ᠠᠪᠤᠷᠭᠤ ᠪᠠᠶᠠᠷᠪᠠᠭᠠᠳᠣᠷ
ᠨᠡᠶᠢᠲᠡᠯᠡᠭᠰᠡᠨ ᠴᠠᠭ᠄
2017/6/26
     ᠪᠠᠶᠠᠷᠪᠠᠭᠠᠳᠣᠷ  ᠂ ᠰᠢᠷ᠎ᠡ ᠮᠣᠷᠢ ︵1978 ᠣᠨ︶ ᠵᠢᠯ ᠤᠨ ᠵᠣᠨ ᠤ ᠡᠬᠢᠨ ᠰᠠᠷ᠎ᠠ  ᠤᠳᠤ ᠶᠢᠨ ᠵᠡᠬᠦᠨ ᠦᠵᠦᠮᠦᠴᠢᠨ ᠬᠤᠰᠢᠭᠤᠨ ᠤ ᠮᠠᠨᠳᠣᠬᠤᠪᠣᠯᠠᠭ  ᠰᠤᠮᠤᠨ ᠤ ᠪᠣᠷᠵᠢᠬᠢᠨ ᠣᠪᠣᠭᠳᠣ ᠰᠧᠭᠮᠢᠳ ᠤᠨ ᠲᠠᠰᠢᠳᠣᠩᠷᠤᠪ ᠎ ᠤᠨ ᠬᠤᠶᠠᠳᠣᠭᠠᠷ ᠬᠦᠪᠡᠬᠦᠨ ᠪᠣᠯᠵᠣ ᠡᠬᠡ ᠣᠭ᠍ᠶᠣ ᠠᠴᠠ ᠵᠠᠶᠠᠭᠠᠵᠠᠢ᠃                   ᠪᠠᠶᠠᠷᠪᠠᠭᠠᠳᠣᠷ ᠤᠨ  512 ᠪᠦᠬᠡ ᠲᠠᠢ ᠨᠠᠶᠢᠷ ᠤᠨ ᠲᠡᠷᠢᠬᠦᠨ       ︵1︶ 2004 ᠤᠨ ᠤ  ᠰᠢᠯᠢ ᠶᠢᠨ ᠬᠤᠳᠠ ᠶᠢᠨ ᠢᠯᠡᠯᠳᠠ ᠰᠣᠮᠣᠨ ᠤ 512᠎ ᠳᠤ ᠰᠦᠬᠡ ᠪᠠᠷ  ᠶᠢᠰᠦ ᠲᠠᠪᠠᠵᠦ ᠲᠡᠷᠢᠭᠦᠯᠠᠵᠠᠢ᠃       ︵2︶ ᠬᠡᠰᠢᠭᠳᠡᠨ ᠬᠤᠰᠢᠭᠤᠨ ᠤ ᠪᠠᠶᠠᠨᠴᠠᠭᠠᠨ ᠰᠣᠮᠣᠨ ᠤ 512᠎ ᠳᠤ ᠴᠣᠯᠮᠣᠨ ᠢᠶᠠᠷ  ᠶᠢᠰᠦ  ᠲᠠᠪᠠᠵᠣ ᠲᠡᠷᠢᠭᠦᠯᠠᠵᠠᠢ       ︵3︶ ᠰᠢᠯᠣᠭᠤᠨ ᠴᠠᠭᠠᠨ ᠬᠤᠰᠢᠭᠤᠨ ᠤ 512᠎ ᠳᠤ ᠪᠠᠭᠠᠷᠢᠨ ᠤ ᠴᠣᠭᠳᠣᠨᠠᠷᠠᠨ᠂ ᠰᠢᠯᠣᠭᠤᠨ ᠬᠦᠬᠡ ᠎ ᠶᠢᠨ ᠣᠶᠠᠩᠭ᠎ᠠ᠂ ᠬᠦᠯᠦᠨ ᠪᠣᠶᠢᠷ ᠤᠨ ᠢᠳᠡᠷ᠂ ᠴᠢᠨᠳᠠᠮᠣᠨᠢ᠂ ᠪᠠᠷᠠᠭᠤᠨ ᠦᠵᠦᠮᠦᠴᠢᠨ ᠤ ᠲᠡᠭᠦᠰᠵᠢᠷᠭᠠᠯ᠂ ᠬᠦᠪᠡᠭᠡᠳᠣ ᠰᠢᠷ᠎ᠡ ᠶᠢᠨ ᠨᠠᠰᠣᠨᠴᠣᠭᠳᠣ᠂ ᠰᠢᠯᠣᠭᠤᠨ ᠴᠠᠭᠠᠨ ᠤ ᠴᠣᠭᠮᠠᠨᠳᠠ  ᠨᠠᠷ  ᠶᠢᠰᠦ  ᠲᠠᠪᠠᠵᠣ ᠲᠡᠷᠢᠭᠦᠯᠠᠵᠠᠢ᠃       ︵4︶ 2014 ᠣᠨ ᠤ ᠵᠢᠨᠢᠩ ᠳᠤ ᠪᠣᠯᠣᠭᠰᠠᠨ ᠪᠦᠬᠦ ᠣᠷᠣᠨ ᠤ ᠬᠤᠶᠠᠳᠡᠬᠢ ᠣᠳᠠᠭᠠᠨ ᠤ ᠮᠣᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ 512 ᠪᠦᠬᠡ ᠳᠤ ᠪᠠᠷᠠᠭᠤᠨ ᠦᠵᠦᠮᠦᠴᠢᠨ ᠤ ᠲᠡᠭᠦᠰᠵᠢᠷᠭᠠᠯ᠂ ᠠᠪᠠᠭ᠎ᠠ ᠶᠢᠨ ᠠᠯᠳᠠᠨᠳᠣᠭᠤᠯᠠᠭ᠎ᠠ᠂ ᠠᠷᠣ ᠬᠤᠷᠴᠢᠨ ᠤ ᠮᠦᠩᠭᠡᠳᠦ᠋ᠬᠦᠷᠡᠩ᠂ ᠰᠢᠨ᠎ᠡ ᠪᠠᠷᠭᠤ ᠶᠢᠨ ᠰᠧᠩᠬᠡᠭᠠᠷᠪᠤ  ᠂  ᠵᠡᠭᠦᠨ ᠦᠵᠦᠮᠦᠴᠢᠨ ᠤ ᠪᠠᠳᠣᠵᠢᠷᠭᠠᠯ  ᠨᠠᠷ  ᠶᠢᠰᠦ  ᠲᠠᠪᠠᠵᠣ ᠲᠡᠷᠢᠭᠦᠯᠠᠵᠠᠢ᠃       ︵5︶ 2015 ᠤᠨ ᠤ  ᠪᠠᠷᠠᠭᠤᠨ ᠰᠦᠨᠢᠳ ᠬᠤᠰᠢᠭᠤᠨ ᠤ ᠬᠤᠰᠢᠭᠤ ᠨᠠᠭᠠᠳᠤᠮ ᠤᠨ 512  ᠪᠦᠭᠡ ᠎ ᠳᠤ  ᠪᠠᠷᠠᠭᠤᠨ ᠦᠵᠦᠮᠦᠴᠢᠨ ᠤ ᠴᠠᠭᠠᠨᠵᠠᠭᠠᠨ  ᠂ ᠦᠷᠨᠢᠯᠳᠤ ᠨᠠᠷ ᠢᠶᠠᠷ ᠶᠢᠰᠦ ᠲᠠᠪᠠᠵᠦ ᠲᠡᠷᠢᠭᠦᠯᠠᠵᠠᠢ᠃       ︵6︶ 2016 ᠤᠨ ᠤ 7 ᠰᠠᠷ᠎ᠠ ᠶᠢᠨ 8 ~ 10᠎ ᠳᠤ ᠬᠦᠯᠦᠨ ᠪᠣᠶᠢᠷ ᠬᠤᠳᠠ ᠶᠢᠨ ᠬᠠᠭᠤᠴᠢᠨ ᠪᠠᠷᠭᠤ ᠬᠤᠰᠢᠭᠤᠨ ᠳᠤ ᠪᠣᠯᠣᠭᠰᠠᠨ ᠨᠠᠢᠮᠠᠨ ᠮᠣᠵᠢ ᠣᠷᠣᠨ ᠤ ᠠᠩᠬᠠᠳᠠᠭᠴᠢ ᠬᠤᠭᠤᠴᠠᠭᠠᠨ ᠤ ︽ᠬᠦᠬᠦᠯᠡ ᠬᠤᠨᠳᠠᠭᠠᠳᠣ︾ ᠲᠣᠯᠢᠶᠠᠳᠣ ᠪᠦᠬᠡ ᠶᠢᠨ ᠨᠠᠭᠠᠳᠣᠮ ᠤᠨ ᠬᠦᠴᠣᠳᠣ 512 ᠪᠦᠬᠡ  ᠪᠠᠶᠠᠷᠪᠠᠭᠠᠳᠣᠷ ᠰᠢᠨ᠎ᠡ ᠪᠠᠷᠭᠤ ᠵᠡᠬᠦᠨ ᠬᠤᠰᠢᠭᠤᠨ ᠤ  ᠪᠠᠭ᠎ᠠ ᠢᠳᠡᠷ᠂  ᠪᠠᠷᠠᠭᠤᠨ ᠦᠵᠦᠮᠦᠴᠢᠨ  ᠎ ᠤ ᠴᠠᠭᠠᠨᠵᠠᠭᠠᠨ  ᠂ ᠰᠢᠨ᠎ᠠ ᠪᠠᠷᠭᠤ ᠵᠡᠬᠦᠨ ᠬᠤᠰᠢᠭᠤᠨ ᠤ ᠠᠯᠳᠠᠨᠱᠠᠭ᠎ᠠ  ᠨᠠᠷ ᠢᠶᠠᠷ  ᠶᠢᠰᠣ ᠲᠠᠪᠠᠵᠣ ᠲᠡᠷᠢᠬᠦᠯᠡᠪᠡ                      ᠪᠠᠶᠠᠷᠪᠠᠭᠠᠳᠣᠷ  ᠎ ᠤᠨ 1024 ᠪᠦᠬᠡ ᠲᠠᠢ ᠨᠠᠶᠢᠷ ᠤᠨ ᠲᠡᠷᠢᠬᠦᠨ         ︵1︶ 2010 ᠣᠨ ᠤ ᠠᠷᠤ ᠬᠤᠷᠴᠢᠨ ᠬᠤᠰᠢᠭᠤᠨ ᠳᠤ ᠪᠤᠯᠤᠭᠰᠠᠨ ᠨᠠᠭᠠᠳᠤᠮ ᠤᠨ 1024᠎ ᠳᠤ ᠭᠤᠷᠪᠡ ᠶᠢᠨ ᠲᠠᠪᠠᠭᠠᠨ ᠠᠴᠠ ᠪᠠᠷᠠᠭᠤᠨ ᠪᠠᠭᠠᠷᠢᠨ ᠤ ᠪᠣᠣ ᠱᠠᠨ᠂ ᠴᠢᠩᠵᠣᠷᠢᠭ᠂ ᠦᠭᠡᠳᠡᠯᠡᠬᠦ᠂ ᠬᠡᠬᠡᠷᠡᠬᠦ᠂ ᠣᠩᠨᠢᠭᠤᠤᠨ ᠤᠨ ᠪᠠᠳᠦᠵᠢᠷᠭᠠᠯ᠂ ᠵᠡᠬᠦᠨ ᠪᠠᠭᠠᠷᠢᠨ ᠤ ᠠᠯᠳᠠᠨᠰᠦ᠋ᠭᠡ᠂ ᠠᠷᠣ ᠬᠤᠷᠴᠢᠨ ᠤ ᠲᠢᠶᠠᠨᠰᠠᠩ᠂ ᠰᠠᠷᠠᠨᠮᠠᠨᠳᠣᠯ᠎ᠠ  ᠨᠠᠷ  ᠠᠷᠪᠠ ᠲᠠᠪᠠᠵᠣ ᠲᠡᠷᠢᠭᠦᠯᠠᠵᠠᠢ      ︵2︶  2011 ᠣᠨ ᠤ ᠰᠢᠷ᠎ᠠ ᠳᠠᠯ᠎ᠠ ᠳᠤ ᠪᠣᠯᠣᠭᠰᠠᠨ ᠵᠢᠷᠭᠠᠯᠠᠩᠳᠣ ᠲᠠᠯ᠎ᠠ ᠨᠣᠳᠤᠭ᠂ ᠰᠢᠯᠢ ᠶᠢᠨ ᠭᠤᠣᠯ ᠤᠨ 1024 ᠪᠦᠬᠡ ᠲᠠᠢ ᠨᠠᠶᠢᠷ ᠲᠤ ᠵᠡᠬᠦᠨ ᠰᠦᠨᠢᠳ ᠤᠨ ᠬᠡᠰᠢᠭᠳᠡᠯᠠᠢ᠂ ᠪᠠᠷᠠᠭᠤᠨ ᠦᠵᠦᠮᠦᠴᠢᠨ ᠤ ᠭᠠᠯᠰᠠᠩᠷᠠᠰᠢ᠂ ᠠᠪᠠᠭ᠎ᠠ ᠶᠢᠨ ᠴᠢᠳᠠᠷᠪᠠᠯ᠂ ᠪᠠᠭᠠᠷᠢᠨ ᠤ ᠠᠯᠳᠠᠨᠰᠦ᠋ᠭᠡ  ᠵᠡᠭᠦᠨ ᠦᠵᠦᠮᠦᠴᠢᠨ ᠤ ᠠᠯᠳᠠᠨᠪᠠᠭᠠᠨ᠎ᠠ᠂ ᠪᠠᠳᠤᠵᠢᠷᠭᠠᠯ  ᠨᠠᠷ ᠢᠶᠠᠷ ᠠᠷᠪᠠ ᠲᠠᠪᠠᠵᠦ ᠲᠡᠷᠢᠭᠦᠡᠯᠵᠠᠢ᠃      ︵3︶  2016  ᠤᠨ ᠤ 7 ᠰᠠᠷ᠎ᠠ ᠳᠤ ᠪᠤᠯᠤᠭᠰᠠᠨ  ᠰᠦᠨᠢᠳ ᠵᠡᠬᠦᠨ ᠬᠤᠰᠢᠭᠤᠨ ᠤ ᠠᠷᠪᠠᠳᠣᠭᠠᠷ ᠬᠤᠭᠤᠴᠠᠭᠠᠨ ᠤ ᠨᠠᠭᠠᠳᠤᠮ ᠤᠨ ᠶᠡᠭᠡ ᠬᠤᠷᠠᠯ  ᠎ ᠤᠨ 1024 ᠪᠦᠭᠡ ᠳᠤ  ᠭᠠᠯᠰᠠᠩᠷᠠᠰᠢ᠂  ᠬᠠᠩᠰᠢ᠂ ᠤᠳᠤᠰᠤᠳᠤ᠂ ᠪᠠᠳᠤᠵᠢᠷᠭᠠᠯ ᠨᠠᠷ ᠢᠶᠠᠷ ᠠᠷᠪᠠ ᠲᠠᠪᠠᠵᠦ ᠲᠡᠷᠢᠭᠦᠯᠠᠵᠠᠢ᠃                    ᠪᠠᠶᠠᠷᠪᠠᠭᠠᠳᠣᠷ  ᠎ ᠤᠨ1024  ᠪᠦᠬᠡ ᠲᠠᠢ ᠨᠠᠶᠢᠷ ᠤᠨ ᠲᠡᠳ᠋       ︵1︶ 2006 ᠣᠨ ᠳᠤ ᠵᠡᠬᠦᠨ ᠦᠵᠦᠮᠦᠴᠢᠨ ᠬᠤᠰᠢᠭᠤᠨ ᠤ 1024 ᠪᠦᠬᠡ ᠲᠠᠢ ᠨᠠᠶᠢᠷ ᠲᠤ ᠪᠠᠳᠣᠰᠦ᠋ᠬᠡ ᠳᠤ ᠣᠶᠢᠴᠢᠵᠣ  ᠲᠡᠳ᠋ᠯᠠᠵᠠᠢ       ︵2︶ 2012 ᠣᠨ ᠤ ᠰᠢᠯᠢ ᠶᠢᠨ ᠭᠤᠣᠯ ᠠᠶᠢᠮᠠᠭ ᠤᠨ 1024 ᠪᠦᠬᠡ ᠲᠠᠢ ᠨᠠᠶᠢᠷ ᠲᠤ  ᠪᠠᠶᠠᠨᠵᠢᠷᠭᠠᠯ ᠎ ᠳᠤ ᠤᠶᠢᠴᠢᠵᠦ  ᠲᠡᠳ᠋ᠯᠡᠵᠠᠢ       ︵3︶ 2014 ᠣᠨ ᠤ ᠬᠦᠯᠦᠨ ᠪᠣᠶᠢᠷ ᠤᠨ ᠮᠠᠨᠠᠩ ᠤᠨ ᠪᠣᠭᠳᠠᠭᠭᠤᠯᠡ ᠶᠢᠨ ᠲᠠᠬᠢᠯᠭᠠᠳᠣ 1024 ᠪᠦᠬᠡ ᠲᠠᠢ ᠨᠠᠶᠢᠷ ᠲᠤ  ᠬᠦᠯᠦᠨ ᠪᠣᠶᠢᠷ ᠤᠨ ᠬᠠᠳᠠ᠂  ᠴᠢᠨᠠᠷ᠂  ᠡᠸᠡᠩᠬᠢ ᠶᠢᠨ ᠢᠳᠡᠷ᠂  ᠮᠣᠩᠭᠤᠯ ᠣᠯᠣᠰ ᠤᠨ  ᠮᠦᠩᠬᠡᠪᠡᠳᠣ  ᠨᠠᠷ ᠢᠶᠠᠷ  ᠶᠢᠰᠦ  ᠲᠠᠪᠠᠵᠦ᠂ ᠠᠯᠳᠠᠨᠱᠠᠭ᠎ᠠ ᠳᠤ ᠤᠶᠢᠴᠢᠵᠦ ᠲᠡᠳ᠋ᠯᠠᠵᠠᠢ︔         ᠪᠠᠶᠠᠷᠪᠠᠭᠠᠳᠤᠷ ᠠᠪᠤᠷᠭᠤ 1024  ᠪᠦᠭᠡ ᠲᠠᠢ ᠨᠠᠭᠠᠳᠤᠮ ᠳᠤ  ᠭᠤᠷᠪᠠ  ᠲᠡᠷᠢᠭᠦᠯᠠᠵᠦ  ᠂  ᠭᠤᠷᠪᠠ ᠲᠡᠳ᠋ᠯᠡᠵᠦ  ᠂ 512  ᠪᠦᠭᠡ ᠲᠠᠢ ᠨᠠᠭᠠᠳᠤᠮ ᠳᠤ 6 ᠲᠡᠷᠢᠭᠦᠯᠠᠵᠦ᠂ 9 ᠲᠡᠳ᠋ᠯᠡᠵᠦ᠂ 256  ᠪᠥᠬᠡ ᠲᠠᠢ ᠨᠠᠭᠠᠳᠣᠮ ᠎ ᠳᠤ 35 ᠲᠡᠷᠢᠭᠦᠯᠡᠵᠦ᠂ ᠶᠡᠭᠡ ᠨᠠᠭᠠᠳᠤᠮ ᠳᠤ 500 ᠰᠢᠬᠠᠭᠤ ᠲᠡᠷᠢᠭᠦᠯᠡᠵᠦ  ᠶᠠᠪᠤᠭ᠎ᠠ ᠡᠨᠡ ᠴᠠᠭ ᠤᠨ  ᠪᠦᠭᠡᠴᠤᠳ ᠲᠤᠳᠤᠷ᠎ᠠ ᠪᠠᠨ ᠬᠠᠮᠤᠭ ᠤᠨ ᠶᠡᠭᠡ ᠠᠮᠵᠢᠯᠳᠠ ᠲᠠᠢ ᠪᠥᠬᠡ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号