ᠬᠦᠷᠢᠶᠡᠳᠦᠨᠠᠭᠤᠷ ᠰᠤᠮᠤ
ᠨᠡᠶᠢᠲᠡᠯᠡᠭᠰᠡᠨ ᠴᠠᠭ᠄
2017/5/22
     ᠬᠦᠷᠢᠶᠡᠲᠦᠨᠠᠭᠤᠷ ᠰᠣᠮᠣ ᠨᠢ 2006 ᠤᠨ ᠳᠤ ᠤᠤᠯ ᠤᠨ ᠬᠦᠷᠢᠶᠡᠲᠤᠨᠠᠭᠤᠷ ᠰᠤᠮᠤ ᠪᠠ ᠤᠩᠭᠤᠨ ᠰᠤᠮᠤ  ᠢ ᠨᠡᠶᠢᠯᠡᠭᠦᠯᠦᠨ ᠪᠠᠶᠢᠭᠤᠯᠵᠤ᠂ ᠬᠤᠰᠢᠭᠤᠨ ᠤ ᠵᠡᠭᠦᠨ ᠡᠮᠦᠨ᠎ᠡ ᠬᠡᠰᠡᠭ ᠢᠶᠠᠷ ᠪᠠᠶᠢᠷᠢᠯᠠᠵᠦ᠂ ᠬᠤᠰᠢᠭᠤᠨ ᠲᠦᠪ ᠣᠯᠢᠶᠠᠰᠦᠲᠠᠢ ᠪᠠᠯᠭᠠᠰᠤ ᠠᠴᠠ 185 ᠺᠢᠯᠣᠮᠧᠲᠷ ᠵᠠᠢ ᠲᠠᠢ ᠪᠠᠶᠢᠳᠠᠭ᠃ ᠵᠡᠭᠦᠨ ᠲᠠᠯ᠎ᠠ ᠪᠠᠷ ᠬᠢᠨᠭ᠍ᠭᠠᠨ ᠠᠶᠢᠮᠠᠭ ᠤᠨ ᠬᠤᠷᠴᠢᠨ ᠵᠡᠭᠦᠨ ᠭᠠᠷᠣᠨ ᠲᠣᠮᠳᠠᠳᠦ ᠬᠤᠰᠢᠭᠤ᠂ ᠲᠦᠡᠭᠯᠢᠶᠣᠣ ᠬᠤᠲᠠ ᠶᠢᠨ ᠬᠤᠣᠯᠢᠨ ᠭᠤᠣᠯ ᠬᠤᠲᠠ ᠪᠠ ᠵᠠᠷᠣᠳ ᠬᠤᠰᠢᠭᠤ ᠲᠠᠢ ᠬᠦᠷᠰᠢᠯᠡᠵᠦ᠂ ᠡᠮᠣᠨ᠎ᠡ ᠲᠠᠯ᠎ᠠ ᠪᠠᠷ ᠢᠶᠠᠨ ᠣᠯᠠᠭᠠᠨᠬᠠᠳᠠ ᠬᠤᠲᠠ ᠶᠢᠨ ᠠᠷᠣ ᠬᠤᠷᠴᠢᠨ ᠬᠤᠰᠢᠭᠤ ᠪᠠ ᠪᠠᠷᠠᠭᠤᠨ ᠦᠵᠦᠮᠦᠴᠢᠨ ᠬᠤᠰᠢᠭᠤ ᠲᠠᠢ ᠵᠠᠬ᠎ᠠ ᠨᠡᠶᠢᠯᠡᠵᠦ᠂  ᠪᠠᠷᠠᠭᠤᠨ ᠬᠡᠰᠡᠭ ᠢᠶᠠᠷ ᠢᠶᠠᠨ ᠣᠯᠢᠶᠠᠰᠣᠲᠠᠢ ᠪᠠᠯᠭᠠᠰᠣ ᠲᠠᠢ ᠵᠠᠯᠭᠠᠯᠳᠤᠵᠤ᠂ ᠬᠤᠶᠢᠨ᠎ᠠ ᠲᠠᠯ᠎ᠠ ᠪᠠᠷ ᠢᠶᠠᠨ ᠣᠯᠠᠭᠠᠢ ᠬᠠᠮᠢᠶᠠᠷᠣᠯᠲᠠ ᠶᠢᠨ ᠣᠷᠣᠨ ᠪᠠ ᠭᠠᠬᠢᠯ ᠰᠤᠮᠤ᠂ ᠲᠠᠭᠤᠲᠣᠨᠠᠭᠤᠷ ᠪᠠᠯᠭᠠᠰᠦ ᠲᠠᠢ ᠵᠠᠬ᠎ᠠ ᠨᠡᠶᠢᠯᠡᠵᠦ ᠪᠠᠶᠢᠳᠠᠭ᠃ ᠨᠣᠲᠤᠭ ᠳᠡᠪᠢᠰᠭᠡᠷ ᠤᠨ ᠶᠡᠷᠣᠩᠬᠡᠢ ᠲᠠᠯᠠᠪᠠᠢ ᠨᠢ 6383ᠲᠡᠭᠰᠢ ᠲᠦᠷᠪᠡᠯᠵᠢᠨ ᠺᠢᠯᠤᠮᠧᠲᠷ ᠪᠠᠶᠢᠵᠦ᠂ 10 ᠬᠠᠷᠢᠶ᠎ᠠ ᠭᠠᠴᠠᠭ᠎ᠠ᠂ 1 ᠨᠡᠶᠢᠭᠡᠮ ᠲᠣᠭᠤᠷᠢᠭ  ᠲᠠᠢ ᠴᠣᠯᠣ ᠮᠠᠯᠵᠢᠬᠤ ᠰᠣᠮᠣ ᠪᠣᠯᠣᠨ᠎ᠠ᠃ ᠰᠣᠮᠣᠨ ᠤ ᠪᠦᠬᠦ ᠬᠦᠮᠦᠨ ᠠᠮᠠ 6842 ᠪᠠᠶᠢᠵᠦ᠂ 1345 ᠮᠠᠯᠵᠢᠬᠤ ᠡᠷᠦᠬᠡ ᠲᠠᠢ᠂ 2016 ᠣᠨ ᠤ ᠮᠠᠯᠴᠢᠳ ᠤᠨ ᠬᠦᠮᠦᠨ ᠪᠦᠷᠢ ᠶᠢᠨ ᠲᠡᠭᠰᠢᠳᠬᠡᠭᠰᠡᠨ ᠴᠡᠪᠡᠷ ᠣᠷᠣᠯᠭ᠎ᠠ ᠨᠢ 9458 ᠲᠦᠭᠦᠷᠢᠭ ᠲᠤ ᠬᠦᠷᠴᠠᠢ᠃ ᠪᠦᠬᠦ ᠰᠣᠮᠣᠨ ᠳᠤ 282 ᠨᠠᠮ ᠤᠨ ᠭᠡᠰᠢᠭᠦᠨ ᠲᠠᠢ᠂ ᠡᠭᠦᠨ ᠳᠤ ᠮᠠᠯᠴᠢᠨ ᠨᠠᠮ ᠤᠨ ᠭᠡᠰᠢᠭᠦᠨ 228ᠨᠡᠷ᠎ᠡ᠂ ᠪᠠᠶᠢᠭᠤᠯᠣᠯᠭ᠎ᠠ ᠶᠢᠨ ᠨᠠᠮ ᠤᠨ ᠭᠡᠰᠢᠭᠦᠨ 42 ᠨᠡᠷ᠎ᠡ᠂ ᠲᠣᠭᠤᠷᠢᠭ ᠤᠨ ᠨᠠᠮ ᠤᠨ ᠭᠡᠰᠢᠭᠦᠨ 12 ᠨᠡᠷ᠎ᠡ ᠪᠠᠶᠢᠳᠠᠭ᠃      ᠮᠠᠨ ᠤ ᠰᠣᠮᠣ ᠨᠢ ᠮᠠᠯ ᠠᠵᠤ ᠠᠬᠤᠢ ᠶᠢᠨ ᠡᠬᠢ ᠪᠠᠶᠠᠯᠢᠭ᠂ ᠠᠭᠤᠷᠬᠠᠢ ᠶᠢᠨ ᠡᠬᠢ ᠪᠠᠶᠠᠯᠢᠭ ᠡᠯᠪᠡᠭ ᠪᠠᠶᠢᠵᠦ 2016 ᠣᠨ ᠤ ᠡᠪᠣᠯ ᠤᠨ ᠤᠯᠠᠷᠢᠯ ᠤᠨ ᠨᠡᠶᠢᠳᠡᠮ ᠪᠠᠶᠢᠴᠠᠭᠠᠯᠲᠠ ᠶᠢᠨ ᠮᠠᠯ ᠤᠨ ᠲᠤᠭ᠎ᠠ 27.6961 ᠲᠦᠮᠡᠨ ᠲᠣᠯᠣᠭᠠᠢ ᠳᠤ ᠬᠦᠷᠴᠦ᠂ ᠡᠬᠦᠨ ᠳᠤ ᠪᠣᠳᠠ ᠮᠠᠯ 1.3603 ᠲᠦᠮᠡᠨ ᠲᠣᠯᠣᠭᠠᠢ᠂ ᠪᠣᠭ ᠮᠠᠯ 26.3358 ᠲᠦᠮᠡᠨ ᠲᠣᠯᠣᠭᠠᠢ ᠪᠠᠶᠢᠵᠦ᠂ ᠦᠵᠦᠮᠦᠴᠢᠨ ᠬᠤᠨᠢ ᠪᠠ ᠪᠠᠶᠢᠭᠠᠯᠢᠯᠢᠭ ᠡᠪᠡᠰᠦ ᠪᠡᠯᠴᠢᠭᠡᠷ ᠤᠨ ᠭᠤᠣᠯ ᠰᠠᠭᠤᠷᠢᠨ ᠭᠠᠵᠠᠷ ᠪᠣᠯᠣᠨ᠎ᠠ᠃ ᠤᠳᠤ ᠨᠢᠭᠡᠨᠲᠡ ᠬᠠᠶᠢᠨ ᠲᠤᠳᠤᠯᠠᠭᠰᠠᠨ ᠭᠤᠤᠯ ᠠᠭᠤᠷᠬᠠᠢ ᠶᠢᠨ ᠭᠠᠷᠤᠯᠲᠠ ᠳᠤ ᠨᠡᠭᠦᠷᠡᠰᠦ᠂ ᠴᠢᠯᠠᠭᠤᠨ ᠲᠤᠰᠤ᠂ ᠲᠡᠮᠤᠷ ᠵᠡᠷᠭᠡ ᠪᠠᠶᠢᠵᠤ᠂ ᠨᠡᠭᠡᠬᠡᠨ ᠬᠦᠭᠵᠢᠭᠦᠯᠬᠦ ᠡᠬᠢ ᠪᠠᠶᠠᠯᠢᠭ ᠡᠯᠪᠡᠭ ᠲᠡᠯᠪᠡᠭ ᠪᠠᠶᠢᠳᠠᠭ᠃ ᠤᠳᠤ ᠪᠤᠯᠲᠠᠯ᠎ᠠ᠂ ᠪᠦᠬᠦ ᠰᠤᠮᠤᠨ ᠤ ᠬᠡᠪᠴᠢᠶᠠᠨ ᠳᠤ ᠠᠳᠤᠭᠤᠨ ᠦᠢᠯᠡᠰ᠂ ᠮᠠᠯᠵᠢᠬᠤ ᠦᠢᠯᠡᠰ᠂ ᠡᠪᠡᠰᠤᠨ ᠦᠢᠯᠡᠰ ᠦᠷ᠎ᠡ ᠶᠢᠨ ᠮᠠᠯ ᠪᠠᠷ ᠭᠤᠤᠯ ᠪᠤᠯᠭᠠᠭᠰᠠᠨ ᠮᠠᠯᠴᠢᠳ ᠤᠨ ᠲᠤᠰᠬᠠᠢ ᠬᠤᠷᠰᠢᠶᠠᠵᠢᠯ ᠨᠡᠶᠢᠲᠡ 42 ᠪᠠᠶᠢᠵᠤ᠂306 ᠭᠡᠰᠢᠬᠦᠨ ᠡᠷᠤᠬᠡ ᠲᠠᠢ᠂ ᠳᠠᠩᠰᠠᠯᠠᠭᠰᠠᠨ ᠪᠡᠯᠡ ᠮᠦᠩᠭᠦ 6043 ᠲᠦᠮᠡᠨ ᠲᠦᠭᠦᠷᠢᠭ ᠲᠤ ᠬᠦᠷᠴᠠᠢ᠃
 
ᠢᠷᠡᠯᠲᠡ᠄ ᠬᠦᠷᠢᠶᠡᠳᠦᠨᠠᠭᠤᠷ ᠰᠤᠮᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号