᠦᠷᠲᠡᠪᠡ᠃      ᠰᠤᠮᠤᠨ ᠤ ᠬᠠᠷᠢᠶ᠎ᠠ ᠲᠤᠭᠤᠷᠢᠭ ᠲᠤ ᠲᠤᠮᠳᠠᠳᠤ ᠤᠯᠤᠰ ᠤᠨ ᠴᠢᠯᠠᠭᠤᠨ ᠲᠤᠰᠤᠨ ᠤ ᠪᠦᠯᠦᠭᠯᠡᠯ ᠤᠨ ᠠᠷᠤ ᠲᠠᠯ᠎ᠠ ᠴᠢᠯᠠᠭᠤᠨ ᠲᠤᠰᠤᠨ ᠠᠭᠤᠷᠬᠠᠢ᠂ ᠲᠢᠶᠠᠨ ᠾᠧ ᠮᠦᠩᠭᠦᠨ ᠤ ᠠᠭᠤᠷᠬᠠᠢ᠂ ᠸᠤᠯᠹᠷᠤᠮ ᠤᠨ ᠠᠭᠤᠷᠬᠠᠢ᠂ ᠰᠢᠯᠢ ᠶᠢᠨ ᠭᠤᠤᠯ ᠠᠶᠢᠮᠠᠭ ᠤᠨ ᠶᠢᠨ ᠽᠠᠩ ᠠᠭᠤᠷᠬᠠᠢ ᠵᠡᠷᠭᠡ ᠠᠭᠤᠷᠬᠠᠢ ᠶᠢᠨ ᠠᠵᠤ ᠠᠬᠤᠶᠢᠯᠠᠯ ᠪᠠᠶᠢᠨ᠎ᠠ᠃, ᠰᠠᠮᠠᠢ ᠰᠣᠮᠤ ᠪᠤᠯ ᠵᠡᠬᠦᠨ ᠦᠵᠦᠮᠦᠴᠢᠨ ᠬᠤᠰᠢᠭᠤᠨ ᠤ ᠦᠵᠦᠮᠦᠴᠢᠨ ᠬᠤᠨᠢ ᠶᠢ ᠪᠤᠶᠢᠵᠢᠭᠤᠯᠤᠨ ᠵᠢᠴᠢ ᠭᠠᠳᠠᠭᠠᠳᠣ  ᠳᠤ ᠭᠠᠷᠭᠠᠬᠤ ᠰᠠᠭᠤᠷᠢᠨ ᠭᠠᠵᠠᠷ᠂ ᠣᠬᠢ ᠰᠠᠶᠢᠨ ᠪᠠᠶᠢᠭᠠᠯᠯᠢᠭ ᠡᠪᠡᠰᠦᠨ ᠤ ᠦᠢᠯᠡᠰ ᠤᠨ ᠰᠠᠭᠤᠷᠢᠨ ᠭᠠᠵᠠᠷ᠂ ᠮᠤᠩᠭᠤᠯ ᠮᠤᠷᠢᠨ ᠤ ᠠᠵᠦ ᠦᠢᠯᠡᠰ ᠤᠨ ᠬᠦᠭᠵᠢᠯᠳᠡ ᠶᠢᠨ ᠰᠠᠭᠤᠷᠢᠨ ᠭᠠᠵᠠᠷ ᠪᠤᠯᠤᠨ᠎ᠠ᠃ ᠮᠦᠨ ᠴᠦ ᠤᠬᠢ ᠰᠠᠶᠢᠨ ᠪᠠᠶᠢᠭᠠᠯᠯᠢᠭ ᠲᠠᠯ᠎ᠠ ᠨᠤᠳᠤᠭ ᠲᠡᠭᠡᠷ᠎ᠡ 800 ᠭᠠᠷᠣᠢ ᠣᠷᠭᠤᠮᠠᠯ ᠤᠨ ᠲᠦᠷᠦᠯ ᠵᠦᠢᠯ ᠪᠠ 10 ᠭᠠᠷᠣᠢ ᠬᠤᠪᠤᠷ ᠨᠠᠨᠳᠢᠨ ᠵᠡᠷᠯᠢᠭ ᠠᠮᠢᠳᠠᠨ ᠪᠠᠶᠢᠨ᠎ᠠ᠃ ᠡᠬᠦᠨ ᠳᠤ᠂ ᠨᠡᠷᠡᠳᠦ ᠡᠮ ᠤᠨ ᠮᠠᠲ᠋ᠧᠷᠢᠶᠠᠯ ᠤᠨ ᠣᠷᠭᠤᠮᠠᠯ ᠠᠴᠠ ᠣᠷᠬᠤᠳᠠᠢ᠂ ᠴᠠᠨ᠎ᠠ ᠴᠡᠴᠡᠭ᠂ ᠰᠢᠬᠢᠷ ᠡᠪᠡᠰᠦ᠂ ᠱᠦᠬᠦᠷᠭᠡᠨ᠎ᠡ ᠵᠡᠷᠭᠡ ᠪᠤᠢ᠂ ᠪᠠᠰᠠ ᠴᠠᠭᠠᠨ ᠮᠦᠬᠦ᠂ ᠠᠯᠳᠠᠨ ᠴᠦᠬᠦᠴᠡ ᠵᠡᠷᠭᠡ ᠪᠠᠶᠢᠭᠠᠯᠯᠢᠭ ᠮᠦᠬᠦ ᠪᠺᠲ᠋ᠧᠷᠢ ᠶᠢᠨ ᠵᠦᠢᠯ ᠤᠨ ᠣᠷᠭᠤᠮᠠᠯ ᠪᠠᠶᠢᠨ᠎ᠠ᠃ ᠵᠡᠷᠯᠢᠭ ᠠᠮᠢᠳᠠᠨ ᠤ ᠡᠬᠢ ᠪᠠᠶᠠᠯᠢᠭ ᠳᠤ᠂ ᠦᠨᠡᠭᠡ᠂ ᠵᠡᠭᠡᠷ᠎ᠡ᠂ ᠱᠠᠬᠠᠷ᠂ ᠲᠠᠷᠪᠤᠭ᠎ᠠ᠂ ᠲᠠᠤᠯᠠᠢ᠂ ᠴᠢᠨ᠋ᠸ᠎ᠠ᠂ ᠬᠠᠯᠢᠭᠤᠨ ᠭᠠᠯᠠᠭᠤ᠂ ᠬᠤᠨ ᠭᠠᠯᠠᠭᠤ᠂ ᠬᠡᠬᠡᠷ᠎ᠡ ᠶᠢᠨ ᠨᠤᠭᠤᠰᠣ᠂ ᠴᠡᠭᠴᠡᠥᠬᠡᠢ ᠵᠡᠷᠭᠡ ᠵᠢᠬᠦᠷᠳᠡᠨ ᠠᠷᠢᠶᠠᠳᠠᠨ ᠪᠠᠶᠢᠨ᠎ᠠ᠃ ᠬᠢᠯᠢ ᠶᠢᠨ ᠲᠣᠳᠣᠷ᠎ᠠ᠂ ᠭᠠᠵᠠᠷ ᠲᠤᠤᠷᠠᠬᠢ ᠡᠬᠢ ᠰᠣᠷᠪᠤᠯᠵᠢ ᠪᠠᠶᠠᠯᠢᠭ᠂ ᠸᠤᠯᠹᠷᠤᠮ ᠤᠨ ᠠᠭᠤᠷᠬᠠᠢ᠂ ᠰᠢᠷ᠎ᠠ ᠠᠯᠳᠠ᠂ ᠴᠠᠭᠠᠨ ᠮᠦᠩᠬᠦ᠂ ᠴᠢᠯᠠᠭᠤᠨ ᠲᠤᠰᠣ᠂ ᠪᠠᠶᠢᠭᠠᠯᠢ ᠶᠢᠨ ᠰᠢᠳᠠᠮᠠᠬᠠᠢ ᠭᠡᠢ ᠵᠡᠷᠭᠡ ᠠᠭᠤᠷᠬᠠᠢ ᠶᠢᠨ ᠡᠬᠢ ᠪᠠᠶᠠᠯᠢᠭ ᠪᠠᠶᠢᠵᠦ᠂ ᠣᠳᠣᠬᠠᠨ  ᠳᠤ᠂ ᠶᠡᠭᠡ ᠬᠡᠮᠵᠢᠶ᠎ᠡ ᠪᠠᠷ ᠦᠢᠯᠡᠳᠪᠦᠷᠢᠯᠡᠯ ᠳᠤ ᠣᠷᠤᠯᠴᠠᠵᠦ ᠪᠠᠶᠢᠭ᠎ᠠ ᠠᠭᠤᠷᠬᠠᠢ ᠪᠤᠯ ᠸᠤᠯᠹᠷᠤᠮ ᠤᠨ ᠠᠭᠤᠷᠬᠠᠢ ᠪᠠ ᠮᠦᠩᠬᠦᠨ ᠤ ᠠᠭᠤᠷᠬᠠᠢ ᠪᠤᠯᠤᠨ᠎ᠠ᠃      ᠰᠠᠮᠠᠢ ᠰᠣᠮᠤ ᠪᠤᠯ ᠮᠤᠩᠭᠤᠯ ᠪᠦᠬᠡ ᠶᠢᠨ ᠦᠯᠦᠬᠡᠢ᠂ ᠣᠷᠳᠣ ᠶᠢᠨ ᠲᠠᠭᠤᠤ ᠶᠢᠨ ᠨᠤᠳᠤᠭ᠂ ᠦᠵᠦᠮᠦᠴᠢᠨ ᠬᠤᠨᠢᠨ ᠤ ᠭᠠᠷᠣᠯᠳᠠ ᠶᠢᠨ ᠣᠷᠤᠨ ᠵᠡᠷᠭᠡ ᠨᠡᠷᠡᠳᠡᠢ ᠪᠠᠶᠢᠳᠠᠭ᠂ ᠮᠦᠨ ᠴᠦ ᠡᠷᠳᠡᠮᠳᠡᠨ ᠴᠢᠳᠠᠪᠤᠷᠢᠳᠠᠨ ᠬᠤᠷᠠᠨ ᠴᠣᠭᠯᠠᠷᠠᠭᠰᠠᠨ ᠬᠢᠯᠢ ᠶᠢᠨ ᠰᠣᠮᠤ ᠪᠠᠶᠢᠵᠦ᠂ ᠨᠡᠷᠡᠳᠦ ᠮᠤᠩᠭᠤᠯ ᠡᠮᠴᠢ ᠰᠧᠮ᠎ᠠ᠂ ᠣᠯᠣᠰ ᠤᠨ《5.1》ᠬᠦᠳᠡᠯᠮᠦᠷᠢ ᠶᠢᠨ ᠵᠢᠱᠢᠶᠡᠴᠢ ᠢᠳᠡᠮ᠂ ᠠᠮᠢ ᠠᠬᠤᠢ ᠶᠢ ᠬᠠᠮᠠᠭᠠᠯᠠᠬᠤ ᠲᠡᠷᠢᠬᠦᠨ ᠤ ᠬᠤᠪᠢ ᠬᠦᠮᠦᠨ ᠪᠤᠯᠬᠤ ᠡᠩᠭᠡ ᠵᠢᠴᠢ ᠣᠷᠤᠨ ᠤ ᠲᠡᠰ ᠤᠨ ᠪᠤᠳᠠᠰ ᠤᠨ ᠪᠤᠰᠣ ᠰᠣᠶᠤᠯ ᠤᠨ ᠦᠪᠯᠡᠭᠴᠢᠳ ᠯᠢᠩᠬᠤᠸ᠎ᠠ᠂ ᠲᠤᠭᠳᠠᠬᠤ᠂ ᠭᠠ᠊ ᠲᠠᠮᠷᠢᠨ᠂ ᠲᠡᠯᠭᠡᠷ᠂ ᠲᠡᠮᠪᠡᠷᠢᠯ᠂ ᠠ᠊ ᠦᠯᠵᠡᠢ ᠵᠡᠷᠭᠡ ᠨᠡᠷ᠎ᠡ ᠠᠯᠳᠠᠷᠳᠣ ᠬᠦᠮᠦᠰ ᠪᠠᠶᠢᠨ᠎ᠠ᠃      ᠰᠠᠮᠠᠢ ᠰᠣᠮᠤ ᠨᠢ ᠦᠪᠡᠷᠮᠢᠴᠡ ᠤᠨᠴᠠᠯᠢᠭ ᠲᠠᠢ ᠵᠤᠭᠠᠴᠠᠯ ᠤᠨ ᠡᠬᠢ ᠰᠣᠷᠪᠤᠯᠵᠢ ᠲᠠᠢ᠂ ᠦᠨᠳᠦᠰᠦᠳᠡᠨ ᠤ ᠣᠨᠴᠠᠯᠢᠭ ᠪᠠ ᠪᠠᠶᠢᠭᠠᠯᠢ ᠶᠢᠨ ᠦᠵᠡᠮᠵᠢ ᠢᠶᠠᠷ ᠬᠤᠯᠠ ᠣᠶᠢᠷ᠎ᠠ ᠳᠤ ᠨᠡᠷ᠎ᠡ ᠠᠯᠳᠠᠷᠰᠢᠪᠠ᠃ ᠲᠦᠮᠡᠳᠦ ᠴᠢᠯᠠᠭᠤᠨ ᠬᠦᠮᠦᠨ᠂ ᠯᠠᠮᠠ ᠬᠠᠳᠠᠨ ᠤ ᠱᠣᠭᠤᠮᠠᠯ ᠬᠦᠷᠦᠭ᠂ ᠪᠠᠶᠠᠨᠬᠤᠭᠤᠯᠠᠢ ᠶᠢᠨ ᠠᠷᠪᠠᠨ ᠭᠤᠷᠪᠠᠨ ᠣᠪᠤᠭ᠎ᠠ᠂ ᠬᠦᠭᠡᠷᠴᠡᠭ ᠡᠯᠡᠰᠦ᠂ ᠲᠤᠰᠣᠨ ᠨᠠᠭᠤᠷ᠂ ᠪᠠᠶᠠᠨ ᠠᠭᠤᠯᠠ᠂ ᠲᠠᠷᠭᠤᠨ ᠤᠪᠤᠭ᠎ᠠ᠂ ᠪᠠᠶᠠᠨ ᠤᠪᠤᠭ᠎ᠠ᠂ ᠵᠡᠷᠭᠡ ᠪᠠᠶᠢᠭᠠᠯᠢ ᠶᠢᠨ ᠦᠵᠡᠮᠵᠢ ᠲᠠᠢ ᠪᠠᠶᠢᠳᠠᠭ᠃ ᠣᠶᠢᠷ᠎ᠠ ᠶᠢᠨ ᠵᠢᠯ ᠳᠤ᠂ ᠮᠠᠨ ᠤ ᠰᠣᠮᠤ ᠶᠡᠭᠡ ᠬᠦᠴᠦᠨ ᠢᠶᠠᠷ ᠦᠨᠳᠦᠰᠦᠳᠡᠨ ᠤ ᠣᠨᠴᠠᠯᠢᠭ ᠲᠠᠢ ᠵᠤᠭᠠᠴᠠᠯ ᠤᠨ ᠦᠢᠯᠡᠰ ᠢ ᠬᠦᠭᠵᠢᠬᠦᠯᠵᠦ᠂ ᠤᠯᠢᠶᠠᠰᠣᠳᠠᠢ — ᠬᠦᠢᠯᠡᠰᠦᠳᠡᠢ —  ᠨᠠᠷᠢᠨ ᠭᠤᠤᠯ — ᠪᠤᠭᠳᠠ ᠠᠭᠤᠯᠠ — ᠷᠠᠰᠢᠶᠠᠨ ᠬᠤᠳᠠ ᠶᠢᠨ ᠵᠤᠭᠠᠴᠠᠯ ᠤᠨ ᠱᠤᠭᠤᠮ ᠢ ᠬᠦᠢᠴᠡᠳ ᠠᠰᠢᠭᠯᠠᠵᠦ᠂ ᠮᠠᠨ ᠤ ᠰᠣᠮᠤᠨ ᠤ ᠵᠤᠭᠠᠴᠠᠯ ᠤᠨ ᠰᠣᠶᠤᠯ ᠢ ᠲᠠᠰᠣᠷᠠᠯᠳᠠ ᠦᠬᠡᠢ ᠲᠡᠭᠡᠭᠰᠢᠯᠡᠬᠦᠯᠵᠦ᠂ ᠦᠢᠯᠡᠴᠢᠯᠡᠭᠡᠨ ᠤ ᠬᠢᠷᠢ ᠲᠦᠪᠰᠢᠨ  ᠢᠶᠠᠨ ᠰᠠᠶᠢᠵᠢᠷᠠᠭᠤᠯᠤᠨ᠂ ᠨᠡᠩ ᠤᠯᠠᠨ ᠵᠤᠭᠠᠴᠠᠭᠴᠢ ᠶᠢ ᠲᠠᠳᠠᠵᠦ᠂ ᠭᠠᠵᠠᠷ ᠣᠷᠤᠨ ᠤ ᠠᠵᠦ ᠠᠬᠤᠢ ᠶᠢᠨ ᠣᠷᠤᠯᠭ᠎ᠠ ᠪᠠᠨ ᠨᠡᠮᠡᠭᠳᠡᠬᠦᠯᠬᠦ ᠪᠠᠷ ᠴᠢᠷᠮᠠᠶᠢᠵᠦ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号