ᠠᠪᠣᠷᠭᠤ ᠵᠢᠷᠭᠠᠯ | | | ︽ᠪᠣᠯᠠᠭ ᠤᠨ ᠵᠢᠷᠭᠠᠯ︾ ᠭᠡᠵᠦ ᠴᠣᠣ ᠮᠠᠨᠳᠣᠭᠰᠠᠨ ᠡᠨᠡ ᠪᠦᠬᠡ 1967 ᠣᠨ ᠳᠤ ᠣᠳᠣ ᠶᠢᠨ | ᠳᠠᠭᠤᠳᠣᠨᠠᠭᠤᠷ ᠪᠠᠯᠭᠠᠰᠣᠨ ᠤ ᠪᠠᠶᠠᠭᠭᠤᠯᠠ ᠭᠠᠴᠠᠭ᠎ᠠ ᠶᠢᠨ ᠮᠠᠯᠴᠢᠨ ᠪᠠᠭᠠᠲᠣᠷ ᠨᠠᠩᠰᠠᠯ ᠬᠤᠶᠠᠭᠤᠯᠡ ᠶᠢᠨ | ᠬᠤᠶᠠᠳᠣᠭᠠᠷ ᠬᠦᠪᠡᠭᠦᠨ ᠪᠣᠯᠵᠦ ᠵᠠᠶᠠᠭᠠᠵᠠᠢ᠃ | ᠵᠢᠷᠭᠠᠯ 1996 ᠣᠨ ᠳᠤ ᠪᠣᠯᠣᠭᠰᠠᠨ ᠵᠡᠭᠦᠨ ᠦᠵᠦᠮᠦᠴᠢᠨ ᠬᠤᠰᠢᠭᠤᠨ ᠤ1024 ᠪᠦᠬᠡ ᠲᠠᠢ ᠨᠠᠶᠢᠷ ᠲᠤ | ᠪᠠᠷᠠᠭᠤᠨ ᠦᠵᠦᠮᠦᠴᠢᠨ ᠤ ᠪᠦᠳᠣᠭᠦᠨ ᠮᠠᠨᠳᠣᠬᠤ᠂ ᠪᠦᠬᠡ ᠶᠢᠨ ᠶᠡᠭᠡ ᠪᠠᠭᠰᠢ ᠡᠷᠳᠡᠨᠢᠪᠠᠶᠠᠷ᠂ ᠰᠡᠴᠡᠨᠪᠠᠶᠠᠷ ᠨᠠᠷ ᠢ | ᠴᠣᠪᠣᠭᠤᠯᠡᠨ ᠬᠠᠶᠠᠵᠦ ᠮᠠᠨ ᠤ ᠠᠶᠢᠮᠠᠭ ᠤᠨ1024 ᠪᠦᠬᠡ ᠲᠠᠢ ᠶᠡᠭᠡ ᠨᠠᠶᠢᠷ ᠤᠨ ᠲᠡᠷᠢᠭᠦᠨ ᠢ ᠠᠪᠣᠭᠰᠠᠨ | ᠭᠤᠷᠪᠠᠳᠠᠬᠢ ᠠᠪᠣᠷᠭᠤ ᠪᠣᠯᠵᠦ ︽ᠮᠢᠩᠭᠠᠨ ᠤ ᠵᠢᠷᠭᠠᠯ︾ ᠭᠡᠵᠦ ᠠᠯᠳᠠᠷᠰᠢᠭᠰᠠᠨ ᠪᠢᠯᠡ᠃ | ᠵᠢᠷᠭᠠᠯ 1995 ᠣᠨ ᠤ ᠲᠠᠭᠤᠳᠤ ᠶᠢᠨ512 ᠪᠥᠬᠡ ᠳᠤ ᠶᠢᠰᠦ ᠲᠠᠪᠠᠵᠦ ᠲᠡᠷᠢᠭᠦᠯᠠᠵᠠᠢ᠃ | ᠵᠢᠷᠭᠠᠯ ᠣᠳᠣ ᠪᠣᠯᠲᠠᠯ᠎ᠠ 1024 ᠪᠦᠬᠡ ᠲᠠᠢ ᠨᠠᠭᠠᠳᠣᠮ ᠳᠤ 1 ᠣᠳᠠᠭ᠎ᠠ ᠲᠡᠷᠢᠭᠦᠯᠡᠵᠦ᠂ 512 ᠪᠦᠬᠡ | ᠲᠠᠢ ᠨᠠᠭᠠᠳᠣᠮ ᠳᠤ 1 ᠣᠳᠠᠭ᠎ᠠ ᠲᠡᠷᠢᠭᠦᠯᠡᠵᠦ᠂ ᠶᠡᠭᠡ ᠪᠠᠭ᠎ᠠ ᠨᠠᠶᠢᠷ ᠨᠠᠭᠠᠳᠣᠮ ᠳᠤ 60 ᠭᠠᠷᠦᠢ ᠣᠳᠠᠭ᠎ᠠ | ᠲᠡᠷᠢᠭᠦᠯᠡᠵᠦ᠂ 30 ᠭᠠᠷᠦᠢ ᠣᠳᠠᠭ᠎ᠠ ᠳᠡᠳ᠋ᠯᠡᠪᠡ᠃ | ᠮᠣᠩᠭᠤᠯ ᠪᠦᠬᠡ ᠳᠤ ᠪᠡᠨᠣᠳᠣ ᠲᠠᠢ ᠭᠢᠯᠠᠷᠠᠭᠤᠯᠵᠦ ᠶᠠᠪᠣᠭᠰᠠᠨ ᠵᠢᠷᠭᠠᠯ᠂ ᠭᠢᠳᠠᠳ ᠪᠦᠬᠡ ᠶᠢ ᠴᠦ | ᠣᠰᠣᠯᠳᠡᠯ ᠦᠭᠡᠢ ᠰᠠᠶᠢᠨ ᠪᠠᠷᠢᠯᠳᠣᠭᠰᠠᠨ ᠶᠣᠮ᠃ ᠲᠡᠷᠡ ᠣᠷᠢᠳ ᠬᠤᠵᠢᠳ ᠭᠢᠳᠠᠳ ᠪᠥᠬᠡ ᠪᠠᠷ ᠮᠦᠩᠭᠦᠨ | ᠮᠧᠲᠠᠯ 7᠂ ᠬᠦᠷᠡᠯ ᠮᠧᠲᠠᠯ 2 ᠣᠯᠵᠦ᠂ 1994 ᠣᠨ ᠳᠤ ᠭᠢᠳᠠᠳ ᠪᠦᠬᠡ ᠶᠢᠨ ᠣᠯᠣᠰ ᠤᠨ ᠠᠪᠣᠷᠭᠤ ᠴᠣᠯᠠ | ᠬᠦᠷᠲᠡᠵᠢ᠃ |