ᠠᠪᠣᠷᠭᠤ ᠬᠠᠳᠠ
ᠨᠡᠶᠢᠲᠡᠯᠡᠭᠰᠡᠨ ᠴᠠᠭ᠄
2017/6/26
     ᠦᠪᠦᠷ ᠮᠤᠩᠭᠤᠯ ᠲᠠᠶᠠᠭᠠᠷ  ᠪᠦᠳᠦᠭᠦᠨ ᠬᠠᠳᠠ ᠭᠡᠵᠦ ᠠᠯᠳᠠᠷᠰᠢᠭᠰᠠᠨ ᠡᠨᠡᠬᠦ ᠴᠣᠣᠳᠣ ᠪᠥᠬᠡ 1970 ᠣᠨ ᠤ 7 ᠰᠠᠷ᠎ᠠ ᠳᠤ ᠵᠡᠭᠦᠨ ᠦᠵᠦᠮᠦᠴᠢᠨ ᠬᠤᠰᠢᠭᠤᠨ ᠤ ᠪᠣᠯᠠᠭ ᠨᠣᠷ᠎ᠠ ᠪᠠᠷ ᠨᠣᠳᠣᠭᠳᠠᠢ ᠵᠢᠱᠢᠶᠡᠴᠢ ᠮᠠᠯᠴᠢᠨ᠂ ᠣᠣᠯ ᠤᠨ ᠪᠠᠷᠠᠭᠤᠨ ᠦᠵᠦᠮᠦᠴᠢᠨ ᠬᠤᠰᠢᠭᠤᠨ ᠤ ᠰᠢᠷᠠᠨᠣᠳ ᠰᠣᠮᠣᠨ ᠤ ᠰᠢᠷᠠᠨᠣᠳ ᠣᠪᠣᠭᠲᠤ ᠠᠯᠳᠠᠷᠳᠤ ᠪᠥᠬᠡ  ᠭᠤᠮᠪᠦᠵᠠᠪ ᠤᠨ ᠣᠳᠬᠤᠨ ᠬᠦᠪᠡᠭᠦᠨ ᠪᠣᠯᠵᠦ ᠵᠠᠶᠠᠭᠠᠪᠠ᠃      ᠬᠠᠳᠠ1987 ᠣᠨ ᠤ10 ᠰᠠᠷ᠎ᠠ ᠠᠴᠠ1988 ᠣᠨ ᠤ 5 ᠰᠠᠷ᠎ᠠ ᠬᠦᠷᠲᠡᠯ᠎ᠡ ᠥᠪᠥᠷ ᠮᠣᠩᠭᠤᠯ ᠤᠨ ᠭᠤᠷᠪᠠᠳᠦᠭᠠᠷ ᠲᠠᠮᠢᠷ ᠤᠨ ᠠᠩᠭᠢ ᠳᠤ ᠡᠷᠲᠡᠨ ᠤ ᠮᠠᠶ᠋ᠢᠭ ᠤᠨ ᠪᠦᠬᠡ ᠪᠣᠯᠪᠠᠰᠥᠷᠠᠯ ᠪᠡᠯᠡᠳᠬᠡᠯ ᠬᠢᠵᠦ ᠶᠠᠪᠤᠭᠰᠠᠨ ᠪᠢᠯᠡ᠃ ᠬᠠᠳᠠ1988 ᠣᠨ ᠤ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠲᠤ   ᠠᠪᠠᠭ᠎ᠠ ᠶᠢᠨ ᠪᠦᠬᠡᠪᠢᠯᠢᠭ ᠨᠠᠷ ᠢᠶᠠᠷ ᠵᠢᠷᠭᠤᠭ᠎ᠠ ᠲᠠᠪᠠᠵᠦ᠂  ᠰᠣᠳᠣᠡᠷᠳᠡᠨᠢ ᠳᠤ ᠣᠶᠢᠴᠢᠨ᠂ ᠳᠡᠭᠡᠷ᠎ᠡ ᠨᠠᠢᠮᠠ ᠳᠤ  ᠲᠡᠪᠢᠵᠦ᠂ ᠠᠷᠪᠠᠨ ᠶᠢᠰᠦᠨ ᠨᠠᠰᠣᠨ ᠠᠴᠠ ᠪᠠᠨ ᠣᠳᠣ ᠬᠡᠢ ᠮᠣᠷᠢ ᠲᠠᠢ ᠪᠠᠷᠢᠯᠳᠣᠵᠦ  ᠡᠬᠢᠯᠡᠭᠰᠡᠨ ᠶᠤᠮ᠃      1990 ᠣᠨ ᠳᠤ᠂ ᠬᠠᠳᠠ᠂ ᠪᠣᠦ ᠳ᠋ᠢᠩ ᠬᠤᠲᠠᠨ ᠳᠤ ᠶᠠᠪᠤᠭᠳᠠᠭᠰᠠᠨ ᠪᠦᠬᠦ ᠣᠯᠣᠰ ᠤᠨ ᠳᠣᠮᠳᠠᠲᠦ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠣᠷᠣᠯᠳᠦᠭᠠᠨ ᠳᠤ ᠣᠷᠣᠯᠴᠠᠵᠦ  ᠂ 90 ᠺᠢᠯᠣᠭ᠍ᠷᠠᠮ ᠤᠨ ᠳᠡᠰ ᠲᠤ ᠳᠡᠳ᠋ᠯᠡᠵᠦ᠂  ᠮᠥᠩᠭᠦᠨ ᠮᠧᠲᠠᠯ ᠢᠶᠠᠷ ᠱᠠᠩᠨᠠᠭᠳᠠᠵᠠᠢ᠃ ᠲᠣᠰ ᠵᠢᠯ ᠤᠨ ᠵᠣᠨ ᠨᠢ ᠰᠢᠯᠢ ᠶᠢᠨ ᠭᠤᠣᠯ  ᠠᠶᠢᠮᠠᠭ ᠤᠨ1024 ᠪᠦᠬᠡ ᠲᠠᠢ ᠶᠡᠭᠡ ᠨᠠᠶᠢᠷ ᠲᠤ ᠣᠯᠣᠰ ᠤᠨ ᠠᠪᠣᠷᠭᠤ ᠬᠦᠯᠦᠨ ᠪᠣᠶᠢᠷ ᠠᠶᠢᠮᠠᠭ ᠤᠨ ᠰᠢᠯᠢᠳᠡᠭ ᠪᠦᠬᠡ  ᠬᠠᠯᠵᠠᠨ ᠵᠡᠷᠭᠡ ᠪᠦᠬᠡᠴᠣᠳ ᠢ ᠬᠠᠶᠠᠵᠦ᠂ ᠳᠡᠭᠡᠷ᠎ᠡ ᠨᠠᠢᠮᠠ ᠳᠤ  ᠣᠷᠣᠪᠠ᠃ ᠲᠣᠰ ᠵᠢᠯ ᠤᠨ ᠨᠠᠮᠣᠷ ᠨᠢ ᠬᠦᠯᠦᠨ ᠪᠣᠶᠢᠷ ᠠᠶᠢᠮᠠᠭ ᠤᠨ ᠰᠢᠨ᠎ᠡ ᠪᠠᠷᠭᠤ ᠪᠠᠷᠠᠭᠤᠨ ᠵᠡᠭᠦᠨ ᠬᠤᠰᠢᠭᠤᠨ ᠤ 256 ᠪᠦᠬᠡ ᠪᠠᠷᠢᠯᠳᠣᠭᠰᠠᠨ ᠶᠡᠭᠡ ᠨᠠᠶᠢᠷ ᠲᠤ ᠣᠯᠣᠰ ᠤᠨ ᠠᠪᠣᠷᠭᠤ ᠵᠢᠨᠱᠠᠨ᠂ ᠡᠷᠳᠡᠨᠢᠪᠢᠯᠢᠭ᠂ ᠳᠠᠰᠢᠨᠢᠮ᠎ᠠ᠂ ᠣᠷᠭᠢᠯᠪᠠᠲᠦ ᠵᠡᠷᠭᠡ ᠰᠢᠯᠢᠳᠡᠭ ᠪᠦᠬᠡᠴᠣᠳ ᠢ ᠴᠣᠪᠣᠭᠤᠯᠣᠨ ᠬᠠᠶᠠᠵᠦ  ᠲᠡᠷᠢᠭᠦᠯᠡᠭᠡᠳ ᠮᠥᠩᠭᠦᠨ ᠪᠥᠢᠯᠠ ᠲᠠᠢ ᠴᠠᠭᠠᠨ ᠲᠡᠮᠡᠭᠡ ᠪᠠᠷ ᠱᠠᠩᠨᠠᠭᠳᠠᠪᠠ᠃      1991ᠣᠨ ᠳᠤ  ᠬᠦᠬᠡᠬᠤᠲᠠ ᠳᠤ ᠪᠣᠯᠣᠭᠰᠠᠨ ᠥᠪᠣᠷ ᠮᠣᠩᠭᠤᠯ ᠤᠨ 512 ᠪᠦᠬᠡ ᠪᠠᠷᠢᠯᠳᠣᠭᠰᠠᠨ ᠶᠡᠭᠡ ᠨᠠᠶᠢᠷ ᠲᠤ  ᠠᠪᠤᠷᠭᠤ ᠢ᠊  ᠰᠣᠶᠣᠯ᠂ ᠵᠠᠮᠪᠠᠯ᠂ ᠪᠣᠰᠤᠭ᠎ᠠ ᠠᠪᠣᠷᠭᠤ ᠴᠠᠭᠠᠨᠵᠠᠭᠠᠨ ᠨᠠᠷ  ᠎ ᠢᠶᠠᠷ ᠶᠢᠰᠦ ᠲᠠᠪᠠᠵᠦ ᠲᠡᠷᠢᠭᠦᠯᠡᠭᠡᠳ᠂ ᠠᠩᠬᠠᠳᠠᠭᠴᠢ ᠣᠳᠠᠭ᠎ᠠ 512 ᠪᠦᠬᠡ ᠶᠢᠨ ᠶᠡᠭᠡ ᠱᠠᠩ ᠮᠥᠩᠭᠦᠨ ᠪᠣᠶᠢᠯᠡ ᠲᠠᠢ ᠴᠠᠭᠠᠨ ᠲᠡᠮᠡᠭᠡ  ᠬᠦᠲᠥᠯᠪᠡ᠃ ᠲᠣᠰ ᠵᠢᠯ ᠳᠤ ᠪᠠᠰᠠ ᠣᠯᠣᠰ ᠤᠨ ᠣᠷᠣᠯᠳᠦᠭᠠᠨ ᠳᠤ ᠣᠷᠣᠯᠴᠠᠵᠦ ᠮᠥᠩᠭᠦᠨ ᠮᠧᠲᠠᠯ ᠭᠠᠷᠳᠠᠵᠠᠢ᠃      1992 ᠣᠨ ᠳᠤ᠂ ᠱᠠᠨᠰᠢ ᠮᠣᠵᠢ ᠶᠢᠨ ᠰᠢ ᠠᠨ ᠬᠤᠲᠠᠨ ᠳᠤ ᠶᠠᠪᠣᠭᠳᠠᠭᠰᠠᠨ ᠪᠦᠬᠦ ᠣᠯᠣᠰ ᠤᠨ ᠬᠢᠲᠠᠳ ᠪᠦᠬᠡ ᠶᠢᠨ ᠣᠷᠢᠯᠭ᠎ᠠ ᠶᠢᠨ ᠣᠷᠣᠯᠳᠣᠭᠠᠨ ᠤ 90 ᠺᠢᠯᠣᠭ᠍ᠷᠠᠮ ᠤᠨ ᠳᠡᠰ ᠎ ᠲᠡᠭᠡᠨ ᠠᠯᠲᠠᠨ ᠮᠧᠲᠠᠯ ᠣᠯᠵᠦ᠂ ᠲᠣᠰ ᠨᠠᠮᠣᠷ ᠨᠢ ᠯᠠᠨᠵᠸᠣ ᠬᠤᠲᠠᠨ ᠳᠤ ᠪᠣᠯᠣᠭᠰᠠᠨ ᠪᠦᠬᠦ ᠣᠯᠣᠰ ᠤᠨ ᠬᠢᠲᠠᠳ  ᠪᠦᠬᠡ ᠶᠢᠨ ᠮᠠᠩᠯᠠᠢ ᠰᠢᠯᠭᠠᠷᠠᠭᠤᠯᠬᠤ ᠣᠷᠣᠯᠳᠣᠭᠠᠨ ᠤ 90 ᠺᠢᠯᠣᠭ᠍ᠷᠠᠮ ᠤᠨ ᠲᠡᠰ ᠳᠤ ᠲᠡᠷᠢᠭᠦᠯᠡᠨ᠂ ᠠᠯᠲᠠᠨ ᠮᠧᠲᠠᠯ ᠣᠯᠵᠦ᠂ ᠣᠯᠣᠰ ᠤᠨ ᠠᠪᠣᠷᠭᠤ ᠴᠣᠯᠠ ᠬᠠᠮᠠᠭᠠᠯᠠᠵᠠᠢ᠃      1993ᠣᠨ  ᠎ ᠤ 5 ᠰᠠᠷ᠎ᠠ ᠳᠤ᠂ ᠬᠦᠬᠡᠬᠠᠥᠲᠠ ᠳᠤ ᠶᠠᠪᠣᠭᠳᠠᠭᠰᠠᠨ ᠬᠢᠳᠠᠳ ᠪᠦᠬᠡ ᠶᠢᠨ ᠮᠠᠩᠯᠠᠢ ᠰᠢᠯᠭᠠᠷᠠᠭᠤᠯᠬᠤ ᠣᠷᠣᠯᠳᠣᠭᠠᠨ ᠪᠣᠯᠣᠨ ᠪᠦᠬᠦ ᠣᠯᠣᠰ ᠤᠨ ᠳᠣᠯᠣᠳᠣᠭᠠᠷ ᠣᠳᠠᠭᠠᠨ ᠤ ᠲᠠᠮᠢᠷ ᠤᠨ ᠴᠣᠭᠯᠠᠭᠠᠨ ᠳᠤ ᠣᠷᠣᠯᠴᠠᠵᠦ ᠰᠣᠩᠭᠤᠯᠲᠠ ᠶᠢᠨ ᠣᠷᠣᠯᠳᠣᠭᠠᠨ ᠬᠢᠵᠦ᠂ 90 ᠺᠢᠯᠣᠭ᠍ᠷᠠᠮ ᠲᠡᠰ ᠲᠤ ᠬᠠᠳᠠ ᠬᠦᠷᠡᠯ ᠮᠧᠲᠠᠯ ᠣᠯᠵᠠᠢ᠃ ᠲᠣᠰ ᠵᠢᠯ ᠤᠨ 9 ᠰᠠᠷ᠎ᠠ ᠳᠤ᠂ ᠪᠡᠭᠡᠵᠢᠩ ᠳᠤ ᠪᠣᠯᠣᠭᠰᠠᠨ ᠪᠦᠬᠦ ᠣᠯᠣᠰ ᠤᠨ ᠳᠣᠯᠣᠳᠣᠭᠠᠷ ᠣᠳᠠᠭᠠᠨ ᠤ ᠲᠠᠮᠢᠷ ᠤᠨ ᠶᠡᠭᠡ ᠴᠣᠭᠯᠠᠭᠠᠨ ᠳᠤ ᠳᠣᠮᠳᠠᠳᠦ ᠮᠠᠶ᠋ᠢᠭ ᠤᠨ ᠪᠦᠬᠡ ᠶᠢᠨ 90 ᠺᠢᠯᠣᠭ᠍ᠷᠠᠮ ᠤᠨ ᠲᠡᠰ ᠲᠤ ᠮᠠᠩᠯᠠᠶᠢᠯᠠᠵᠦ᠂ ᠠᠯᠲᠠᠨ ᠮᠧᠲᠠᠯ᠂ ᠠᠯᠲᠠᠨ ᠬᠤᠨᠳᠠᠭ᠎ᠠ ᠪᠠᠷ ᠱᠠᠩᠨᠠᠭᠳᠠᠨ᠂ ᠥᠪᠣᠷ ᠮᠣᠩᠭᠤᠯ ᠤᠨ ᠲᠠᠮᠢᠷ ᠤᠨ ᠠᠩᠭᠢ ᠶᠢᠨ ᠲᠣᠰ ᠣᠳᠠᠭᠠᠨ ᠤ ᠲᠠᠮᠢᠷ ᠤᠨ ᠴᠣᠭᠯᠠᠭᠠᠨ ᠳᠤ10 ᠠᠯᠲᠠᠨ ᠮᠧᠲᠠᠯ ᠲᠡᠮᠡᠴᠡᠨ ᠣᠯᠬᠤ ᠡᠭᠦᠷᠭᠡ ᠶᠢ ᠪᠡᠶᠡᠯᠡᠭᠦᠯᠬᠦ ᠳᠤ ᠬᠤᠪᠢ ᠨᠡᠮᠡᠷᠢ ᠪᠠᠨ ᠦᠵᠡᠭᠦᠯᠵᠠᠢ᠃      1995 ᠣᠨ ᠳᠤ᠂  ᠵᠡᠭᠦᠨ ᠦᠵᠦᠮᠦᠴᠢᠨ  ᠬᠤᠰᠢᠭᠤᠨ ᠤ ᠪᠠᠨ ᠣᠩᠭᠤᠨ ᠰᠣᠮᠣᠨ ᠤ 512 ᠪᠦᠬᠡ ᠪᠠᠷᠢᠯᠳᠣᠭᠰᠠᠨ ᠠᠷᠠᠳ ᠤᠨ ᠶᠡᠭᠡ ᠨᠠᠶᠢᠷ ᠲᠤ ᠲᠡᠷᠢᠭᠦᠯᠡᠵᠦ ᠮᠦᠩᠭᠦᠨ ᠪᠣᠶᠢᠯᠡ ᠲᠠᠢ ᠴᠠᠭᠠᠨ ᠲᠡᠮᠡᠭᠡ  ᠭᠦᠳᠦᠯᠪᠡ᠃      1996 ᠣᠨ ᠳᠤ ᠰᠥᠨᠢᠳ ᠵᠡᠭᠦᠨ  ᠬᠤᠰᠢᠭᠤᠨ  ᠎ ᠤ ᠨᠠᠶᠢᠷ  ﹇512﹈᠎ ᠲᠤ ᠣᠯᠣᠰ ᠤᠨ ᠴᠡᠷᠢᠭ ᠤᠨ ᠪᠦᠬᠡ ᠶᠢᠨ ᠠᠩᠭᠢ ᠶᠢᠨ ᠠᠪᠣᠷᠭᠤ ᠦᠯᠵᠡᠢ᠂  ᠠᠪᠠᠭ᠎ᠠ ᠶᠢᠨ ᠠᠯᠳᠡᠷᠲᠦ ᠪᠦᠬᠡ ᠬᠠᠷ᠎ᠠ ᠴᠣᠯᠮᠣᠨ᠂ ᠠᠪᠣᠷᠭᠤ ᠦᠯᠵᠡᠶᠢᠸᠠᠴᠢᠷ᠂ ᠴᠡᠷᠢᠭ ᠤᠨ ᠪᠦᠬᠡ ᠶᠢᠨ ᠠᠩᠭᠢ ᠶᠢᠨ ᠠᠪᠣᠷᠭᠤ ᠬᠦᠯᠦᠨ ᠪᠣᠶᠢᠷ ᠤᠨ ᠬᠠᠳᠠ᠂ ᠪᠠᠷᠠᠭᠤᠨ ᠰᠦᠨᠢᠳ ᠤᠨ ᠠᠯᠳᠠᠷᠲᠦ ᠪᠦᠬᠡ ᠣᠯᠣᠰ ᠤᠨ ᠠᠪᠣᠷᠭᠤ ᠬᠤᠪᠢᠰᠬᠠᠯᠲᠦ᠂ ᠰᠢᠯᠣᠭᠤᠨ  ᠬᠦᠬᠡ ᠶᠢᠨ ᠠᠯᠳᠠᠷᠲᠥ  ᠪᠦᠬᠡ ᠪᠦᠷᠢᠨᠪᠢᠯᠢᠭ ᠨᠠᠷ ᠢᠶᠠᠷ ᠨᠠᠢᠮᠠ ᠲᠠᠪᠠᠵᠦ  ᠂ ᠵᠡᠭᠦᠨ ᠰᠦᠨᠢᠳ ᠤᠨ  ᠠᠪᠤᠷᠭᠤ ᠰᠦ᠊  ᠰᠣᠶᠣᠯᠲᠣ ᠳᠤ ᠨᠠᠶᠢᠷ ᠲᠠᠯᠪᠢᠵᠦ ᠳᠡᠳ᠋ᠯᠡᠪᠡ᠃      2004 ᠣᠨ ᠳᠤ ᠰᠢᠯᠢ ᠶᠢᠨ ᠬᠤᠲᠠ ᠳᠤ ᠶᠠᠪᠣᠭᠳᠠᠭᠰᠠᠨ ᠪᠡᠭᠡᠵᠢᠩ  ᠂ ᠰᠢᠯᠢ ᠶᠢᠨ ᠬᠤᠲᠠ ᠶᠢᠨ ᠵᠣᠭᠠᠴᠠᠯ ᠤᠨ ᠨᠠᠶᠢᠷ ﹇256﹈᠎ ᠲᠤ ᠮᠢ᠊  ᠰᠣᠶᠣᠯ᠂ ᠨᠠᠰᠣᠨᠵᠢᠷᠭᠠᠯ᠂ ᠲᠡᠭᠦᠰ ᠵᠡᠷᠭᠡ ᠰᠢᠯᠢᠳᠡᠭ ᠪᠦᠬᠡᠴᠣᠳ ᠢ ᠬᠠᠶᠠᠵᠦ  ᠲᠡᠷᠢᠭᠦᠯᠡᠵᠠᠢ᠃      2005 ᠣᠨ ᠳᠤ ᠰᠢᠯᠢ ᠶᠢᠨ ᠬᠤᠲᠠ ᠳᠤ ᠪᠣᠯᠣᠭᠰᠠᠨ ᠮᠣᠩᠭᠤᠯ ᠪᠦᠬᠡ ᠶᠢᠨ ᠠᠩᠬᠠᠳᠠᠭᠴᠢ ᠣᠳᠠᠭ᠎ᠠ ᠶᠢᠨ ᠴᠣᠯᠠ ᠣᠯᠭᠤᠬᠤ ᠣᠷᠣᠯᠳᠣᠭᠠᠨ ᠤ ᠳᠡᠭᠡᠷ᠎ᠡ ᠨᠠᠢᠮᠠ ᠳᠤ ᠣᠶᠣᠨᠪᠠᠲᠦ᠂ ᠪᠠᠶᠠᠷᠪᠠᠭᠠᠲᠣᠷ᠂ ᠪᠠᠲᠦᠰᠦᠬᠡ᠂  ᠪᠠᠲᠦᠰᠦᠬᠡ᠂ ᠮᠢ᠊ ᠰᠣᠶᠣᠯ᠂ ᠠᠯᠲᠠᠨᠪᠠᠭᠠᠨ᠎ᠠ᠂ ᠰᠠᠶᠢᠨᠪᠠᠶᠠᠷ᠂ ᠲᠡᠮᠣᠷ  ᠵᠡᠷᠭᠡ ᠨᠠᠢᠮᠠᠨ ᠠᠪᠣᠷᠭᠤ ᠪᠦᠬᠡ ᠶᠢ ᠴᠣᠪᠣᠷᠠᠭᠤᠯᠵᠦ ᠬᠠᠶᠠᠭᠠᠳ᠂ ᠰᠢᠯᠢ ᠶᠢᠨ ᠭᠤᠣᠯ ᠠᠶᠢᠮᠠᠭ ᠤᠨ ᠬᠠᠮᠤᠭ ᠠᠩᠬᠠᠨ ᠤ ︽ᠮᠣᠩᠭᠤᠯ ᠪᠦᠬᠡ ᠶᠢᠨ ᠠᠪᠣᠷᠭᠤ︾ ᠴᠣᠯᠠ ᠬᠦᠷᠲᠡᠵᠡᠢ᠃      ᠬᠠᠳᠠ ᠬᠤᠷᠢᠨ ᠵᠢᠯ ᠪᠠᠷᠢᠯᠳᠣᠵᠦ ᠶᠠᠪᠤᠭᠰᠠᠨ ᠠᠵᠠ ᠲᠠᠢ ᠰᠠᠶᠢᠬᠠᠨ ᠣᠨ ᠵᠢᠯ  ᠤᠳ ᠲᠤ 512 ᠪᠦᠬᠡ ᠎ ᠲᠠᠢ ᠶᠡᠭᠡ ᠨᠠᠶᠢᠷ ᠲᠤ 2 ᠣᠳᠠᠭ᠎ᠠ ᠲᠡᠷᠢᠭᠦᠯᠡᠵᠦ᠂ 2 ᠣᠳᠠᠭ᠎ᠠ ᠳᠡᠳ᠋ᠯᠡᠵᠡᠢ᠃ 256 ᠪᠦᠬᠡ ᠲᠠᠢ ᠶᠡᠭᠡ ᠨᠠᠶᠢᠷ ᠲᠤ 8 ᠣᠳᠠᠭ᠎ᠠ  ᠲᠡᠷᠢᠭᠦᠯᠡᠵᠦ᠂ ᠪᠣᠰᠣᠳ ᠨᠠᠶᠢᠷ ᠨᠠᠭᠠᠳᠤᠮ ᠤᠨ 130 ᠭᠠᠷᠣᠢ ᠣᠳᠠᠭ᠎ᠠ ᠲᠡᠷᠢᠭᠦᠯᠡᠵᠦ  ᠂  ᠪᠥᠬᠡ ᠰᠠᠶᠢᠲᠠᠢ ᠪᠠᠷ ᠨᠢ ᠠᠯᠳᠠᠷᠳᠠᠢ ᠴᠠᠶᠢᠳᠠᠮ ᠤᠨ ᠪᠠᠶᠠᠨ ᠣᠪᠣᠭᠠᠨ ᠳᠤ ᠵᠠᠯᠠᠭᠤ ᠨᠠᠰᠣᠨ ᠤ ᠠᠭᠠᠭ ᠣᠮᠤᠭ ᠲᠤ ᠪᠠᠨ ᠲᠦᠷᠪᠡᠨ ᠵᠢᠯ ᠲᠠᠷᠠᠭᠠᠯᠠᠨ ᠲᠡᠷᠢᠭᠦᠯᠡᠵᠦ᠂ ᠬᠤᠶᠠᠷ ᠣᠳᠠᠭ᠎ᠠ ᠲᠡᠳ᠋ᠯᠡᠨ᠂ ᠲᠤᠯᠤᠭ᠎ᠠ ᠣᠳᠠᠭ᠎ᠠ ᠲᠡᠭᠡᠳᠤ ᠰᠢᠪᠦᠭᠡ᠂ ᠲᠣᠮᠲᠠ ᠰᠢᠪᠦᠭᠡ ᠪᠠᠷ ᠰᠢᠪᠦᠭᠡᠷᠡᠵᠦ᠂ 2010 ᠣᠨ ᠳᠤ 41 ᠨᠠᠰᠣᠨ ᠳᠤ ᠪᠠᠨ ᠡᠨᠡ ᠴᠠᠭ ᠤᠨ ᠰᠢᠯᠢᠳᠡᠭ ᠠᠪᠤᠷᠭᠤ ᠶᠢᠨ ᠨᠢᠭᠡ ᠪᠣᠯᠬᠤ ᠪᠠᠳᠤᠵᠢᠷᠭᠠᠯ ᠨᠠᠷ  ᠎ ᠢᠶᠠᠷ ᠳᠣᠯᠤᠭ᠎ᠠ ᠲᠠᠪᠠᠵᠦ᠂ ᠲᠠᠪᠤᠳᠠᠬᠢ ᠣᠳᠠᠭ᠎ᠠ ᠎ ᠪᠠᠨ ᠲᠡᠷᠢᠭᠦᠯᠡᠵᠦ᠂ ᠵᠢᠩᠭᠢᠨᠢ ᠰᠠᠶᠢᠨ ᠪᠥᠬᠡ ᠪᠠᠨ ᠠᠷᠠᠳ ᠲᠦᠮᠡᠨ ᠳᠤ ᠪᠠᠨ ᠲᠠᠭᠢᠨᠳᠠ ᠬᠠᠷᠠᠭᠤᠯᠵᠦ ᠶᠠᠪᠤᠵᠠᠢ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ ᠤᠨ ᠦᠵᠡᠭᠳᠡᠯ ᠬᠠᠩᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号