ᠠᠪᠣᠷᠭᠤ ᠪᠠᠳᠤᠰᠦ᠋ᠬᠡ
ᠨᠡᠶᠢᠲᠡᠯᠡᠭᠰᠡᠨ ᠴᠠᠭ᠄
2017/6/26
     ᠭᠢᠳᠠᠳ ᠪᠥᠬᠡ ᠶᠢᠨ ᠣᠯᠣᠰ ᠤᠨ ᠠᠪᠣᠷᠭᠤ  ᠪᠠᠳᠤᠰᠦ᠋ᠬᠡ᠂ ᠵᠡᠭᠦᠨ ᠦᠵᠦᠮᠦᠴᠢᠨ ᠬᠤᠰᠢᠭᠤᠨ ᠤ ᠡᠵᠢ ᠨᠠᠭᠤᠷ ᠢᠶᠠᠷ ᠨᠣᠲᠤᠭ ᠲᠠᠢ᠃ ᠣᠳᠣ ᠵᠡᠭᠦᠨ ᠦᠵᠦᠮᠦᠴᠢᠨ  ᠬᠤᠰᠢᠭᠤᠨ ᠤ ᠪᠡᠶ᠎ᠡ ᠲᠠᠮᠢᠷ ᠤᠨ ᠠᠩᠭᠢ ᠳᠤ ᠰᠣᠷᠭᠠᠭᠴᠢ ᠪᠠᠷ ᠠᠵᠢᠯᠯᠠᠵᠦ ᠪᠣᠢ᠃      1994ᠣᠨ ᠳᠤ ᠱᠠᠨᠰᠢ ᠮᠣᠵᠢ ᠶᠢᠨ ᠰᠢᠨᠵᠸᠣ ᠬᠤᠲᠠ ᠳᠤ ᠪᠣᠯᠣᠭᠰᠠᠨ ᠳᠣᠮᠳᠠᠳᠦ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠣᠷᠣᠯᠳᠣᠭᠠᠨ ᠤ 90 ᠺᠢᠯᠣᠭ᠍ᠷᠠᠮ ᠤᠨ ᠲᠡᠰ ᠲᠤ ᠲᠡᠷᠢᠭᠦᠯᠡᠵᠦ ᠠᠯᠲᠠᠨ ᠮᠧᠲᠠᠯ ᠵᠶ᠋ᠠᠨ‌‍ᠲ᠋ᠤᠰᠴᠦ  ᠬᠢᠳᠠᠳ ᠪᠦᠭᠡ ᠪᠠᠷ ᠣᠯᠣᠰ ᠤᠨ ᠠᠪᠤᠷᠭᠤ ᠴᠣᠯᠠ ᠬᠠᠮᠠᠭᠠᠯᠠᠵᠠᠢ᠃      1996 ᠣᠨ ᠳᠤ᠂ ᠮᠦᠭᠳᠡᠨ ᠬᠤᠲᠠᠨ ᠳᠤ ᠶᠠᠪᠣᠭᠳᠠᠭᠰᠠᠨ ᠪᠦᠬᠦ ᠣᠯᠣᠰ ᠤᠨ ᠳᠣᠮᠳᠠᠳᠦ ᠮᠠᠶ᠋ᠢᠭ ᠤᠨ ᠪᠦᠬᠡ ᠶᠢᠨ ᠠᠪᠣᠷᠭᠤ ᠰᠢᠯᠭᠠᠷᠠᠭᠤᠯᠬᠤ ᠲᠡᠮᠡᠴᠡᠭᠡᠨ ᠳᠤ ᠠᠯᠲᠠᠨ ᠮᠧᠳᠠᠯ ᠭᠠᠷᠳᠠᠪᠠ᠃ ᠲᠣᠰ ᠵᠢᠯ ᠤᠨ12 ᠰᠠᠷ᠎ᠠ ᠳᠤ ᠣᠯᠣᠰ ᠢᠶᠠᠨ ᠲᠣᠯᠣᠭᠡᠯᠡᠨ ᠹᠷᠠᠨᠼᠢ ᠶᠢᠨ ᠫᠠᠷᠢᠰ ᠬᠤᠲᠠ ᠳᠤ ᠶᠠᠪᠣᠭᠳᠠᠭᠰᠠᠨ ᠣᠯᠠᠨ ᠣᠯᠣᠰ ᠤᠨ ᠣᠷᠢᠯᠭ᠎ᠠ ᠶᠢᠨ ᠣᠷᠣᠯᠳᠣᠭᠠᠨ ᠳᠤ 90 ᠺᠢᠯᠣᠭ᠍ᠷᠠᠮ ᠤᠨ ᠲᠡᠰ ᠲᠤ ᠪᠠᠷᠢᠯᠳᠣᠵᠦ ᠠᠯᠲᠠᠨ ᠮᠧᠳᠠᠯ ᠬᠦᠷᠲᠡᠪᠡ᠃      1997 ᠣᠨ ᠤ ᠰᠦᠨᠢᠳ ᠪᠠᠷᠠᠭᠤᠨ ᠬᠤᠰᠢᠭᠤᠨ ᠤ ᠠᠷᠠᠳ ᠤᠨ ᠶᠡᠭᠡ ᠨᠠᠶᠢᠷ ᠤᠨ  ︵512  ︶  ᠪᠥᠬᠡ ᠎ ᠳᠤ  ᠠᠪᠤᠷᠭᠤ ᠬᠤᠪᠢᠰᠬᠠᠯᠳᠣ᠂ ᠠᠪᠤᠷᠭᠤ ᠢ᠊ ᠰᠣᠶᠣᠯ᠂ ᠠᠪᠤᠷᠭᠤ ᠲᠡᠮᠦᠷ ᠵᠡᠷᠭᠡ  ᠦᠪᠦᠷ ᠮᠤᠩᠭᠤᠯ ᠤᠨ ᠰᠢᠯᠢᠳᠡᠭ ᠪᠥᠬᠡᠴᠣᠳ ᠢᠶᠠᠷ ᠶᠢᠰᠦ ᠲᠠᠪᠠᠵᠦ ᠲᠡᠷᠢᠭᠦᠯᠡᠭᠡᠳ᠂ ᠮᠦᠩᠭᠦᠨ ᠪᠣᠶᠢᠯᠡ ᠲᠠᠢ ᠴᠠᠭᠠᠨ ᠲᠡᠮᠡᠭᠡ ᠬᠦᠲᠣᠯᠵᠦ᠂  ᠶᠢᠰᠦ ᠶᠢᠰᠦ  ᠨᠠᠶᠠᠨ ᠨᠢᠭᠡ ᠶᠢᠨ ᠱᠠᠩ ᠬᠦᠷᠲᠡᠵᠢ᠃      ᠠᠪᠤᠷᠭᠤ ᠪᠠᠳᠤᠰᠦ᠋ᠬᠡ ᠮᠠᠨᠢ 2006 ᠣᠨ ᠳᠤ ᠪᠣᠯᠣᠭᠰᠠᠨ ᠵᠡᠭᠦᠨ ᠦᠵᠦᠮᠦᠴᠢᠨ ᠬᠤᠰᠢᠭᠤᠨ ᠤ ᠬᠤᠰᠢᠭᠤ ᠪᠠᠶᠢᠭᠤᠯᠤᠭᠳᠠᠭᠰᠠᠨ ᠵᠢᠷᠠᠨ ᠵᠢᠯ ᠤᠨ ᠣᠢ ᠶᠢ ᠪᠡᠯᠭᠡᠯᠡᠬᠦ ᠠᠷᠠᠳ ᠤᠨ ᠶᠡᠭᠡ ᠨᠠᠶᠢᠷ ᠤᠨ 1024  ᠪᠥᠬᠡ ᠳᠤ  ᠠᠪᠤᠷᠭᠤ ᠪᠠᠶᠠᠷᠪᠠᠭᠠᠳᠤᠷ᠂ ᠰᠠᠶᠢᠨᠪᠠᠶᠠᠷ᠂ ᠠᠷᠤ ᠬᠤᠷᠴᠢᠨ ᠤ ᠣᠳᠬᠤᠨᠪᠠᠭᠠᠳᠤᠷ ᠨᠠᠷ ᠢᠶᠠᠷ ᠠᠷᠪᠠ ᠲᠠᠪᠠᠵᠦ ᠲᠡᠷᠢᠭᠦᠯᠠᠵᠠᠢ᠃      2004 ᠣᠨ ᠳᠤ ᠪᠣᠯᠤᠭᠰᠠᠨ ᠪᠠᠷᠠᠭᠤᠨ ᠦᠵᠦᠮᠦᠴᠢᠨ ᠬᠤᠰᠢᠭᠤᠨ ᠤ ᠭᠢᠨᠢᠰ ᠤᠨ ᠶᠡᠭᠡ ᠨᠠᠶᠢᠷ ᠤᠨ ︽2048︾ ᠪᠥᠬᠡ ᠳᠤ ᠠᠪᠠᠭ᠎ᠠ ᠶᠢᠨ  ᠴᠢᠲᠠᠷᠪᠠᠯ᠂ ᠠᠷᠤ ᠬᠤᠷᠴᠢᠨ ᠤ ᠣᠳᠬᠤᠨᠪᠠᠭᠠᠳᠤᠷ᠂  ᠰᠢᠯᠣᠭᠤᠨ ᠬᠥᠬᠡ ᠎ ᠶᠢᠨ ᠠᠪᠤᠷᠭᠤ ᠥᠯᠵᠡᠢ᠂ ᠪᠠᠷᠠᠭᠤᠨ ᠪᠠᠭᠠᠷᠢᠨ ᠤ ᠮᠥᠩᠬᠡᠪᠠᠶᠠᠷ᠂ ᠠᠷᠤ ᠬᠤᠷᠴᠢᠨ ᠤ  ᠰᠡᠴᠡᠨᠪᠠᠭᠠᠳᠤᠷ ᠵᠡᠷᠭᠡ ᠰᠢᠯᠢᠳᠡᠭ ᠪᠥᠬᠡᠴᠣᠳ ᠢ ᠠᠩᠬ᠎ᠠ ᠳᠠᠩ ᠠᠴᠠ ᠴᠣᠪᠣᠭᠤᠯᠵᠦ᠂ 32  ᠎ ᠶᠢᠨ ᠳᠠᠪᠠᠭᠠᠨ ᠳᠤ ᠪᠠᠷᠠᠭᠤᠨ ᠦᠵᠦᠮᠦᠴᠢᠨ ᠤ ᠨᠠᠰᠣᠨᠵᠢᠷᠭᠠᠯ ᠢ ᠬᠦᠯᠳᠡᠭᠰᠡᠨ ᠭᠡᠳᠡᠭ ᠰᠢᠯᠲᠠᠭ ᠢᠶᠠᠷ ᠬᠠᠰᠣᠭᠳᠠᠵᠣ᠂  ᠦᠪᠡᠷ ᠤᠨ ᠪᠡᠶ᠎ᠡ ᠪᠣᠯᠣᠨ ᠪᠥᠬᠡ ᠳᠤ ᠬᠠᠶᠢᠷᠠᠳᠠᠢ ᠠᠷᠠᠳ ᠲᠥᠮᠡᠨ ᠳᠤ ᠭᠦᠨ ᠬᠠᠷᠠᠮᠰᠠᠯ ᠪᠣᠯᠣᠨ ᠥᠯᠡᠳᠡᠵᠠᠢ᠃  ᠴᠧᠩ ᠯᠦᠩ ᠪᠦᠯᠦᠭᠯᠡᠯ ᠤᠨ ᠠᠪᠤᠷᠭᠤᠴᠤᠳ ᠤᠨ ᠱᠠᠩᠨᠠᠯᠳᠣ ᠶᠡᠭᠡ ᠨᠠᠭᠠᠳᠣᠮ ᠳᠤ ᠬᠤᠶᠠᠷ ᠵᠢᠯ ᠲᠠᠷᠠᠭᠠᠯᠠᠨ ᠲᠡᠷᠢᠭᠦᠯᠠᠵᠦ  ᠪᠠᠶᠢᠭᠰᠨ ᠢ ᠪᠥᠬᠡ ᠎ ᠳᠤ ᠬᠠᠶᠢᠷᠠᠳᠠᠢ ᠠᠷᠠᠳ ᠲᠦᠮᠡᠨ ᠶᠠᠭᠤ ᠠᠨᠳᠠᠬᠤᠪ ᠪᠤᠢ᠃      ᠪᠥᠬᠡ ᠪᠠᠷ  ᠎ ᠢᠶᠠᠨ ᠠᠯᠳᠠᠷᠳᠠᠢ ᠴᠠᠶᠢᠳᠠᠮ ᠤᠨ ᠪᠠᠶᠠᠨ ᠣᠪᠣᠭᠠᠨ ᠳᠤ ᠬᠤᠶᠠᠷ ᠲᠡᠷᠢᠭᠦᠯᠡᠵᠦ᠂  ᠬᠤᠶᠠᠷ ᠲᠡᠳ᠋ᠯᠡᠵᠦ  ᠂ ᠲᠡᠭᠡᠳᠤ ᠰᠢᠪᠦᠭᠡ᠂  ᠳᠣᠮᠳᠠ ᠰᠢᠪᠦᠭᠡ ᠳᠤ ᠲᠠᠪᠤ ᠤᠳᠠᠭ᠎ᠠ ᠰᠢᠪᠦᠭᠡᠷᠡᠭᠰᠡᠨ ᠠᠪᠤᠷᠭᠤ ᠮᠠᠨᠢ  ᠨᠠᠶᠢᠵᠠ ᠨᠥᠬᠦᠳ᠂ ᠱᠠᠪᠢ ᠪᠥᠬᠡ ᠳᠤ ᠪᠠᠨ ᠬᠡᠳᠤ ᠣᠲᠠᠭ᠎ᠠ ᠨᠠᠶᠢᠷ ᠲᠠᠯᠪᠢᠭᠰᠠᠨ ᠦᠭᠡᠢ ᠪᠣᠯ ᠪᠠᠶᠠᠨ ᠣᠪᠣᠭᠠᠨ ᠳᠤ ᠶᠠᠳᠠᠵᠦ ᠭᠤᠷᠪᠠ ᠲᠡᠷᠢᠭᠦᠯᠡᠬᠦ ᠪᠥᠬᠡ ᠭᠡᠵᠦ ᠪᠥᠬᠡ ᠶᠢᠨ ᠪᠠᠭ᠋ᠠᠳᠠᠳ ᠬᠠᠷᠠᠮᠰᠠᠨ ᠶᠠᠷᠢᠳᠠᠭ ᠨᠢ ᠦᠨᠡᠨ  ᠃ ᠮᠥᠨᠴᠦ ᠬᠢᠷᠢ ᠵᠡᠷᠭᠡ ᠎ ᠶᠢᠨ ᠰᠣᠷᠭᠠᠭᠴᠢ ᠭᠡᠳᠡᠭ ᠢ ᠪᠢ ᠬᠡᠯᠡᠬᠦ ᠦᠬᠡᠢ ᠴᠦ ᠠᠷᠠᠳ ᠲᠦᠮᠡᠨ ᠮᠠᠨᠢ ᠲᠣᠲᠣᠷᠬᠠᠢ ᠮᠡᠳᠡᠬᠦ ᠪᠠᠶᠢᠬ᠎ᠠ᠂᠂ ᠪᠠᠶᠠᠷᠪᠠᠭᠠᠳᠤᠷ᠂ ᠪᠠᠳᠣᠵᠢᠷᠭᠠᠯ ᠵᠡᠷᠭᠡ ᠬᠤᠶᠠᠷ ᠮᠢᠩᠭᠠᠨ ᠤ ᠲᠡᠷᠢᠭᠦᠨ ᠢ ᠭᠦᠮᠦᠵᠢᠭᠦᠯᠦᠰᠡᠨ ᠭᠡᠳᠡᠭ ᠢᠶᠠᠷ ᠨᠢ ᠬᠠᠷᠠᠭᠠᠷᠠᠢ᠃      ᠠᠪᠤᠷᠭᠤ ᠮᠠᠨᠢ ᠣᠳᠣ ᠪᠤᠯᠳᠠᠯ᠎ᠠ ᠶᠡᠭᠡ ᠪᠠᠭ᠎ᠠ ᠵᠠᠭᠤᠨ ᠨᠠᠭᠠᠳᠣᠮ ᠳᠤ ᠲᠡᠷᠢᠭᠦᠯᠡᠵᠦ  ᠂  ᠲᠠᠪᠢᠭᠠᠳ ᠨᠠᠭᠠᠳᠣᠮ ᠎ ᠳᠤ ᠲᠡᠳ᠋ᠯᠡᠵᠦ ᠶᠠᠪᠤᠵᠠᠢ᠃                          
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号