ᠤᠷᠢᠶᠠᠩᠬᠠᠨ ᠤ᠂ ᠶᠤᠨᠳᠤᠨ | ᠪᠦᠬᠦ ᠤᠯᠤᠰ ᠤᠨ ᠠᠷᠠᠳ ᠤᠨ ᠲᠦᠯᠦᠭᠡᠯᠡᠭᠴᠢ ᠡᠷᠬᠢᠮᠪᠠᠳᠤ ᠤᠨ ᠠᠯᠳᠠᠷ ᠭᠠᠪᠢᠶ᠎ᠠ | — ᠦᠪᠦᠷ ᠮᠤᠩᠭᠤᠯ ᠤᠷᠤᠨ ᠪᠠᠶᠢᠭᠤᠯᠤᠭᠳᠠᠭᠰᠠᠨ | 70 ᠵᠢᠯ ᠤᠨ ᠤᠢ ᠳᠤ ᠵᠤᠷᠢᠭᠤᠯᠪᠠ | | ᠡᠷᠬᠢᠮᠪᠠᠳᠦ ᠪᠤᠯ ᠤᠤᠯ ᠤᠨ ᠰᠢᠯᠢ ᠶᠢᠨ ᠭᠤᠤᠯ ᠴᠢᠭᠤᠯᠭᠭᠠᠨ ᠤ ᠦᠵᠦᠮᠦᠴᠢᠨ ᠪᠠᠷᠠᠭᠤᠨ ᠬᠤᠰᠢᠭᠤᠨ ᠤ | ᠬᠦᠷᠢᠶ᠎ᠡ ᠰᠦᠮ᠎ᠡ ᠶᠢᠨ ᠮᠤᠯᠤᠮ ᠯᠠᠮᠠ ᠶᠢᠨ ᠭᠡᠭᠡᠨ ᠭᠤᠷᠪᠠᠨ ᠬᠤᠷᠢᠨ ᠤ ᠪᠦᠭᠡᠨᠡᠷ ᠬᠤᠷᠢᠨ ᠤ ᠬᠠᠷᠢᠶᠠᠳᠦ ᠤᠤᠬᠤᠳ | ᠤᠪᠤᠭᠳᠦ ᠷᠠᠳᠨ᠎ᠠ ᠶᠢᠨ ᠬᠦᠪᠡᠭᠦᠨ ᠦᠷ᠎ᠡ ᠨᠢ ᠪᠤᠯᠵᠦ᠂ 1922 ᠤᠨ ᠤ ᠬᠠᠷ᠎ᠠ ᠨᠤᠬᠠᠢ ᠵᠢᠯ ᠮᠡᠨᠳᠦᠯᠡᠵᠠᠢ᠂ | ᠤᠷᠢᠶᠠᠩᠬᠠᠨ ᠤᠪᠤᠭᠳᠦ ᠲᠠᠩᠭᠤᠳ ᠤᠨ ᠬᠡᠤᠬᠡᠨ ᠪᠠᠶᠠᠨ ᠦᠷᠡᠴᠢᠯᠡᠨ ᠡᠷᠭᠦᠵᠦ ᠭᠠᠯ ᠭᠤᠯᠤᠮᠳᠠ ᠢᠶᠠᠨ | ᠵᠠᠯᠭᠠᠮᠵᠢᠯᠠᠭᠤᠯᠪᠡ᠃ ᠲᠤᠮᠳᠠᠳᠦ ᠤᠯᠤᠰ ᠤᠨ ᠡᠪ ᠬᠠᠮᠳᠦ ᠨᠠᠮ ᠤᠨ ᠭᠡᠰᠢᠭᠦᠨ᠂ ᠪᠦᠬᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠭᠤᠴᠠᠭᠠᠨ ᠤ ᠲᠦᠯᠦᠭᠡᠯᠡᠭᠴᠢ᠂ ᠲᠤᠮᠳᠠᠳᠦ ᠤᠯᠤᠰ ᠤᠨ | ᠠᠷᠠᠳ ᠤᠨ ᠤᠯᠤᠰ ᠲᠦᠷᠦ ᠶᠢᠨ ᠵᠦᠪᠯᠡᠯᠭᠡᠨ ᠤ ᠲᠦᠷᠪᠡᠳᠦᠭᠡᠷ᠂ ᠲᠠᠪᠤᠳᠤᠭᠠᠷ ᠬᠤᠭᠤᠴᠠᠭᠠᠨ ᠤ ᠭᠡᠰᠢᠭᠦᠨ᠂ | ᠤᠷᠤᠨ ᠤ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢ᠂ ᠵᠡᠭᠦᠨ ᠦᠵᠦᠮᠦᠴᠢᠨ ᠬᠤᠰᠢᠭᠤᠨ ᠤ | ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ | ᠳᠡᠳ᠋ ᠡᠷᠬᠢᠯᠡᠭᠴᠢ ᠪᠠᠷ ᠠᠵᠢᠯᠯᠠᠵᠦ ᠦᠩᠭᠡᠷᠡᠪᠡ᠃ ᠵᠡᠭᠦᠨ ᠦᠵᠦᠮᠦᠴᠢᠨ ᠬᠤᠰᠢᠭᠤᠨ ᠤ ᠡᠬᠡᠪᠤᠯᠠᠭ ᠳᠠᠯᠠᠪᠠᠢ ᠶᠢᠨ | ᠬᠠᠷᠠᠭᠤᠪᠢ ᠰᠠᠯᠪᠤᠷᠢ ᠳᠠᠯᠠᠪᠠᠢ ᠶᠢᠨ ᠬᠦᠮᠦᠨ᠂ ᠪᠠᠰᠠ ᠴᠤ ︽ᠤᠯᠤᠰ ᠤᠨ ᠨᠢᠭᠡᠳᠦᠭᠡᠷ ᠳᠡᠰ ᠤᠨ ᠳᠠᠮᠢᠷᠴᠢᠨ︾᠂ | ᠤᠯᠤᠰ ᠤᠷᠤᠨ ᠳᠠᠭᠠᠨ ᠠᠯᠳᠠᠷᠳᠠᠢ ᠮᠤᠩᠭᠤᠯ ᠪᠦᠬᠡ ᠶᠢᠨ ᠠᠪᠤᠷᠭᠤ ᠶᠠᠪᠤᠭᠰᠠᠨ ᠲᠡᠤᠬᠡᠳᠦ ᠬᠦᠮᠦᠨ ᠪᠢᠯᠡ᠃ | ᠬᠦᠮᠦᠨ ᠤ ᠨᠢᠭᠡ ᠨᠠᠰᠤ ᠶᠢ ᠦᠨᠡᠯᠡᠬᠦ ᠳᠤ ᠵᠦᠪᠬᠡᠨ ᠡᠷᠬᠡ ᠲᠤᠰᠢᠶᠠᠯ ᠪᠠᠶᠠᠨ ᠲᠠᠷᠭᠤᠨ ᠢᠶᠠᠷ ᠨᠢ ᠬᠡᠮᠵᠢᠬᠦ | ᠪᠢᠰᠢ᠂ ᠬᠠᠷᠢᠨ ᠲᠡᠭᠦᠨ ᠤ ᠨᠡᠶᠢᠭᠡᠮ ᠳᠠᠬᠢ ᠭᠠᠪᠢᠶ᠎ᠠ ᠵᠢᠳᠭᠦᠯ ᠪᠠ ᠠᠷᠠᠳ ᠲᠦᠮᠡᠨ ᠳᠤ ᠦᠵᠡᠭᠦᠯᠦᠭᠰᠡᠨ ᠬᠦᠨᠴᠠ | ᠶᠢᠨ ᠬᠡᠮᠵᠢᠶ᠎ᠡ ᠪᠠᠷ ᠲᠤᠭᠳᠠᠭᠠᠭᠳᠠᠬᠤ ᠳᠠᠭᠠᠨ ᠲᠠᠭᠠᠷᠠᠨ᠎ᠠ᠃ ᠠᠬᠠᠮᠠᠳ ᠨᠢᠭᠡᠨ ᠦᠶ᠎ᠡ ᠶᠢᠨ ᠦᠢᠯᠡᠰ ᠪᠦᠳᠦᠭᠡᠭᠰᠡᠨ | ᠤᠯᠠ ᠮᠦᠷ ᠠᠴᠠ ᠦᠨᠡᠯᠡᠰᠢ ᠦᠭᠡᠢ ᠡᠷᠬᠢᠮ ᠲᠡᠭᠡᠳᠦ ᠵᠤᠷᠢᠭ ᠰᠠᠨᠠᠭ᠎ᠠ ᠶᠢ ᠢᠯᠡᠷᠡᠭᠦᠯᠦᠨ᠂ ᠲᠡᠳᠡᠨᠡᠷ ᠠᠴᠠ | ᠰᠤᠷᠤᠯᠴᠠᠨ᠂ ᠲᠠᠭᠤᠷᠢᠶᠠᠯ ᠤᠨ ᠬᠦᠴᠦᠨ ᠪᠤᠯᠭᠠᠵᠦ᠂ ᠠᠵᠢᠯᠴᠢ ᠠᠷᠪᠢᠴᠢ ᠪᠠᠷ ᠭᠡᠷ ᠪᠦᠯᠢ ᠪᠤᠯᠤᠨ ᠦᠢᠯᠡᠰ ᠢᠶᠠᠨ | ᠡᠵᠡᠩᠨᠡᠨ᠂ ᠶᠡᠬᠡᠪᠡᠷ ᠪᠦᠷᠢᠯᠭᠡᠨ ᠰᠦᠢᠳᠭᠡᠬᠦ ᠪᠠ ᠢᠯᠵᠠᠷᠠᠭᠤᠯᠤᠯ ᠢ ᠡᠰᠡᠷᠭᠦᠴᠡᠬᠦ ᠤᠬᠠᠮᠰᠠᠷ ᠢᠶᠠᠨ ᠲᠡᠭᠡᠭᠡᠭᠰᠢᠯᠡᠭᠦᠯᠵᠦ | ᠂ ᠡᠬᠡ ᠤᠷᠤᠨ ᠠᠷᠠᠳ ᠲᠦᠮᠡᠨ ᠳᠡᠭᠡᠨ ᠬᠠᠷᠠᠮ ᠦᠭᠡᠢ ᠵᠢᠳᠭᠦᠯ ᠢᠶᠠᠨ ᠵᠤᠷᠢᠭᠤᠯᠬᠤ ᠶᠠᠪᠤᠳᠠᠯ ᠱᠠᠭᠠᠷᠳᠠᠯᠭ᠎ᠠ ᠪᠤᠯᠤᠨ | ᠲᠤᠯᠭᠠᠷᠠᠵᠦ ᠪᠤᠢ᠃ ᠡᠬᠡᠯ ᠪᠤᠷᠤᠭᠵᠢᠭᠤᠨ ᠮᠠᠯᠴᠢᠨ ᠬᠦᠮᠦᠨ ᠡᠷᠬᠢᠮᠪᠠᠳᠤ ᠭᠤᠸᠠᠢ ᠶᠢᠨ ᠤᠯᠠ ᠮᠦᠷ ᠠᠴᠠ | ᠲᠤᠮᠳᠠᠳᠤ ᠶᠢᠨ ᠦᠨᠳᠦᠰᠦᠳᠡᠨ ᠤ ᠡᠷᠬᠢᠮ ᠲᠡᠭᠡᠳᠦ ᠦᠵᠡᠯ ᠤᠬᠠᠮᠰᠠᠷ ᠤᠨ ᠭᠡᠷᠡᠯ ᠬᠢᠯᠪᠠᠭ᠎ᠠ ᠶᠢ ᠲᠤᠰ ᠲᠡᠤᠬᠡᠨ | ᠨᠠᠮᠳᠠᠷ ᠤᠨ ᠲᠦᠬᠦᠮ ᠲᠤᠭᠠᠴᠢᠯᠳᠠ ᠪᠠᠷ ᠤᠯᠵᠦ ᠬᠠᠷᠠᠬᠤ ᠪᠤᠯᠤᠨ᠎ᠠ᠃ | ᠨᠢᠭᠡ ᠵᠠᠯᠠᠭᠤ ᠢᠳᠡᠷ ᠨᠠᠰᠤᠨ ᠤ ᠡᠷᠬᠢᠮᠪᠠᠳᠤ | ᠡᠷᠬᠢᠮᠪᠠᠳᠤ ᠪᠤᠯ ᠬᠦᠳᠡᠷ ᠴᠢᠬᠢᠷᠠᠭ ᠪᠡᠶ᠎ᠡ ᠳᠡᠭᠡᠨ ᠴᠢᠳᠠᠯ ᠰᠢᠨᠳᠠᠰᠤ ᠶᠢ ᠤᠨᠢᠰᠤᠯᠠᠵᠦ᠂ ᠡᠨᠡᠷᠢᠩᠭᠦᠢ | ᠵᠢᠪᠬᠤᠭᠠᠳᠤ ᠬᠠᠷᠠᠴᠠᠨ ᠳᠠᠭᠠᠨ ᠠᠭᠤᠳᠠᠮ ᠪᠠᠭᠳᠠᠭᠠᠮᠵᠢ ᠶᠢ ᠠᠭᠤᠯᠤᠨ᠂ ᠬᠦᠷᠦᠰᠦᠯᠢᠭ ᠪᠤᠷᠤ ᠴᠢᠷᠠᠢ ᠳᠠᠭᠠᠨ | ᠠᠵᠢᠯᠴᠢ ᠬᠦᠳᠡᠯᠮᠦᠷᠢᠴᠢ ᠶᠢ ᠢᠯᠡᠷᠡᠭᠦᠯᠦᠨ᠂ ᠡᠶᠡᠯᠳᠡᠭ ᠵᠦᠭᠡᠯᠡᠨ ᠵᠠᠩ ᠠᠭᠠᠯᠢ ᠳᠠᠭᠠᠨ ᠪᠤᠯᠪᠠᠰᠤᠨ ᠰᠤᠷᠳᠠᠯ ᠢ | ᠬᠠᠳᠠᠭᠠᠯᠠᠭᠰᠠᠨ᠂ ᠤᠢ ᠪᠢᠯᠢᠭ ᠤᠬᠠᠭᠠᠨ ᠳᠠᠭᠠᠨ ᠠᠯᠤᠰ ᠤᠨ ᠵᠤᠷᠢᠯᠳᠠ ᠶᠢ ᠬᠦᠪᠴᠢᠯᠡᠭᠰᠡᠨ᠂ ᠲᠦᠷᠦ ᠳᠡᠭᠡᠨ | ᠠᠯᠳᠠᠷ ᠲᠠᠢ ᠲᠦᠮᠡᠨ ᠳᠡᠭᠡᠨ ᠵᠢᠳᠭᠦᠯᠳᠡᠢ ᠬᠦᠮᠦᠨ ᠪᠠᠶᠢᠭᠰᠠᠨ ᠶᠤᠮᠳᠠᠭ᠃ ᠨᠠᠰᠤᠳᠠᠶᠢᠴᠦᠳ ᠤᠨ ᠬᠠᠭᠤᠴᠢᠯᠠᠬᠤ ᠪᠠᠷ | ᠡᠷᠬᠢᠮ ᠭᠤᠸᠠᠢ ᠪᠤᠯ ᠶᠡᠭᠡ ᠭᠤᠤᠯᠴᠢ ᠪᠦᠭᠡᠳ ᠲᠡᠭᠦᠨ ᠤ ᠠᠭᠤᠷᠯᠠᠬᠤ᠂ ᠪᠠᠴᠢᠮᠳᠠᠨ ᠰᠠᠨᠳᠤᠷᠬᠤ ᠶᠢ ᠶᠡᠷᠦ ᠠᠴᠠ | ᠦᠵᠡᠭᠡ ᠦᠭᠡᠢ᠂ ᠶᠡᠭᠡ ᠪᠤᠯᠪᠠᠰᠤᠨ ᠵᠠᠩ ᠲᠠᠢ ᠬᠦᠮᠦᠨ ᠶᠤᠮ ᠭᠡᠵᠦ ᠬᠠᠴᠢᠷᠬᠠᠨ ᠮᠠᠭᠳᠠᠵᠠᠭᠠᠳᠠᠭ ᠰᠠᠨ᠃ | ᠡᠷᠬᠢᠮᠪᠠᠳᠤ ᠶᠢ ᠨᠤᠲᠤᠭ ᠤᠰᠤᠨ ᠤ ᠬᠡᠤᠬᠡᠳ ᠲᠠᠭᠦᠤ ᠨᠠᠷ ᠨᠢ ︽ᠡᠷᠬᠢᠮ ᠠᠮᠪᠠ︾ ᠭᠡᠵᠦ ᠬᠦᠨᠳᠦᠯᠡᠨ | ᠡᠷᠭᠦᠮᠵᠢᠯᠡᠳᠡᠭ᠃ ᠤᠷᠢᠶᠠᠩᠬᠠᠨ ᠤᠪᠤᠭᠳᠤ ᠬᠡᠤᠬᠡᠨ ᠪᠠᠶᠠᠨ ᠤ ᠭᠠᠯ ᠭᠤᠯᠤᠮᠳᠠ ᠶᠢ ᠵᠠᠯᠭᠠᠮᠵᠢᠯᠠᠭᠰᠠᠨ ᠢᠶᠠᠷ ︽ | ᠬᠡᠤᠬᠡᠨ ᠤ ᠡᠷᠬᠢᠮᠪᠠᠳᠤ︾ ᠭᠡᠵᠦ ᠠᠯᠳᠠᠷᠰᠢᠭᠰᠠᠨ ᠶᠤᠮ᠃ ᠤᠷᠢᠶᠠᠩᠬᠠᠨ ᠤᠪᠤᠭᠳᠤ ᠭᠠᠯᠳᠠᠨ ᠤ ᠵᠢᠷᠭᠤᠳᠤᠭᠠᠷ | ᠦᠶ᠎ᠡ ᠳᠤ ᠲᠤᠭᠠᠴᠠᠭᠳᠠᠨ᠎ᠠ᠃ | ᠲᠡᠷᠡ᠂ ᠠᠯᠢ ᠡᠷᠳᠡ ᠡᠪ ᠬᠠᠮᠳᠤ ᠨᠠᠮ ᠤᠨ ᠤᠳᠤᠷᠢᠳᠤᠯᠭ᠎ᠠ ᠶᠢ ᠬᠦᠯᠢᠶᠡᠭᠰᠡᠨ ᠡᠬᠡ ᠤᠷᠤᠨᠴᠢ ᠬᠦᠮᠦᠨ | ᠪᠠᠶᠢᠵᠦ᠂ ᠬᠤᠷᠢᠨ ᠵᠢᠷᠭᠤᠭᠠᠳᠠᠢ ᠳᠠᠭᠠᠨ 1948 ᠤᠨ ᠠᠴᠠ ᠠᠷᠠᠳᠴᠢᠯᠠᠭᠰᠠᠨ ᠬᠤᠪᠢᠰᠬᠠᠯ ᠳᠤ ᠤᠷᠤᠯᠴᠠᠵᠦ᠂ | ᠲᠤᠬᠠᠢ ᠶᠢᠨ ᠦᠶ᠎ᠡ ᠶᠢᠨ ᠰᠤᠮᠤ ᠪᠠᠭ ᠢ ᠵᠤᠬᠢᠶᠠᠨ ᠪᠠᠶᠢᠭᠤᠯᠬᠤ᠂ ᠲᠡᠭᠡᠷᠡᠮ ᠢ ᠤᠰᠠᠳᠬᠠᠬᠤ ᠡᠬᠡ ᠤᠷᠤᠨ ᠤ | ᠴᠢᠯᠦᠭᠡᠯᠡᠯᠳᠡ ᠶᠢᠨ ᠦᠢᠯᠡᠰ ᠲᠤ ᠢᠳᠡᠪᠬᠢᠳᠡᠢ ᠤᠷᠤᠯᠴᠠᠵᠦ ᠬᠦᠴᠦᠨ ᠴᠢᠳᠠᠯ ᠢᠶᠠᠨ ᠡᠷᠭᠦᠨ ᠶᠠᠪᠤᠭᠰᠠᠨ ᠶᠤᠮ᠃ | ᠲᠠᠪᠢᠭᠠᠳ ᠤᠨ ᠤ ᠡᠬᠢ ᠪᠠᠷ᠂ ᠠᠮᠧᠷᠢᠺᠠ ᠶᠢ ᠡᠰᠡᠷᠭᠦᠴᠡᠨ ᠰᠤᠯᠤᠩᠭᠤᠰ ᠢ ᠲᠤᠰᠠᠯᠠᠬᠤ ᠳᠠᠶᠢᠨ ᠳᠤ ᠶᠡᠭᠡ | ᠬᠡᠮᠵᠢᠶᠡᠨ ᠤ ᠴᠡᠷᠢᠭ ᠤᠨ ᠠᠭᠳᠠ ᠪᠤᠯᠤᠨ ᠡᠳ᠋ ᠪᠤᠳᠠᠰ ᠵᠤᠭᠤᠰ ᠮᠦᠩᠭᠦ ᠪᠠᠷ ᠳᠡᠮᠵᠢᠨ ᠲᠤᠰᠠᠯᠠᠵᠦ᠂ ᠤᠯᠤᠰ ᠢᠶᠠᠨ | ᠬᠠᠶᠢᠷᠠᠯᠠᠬᠤ ᠦᠵᠡᠯ ᠢᠨᠲ᠋ᠧᠷᠨᠠᠼᠢᠤᠨᠠᠯ ᠤᠨ ᠵᠤᠷᠢᠭ ᠰᠠᠨᠠᠭ᠎ᠠ ᠶᠢ ᠢᠯᠡᠷᠡᠭᠦᠯᠵᠠᠢ᠃ ᠡᠨᠡ ᠲᠤᠬᠠᠢ ᠰᠤᠯᠤᠩᠭᠤᠰ | ᠤᠯᠤᠰ ᠤᠨ ᠲᠡᠷᠢᠭᠦᠯᠡᠭᠴᠢ ᠶᠢᠨ ᠷᠾᠢ ᠴᠧᠩ ᠪᠡᠭᠡᠵᠢᠩ ᠳᠤ ᠠᠶᠢᠯᠴᠢᠯᠠᠬᠤ ᠳᠠᠭᠠᠨ ᠡᠷᠬᠢᠮᠪᠠᠳᠤ ᠠᠮᠪᠠ ᠶᠢ | ᠰᠤᠷᠠᠭᠯᠠᠵᠦ ᠪᠠᠶᠢᠭᠰᠠᠨ ᠤᠳᠠᠭ᠎ᠠ ᠲᠠᠢ ᠭᠡᠳᠡᠭ᠃ | ᠡᠷᠬᠢᠮᠪᠠᠳᠤ ᠶᠢᠨ ᠬᠢᠨ ᠤ ᠲᠤᠬᠠᠢ ᠡᠶᠢᠮᠦ ᠦᠯᠢᠭᠡᠷ ᠪᠠᠶᠢᠳᠠᠭ᠄ ᠲᠦᠴᠢᠭᠡᠳ ᠤᠨ ᠤ ᠲᠤᠮᠳᠠᠴᠢ ᠪᠠᠷ ᠨᠢᠭᠡ | ᠪᠦᠯᠦᠭ ᠠᠶᠢᠯ ᠡᠷᠦᠬᠡ ᠮᠤᠩᠭᠤᠯ ᠤᠯᠤᠰ ᠲᠤ ᠲᠠᠶᠢᠴᠢᠯᠠᠭᠳᠠᠨ ᠨᠡᠬᠦᠬᠦ ᠶᠠᠪᠤᠳᠠᠯ ᠭᠠᠷᠴᠠᠢ᠃ ᠡᠨᠡ ᠦᠶ᠎ᠡ ᠳᠤ᠂ | ᠡᠷᠬᠢᠮᠪᠠᠳᠤ ᠶᠢᠨ ᠡᠷᠭᠦᠭᠰᠡᠨ ᠠᠪᠤ ᠲᠠᠩᠭᠤᠳ ᠤᠨ ᠬᠡᠤᠬᠡᠨ ᠢᠶᠠᠷ ᠬᠤᠶᠢᠳᠦ ᠬᠢᠯᠢ ᠶᠢᠨ ᠵᠠᠭᠠᠭ ᠪᠤᠯᠬᠤ ᠬᠠᠯᠳᠠᠷ ᠤᠨ | ᠬᠤᠰᠢᠭᠤ ᠬᠠᠪᠢ ᠪᠠᠷ ᠪᠠᠭᠤᠭᠰᠠᠨ ᠢᠶᠠᠨ ᠬᠦᠪᠡᠭᠦᠨ ᠡᠷᠬᠢᠮᠪᠠᠳᠤ ᠲᠠᠢ ᠪᠠᠨ ᠵᠦᠪᠳᠡᠯᠴᠡᠭᠡᠳ ᠪᠤᠴᠠᠵᠦ ᠨᠡᠭᠦᠭᠦ ᠪᠠᠷ | ᠪᠤᠯᠵᠠᠢ᠃ ᠢᠩᠭᠢᠭᠡᠳ ᠪᠦᠭᠡᠨᠠᠷ ᠠᠶᠢᠮᠠᠭ ᠤᠨ ᠠᠶᠢᠯ ᠡᠷᠦᠭᠡ ᠤᠨ ᠲᠦᠷᠦᠭᠦᠴᠦᠳ ᠲᠤ ᠬᠡᠯᠡᠬᠦ ᠳᠡᠭᠡᠨ᠄ ︽ᠡᠬᠡ | ᠨᠤᠲᠤᠭ ᠭᠡᠳᠡᠭ ᠡᠷᠳᠡᠨᠢ ᠶᠤᠮ᠃ ᠬᠦᠮᠦᠨ ᠤ ᠭᠠᠵᠠᠷ ᠤᠨ ᠲᠤᠰᠤ ᠶᠢ ᠤᠤᠭᠤᠬᠤ ᠪᠠᠷ ᠦᠪᠡᠷ ᠤᠨ ᠨᠤᠲᠤᠭ ᠡᠬᠡ | ᠤᠷᠤᠨ ᠤ ᠪᠠᠨ ᠤᠰᠤ ᠶᠢ ᠨᠢ ᠤᠤᠭᠤᠭᠰᠠᠨ ᠨᠢ ᠲᠡᠭᠡᠷ᠎ᠡ ᠪᠠᠶᠢᠬᠤ︕ ᠨᠡᠭᠦᠵᠦ ᠶᠠᠪᠤᠬᠤ ᠲᠤᠷ᠎ᠠ ᠦᠭᠡᠢ ᠨᠢ ᠨᠠᠮᠠᠶᠢ | ᠲᠠᠭᠠᠭᠠᠳ ᠪᠤᠴᠠ︾ ᠭᠡᠵᠦ ᠬᠡᠯᠡᠭᠡᠳ ᠮᠠᠰᠢ ᠤᠯᠠᠨ ᠠᠶᠢᠯ ᠡᠷᠦᠬᠡ ᠪᠠᠨ ᠲᠠᠭᠠᠭᠤᠯᠤᠨ ᠪᠤᠴᠠᠵᠦ ᠨᠡᠭᠦᠭᠰᠡᠨ ᠪᠠᠶᠢᠵᠠᠢ᠃ | ᠡᠷᠬᠢᠮᠪᠠᠳᠤ ᠶᠢᠨ ᠲᠤᠷᠠᠰᠤᠮᠵᠢᠯᠠᠬᠤ ᠪᠠᠷ᠄ ︽ᠢᠩᠭᠢᠭᠡᠳ ᠮᠠᠨ ᠤ ᠬᠢᠨ ᠤᠷᠤᠨ ᠠᠴᠠ ᠪᠠᠨ ᠤᠭᠰᠢᠵᠦ᠂ ᠲᠡᠩᠰᠢᠵᠦ | ᠲᠡᠷᠪᠡᠭᠰᠡᠨ ᠦᠭᠡᠢ ᠤᠤᠭᠠᠯ ᠨᠤᠲᠤᠭ ᠲᠠᠭᠠᠨ ᠲᠤᠷ᠎ᠠ ᠪᠠᠷ ᠢᠶᠠᠨ ᠠᠮᠢᠳᠤᠷᠠᠭᠰᠠᠨ ᠶᠤᠮ︾ ᠭᠡᠳᠡᠭ᠃ ᠲᠡᠭᠡᠬᠦ ᠳᠤ | ᠡᠷᠬᠢᠮᠪᠠᠳᠤ ᠶᠢᠨ ᠲᠦᠷᠦᠭᠰᠡᠨ ᠠᠪᠤ ᠷᠠᠳᠨ᠎ᠠ ᠶᠢᠨ ᠬᠢᠨ ᠮᠤᠩᠭᠤᠯ ᠤᠯᠤᠰ ᠲᠤ ᠨᠡᠭᠦᠵᠦ ᠤᠷᠤᠭᠰᠠᠨ ᠴᠤ ᠲᠠᠭᠠᠵᠦ | ᠶᠠᠪᠤᠭᠰᠠᠨ ᠦᠭᠡᠢ ᠰᠠᠶᠢᠬᠠᠨ ᠲᠤᠷᠠᠳᠬᠠᠯ ᠲᠠᠢ ᠪᠢᠯᠡ᠃ | ᠲᠤᠬᠠᠢ ᠶᠢᠨ ᠦᠶ᠎ᠡ ᠡᠷᠬᠢᠮᠪᠠᠳᠤ ᠭᠤᠸᠠᠢ ᠪᠠᠷᠠᠭᠤᠨ ᠦᠵᠦᠮᠦᠴᠢᠨ ᠤ ᠠᠷᠪᠠᠨ ᠨᠢᠭᠡᠳᠦᠭᠡᠷ ᠰᠤᠮᠤ ᠶᠢᠨ | ᠠᠵᠢᠯᠯᠠᠭᠴᠢ ᠪᠤᠯᠵᠦ᠂ ᠬᠤᠯᠠᠭᠠᠢ ᠲᠡᠭᠡᠷᠡᠮ ᠢ ᠠᠷᠢᠯᠭᠠᠬᠤ ᠲᠠᠶᠢᠨ ᠪᠠᠶᠢᠯᠳᠤᠭᠠᠨ ᠳᠤ ᠡᠷᠡᠯᠭᠡᠭᠯᠡᠨ ᠲᠡᠮᠡᠴᠡᠭᠰᠡᠨ | ᠠᠷᠠᠳ ᠤᠨ ᠴᠢᠯᠦᠭᠡᠯᠡᠬᠦ ᠴᠡᠷᠢᠭ ᠲᠤ ᠤᠷᠢᠳ ᠬᠤᠵᠢᠳ ᠬᠤᠷᠢ ᠢᠯᠡᠭᠦᠤ ᠠᠭᠳᠠ ᠮᠤᠷᠢ ᠬᠦᠷᠭᠡᠵᠦ᠂ ᠠᠷᠪᠠᠨ | ᠨᠢᠭᠡᠳᠦᠭᠡᠷ ᠳ᠋ᠢᠸᠢᠽᠢ ᠶᠢᠨ ᠲᠠᠷᠤᠭ᠎ᠠ ᠪᠠᠶᠢᠯᠳᠤᠭᠴᠢᠳ ᠲᠤ ᠮᠤᠩᠭᠤᠯ ᠲᠡᠪᠡᠯ ᠬᠤᠪᠴᠠᠰᠤ᠂ ᠲᠡᠮᠡᠭᠡ ᠪᠤᠶᠤ ᠠᠭᠳᠠ | ᠠᠷᠪᠠ ᠭᠠᠷᠤᠢ ᠲᠤᠯᠤᠭᠠᠢ ᠪᠠᠷ ᠲᠤᠰᠠᠯᠠᠨ ᠬᠠᠪᠰᠤᠷᠴᠤ᠂ ᠪᠠᠶᠢᠯᠳᠤᠭᠠᠨ ᠤ ᠡᠭᠦᠷᠭᠡ ᠢᠶᠠᠨ ᠪᠡᠶᠡᠯᠡᠭᠦᠯᠬᠦ ᠳᠤ | ᠰᠠᠨᠠᠭᠠᠴᠢᠯᠭ᠎ᠠ ᠲᠠᠢ ᠪᠠᠷ ᠨᠦᠬᠦᠴᠡᠯ ᠬᠠᠩᠭᠠᠳᠠᠭ ᠪᠠᠶᠢᠵᠠᠢ᠃ ᠵᠠᠷᠢᠮ ᠬᠦᠮᠦᠨ ᠡᠷᠬᠢᠮᠪᠠᠳᠤ ᠳᠤ᠄ ︽ᠡᠮᠦᠨ᠎ᠡ ᠠᠶᠢᠮᠠᠭ | ᠬᠤᠰᠢᠭᠤᠳ ᠲᠤ ᠪᠠᠶᠠᠳ ᠨᠤᠶᠠᠳ ᠢ ᠲᠡᠮᠡᠴᠡᠵᠦ ᠬᠦᠷᠦᠩᠬᠡ ᠶᠢ ᠨᠢ ᠬᠤᠷᠢᠶᠠᠵᠦ ᠪᠠᠶᠢᠨ᠎ᠠ ᠭᠡᠨ᠎ᠡ᠂ ᠴᠢ | ᠬᠤᠳᠤᠷᠢᠩᠭᠠ ᠶᠢ ᠲᠠᠭᠠᠬᠤ ᠦᠭᠡᠢ ᠶᠠᠭᠤᠨ ᠳᠤ ᠪᠤᠴᠠᠵᠦ ᠢᠷᠡᠭᠰᠡᠨ ᠪᠤᠢ︖︾ ᠭᠡᠬᠦ ᠳᠤ᠄ ︽ᠠᠭᠤᠯᠠ ᠶᠢᠨ | ᠲᠡᠭᠡᠷᠡᠮ ᠢ ᠲᠠᠭᠠᠬᠤ ᠪᠠᠷ ᠤᠯᠤᠰ ᠤᠨ ᠶᠤᠰᠤ ᠶᠢ ᠲᠠᠭᠠᠭᠰᠠᠨ ᠨᠢ ᠲᠡᠭᠡᠷ᠎ᠡ ᠪᠠᠶᠢᠯᠭᠦᠢ︾ ᠭᠡᠵᠦ ᠦᠬᠡ ᠴᠢᠭᠴᠢ | ᠦᠵᠡᠯᠳᠡ ᠲᠤᠲᠤᠷᠬᠠᠢ ᠦᠨᠡᠨ ᠰᠠᠨᠠᠭ᠎ᠠ ᠪᠠᠨ ᠬᠡᠯᠡᠭᠰᠡᠨ ᠬᠡᠯᠡᠵᠡᠢ᠃ | ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠨᠡᠶᠢᠭᠡᠮ ᠵᠢᠷᠤᠮᠳᠤ ᠦᠭᠡᠷᠡᠴᠢᠯᠡᠯᠳᠡ ᠳᠤ | ᠤᠷᠤᠯᠴᠠᠨ᠂ 1951 ᠤᠨ ᠠᠴᠠ ᠰᠢᠯᠢ ᠶᠢᠨ ᠭᠤᠤᠯ ᠠᠶᠢᠮᠠᠭ ᠤᠨ ᠠᠷᠠᠳ ᠤᠨ ᠵᠦᠪᠯᠡᠯ ᠤᠨ ᠭᠡᠰᠢᠭᠦᠨ ᠤ | ᠨᠡᠶᠢᠭᠡᠮ ᠤᠨ ᠲᠤᠰᠢᠶᠠᠯ ᠢ ᠬᠠᠷᠢᠭᠤᠴᠠᠵᠦ ᠪᠠᠶᠢᠬᠤ ᠬᠤᠭᠤᠴᠠᠭᠠᠨ ᠳᠤ ᠵᠡᠭᠦᠨ ᠬᠤᠯᠪᠤᠭᠠᠳᠤ ᠬᠤᠰᠢᠭᠤᠨ ᠤ 1953 | ᠤᠨ ᠢᠶᠠᠷ ᠤᠩᠭᠤᠢ ᠳᠤ ᠪᠤᠯᠤᠭᠰᠠᠨ ᠠᠩᠬᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠳᠤ ᠲᠤᠯᠤ ᠰᠤᠮᠤᠨ ᠤ ᠵᠢᠷᠭᠤᠭ᠎ᠠ ᠪᠠᠭ ᠤᠨ ᠮᠠᠯᠴᠢᠨ ᠲᠦᠮᠡᠨ ᠢᠶᠠᠨ ᠲᠦᠯᠦᠭᠡᠯᠡᠵᠦ ᠤᠷᠤᠯᠴᠠᠭᠰᠠᠨ ᠪᠠᠶᠢᠭ᠎ᠠ | ᠶᠤᠮ᠃ | 1952 ᠤᠨ ᠳᠤ᠂ ᠡᠷᠬᠢᠮᠪᠠᠳᠦ᠂ ᠵᠡᠭᠦᠨ ᠬᠤᠯᠪᠤᠭᠠᠳᠤ ᠬᠤᠰᠢᠭᠤᠨ ᠤ ᠬᠠᠩᠭᠠᠨ ᠪᠤᠷᠤᠯᠠᠭᠤᠯᠬᠤ | ᠬᠤᠷᠰᠢᠶ᠎ᠠ ᠠᠩᠬᠠᠯᠠᠨ ᠪᠠᠶᠢᠭᠤᠯᠤᠭᠳᠠᠬᠤ ᠦᠶ᠎ᠡ ᠳᠤ᠂ 6000 ᠮᠦᠩᠭᠦᠨ ᠵᠤᠭᠤᠰᠤᠨ ᠤ ᠶᠡᠬᠡᠡ ᠪᠠᠯᠠ ᠶᠢ | ᠬᠠᠨᠳᠢᠪᠯᠠᠭᠰᠠᠨ ᠢᠶᠠᠷ ᠪᠤᠶᠢᠳᠡ ᠪᠦᠭᠯᠡᠭᠦᠤ ᠵᠠᠮ ᠨᠡᠪᠳᠡᠷᠡᠯᠭᠡ ᠲᠦᠬᠦᠮ ᠦᠭᠡᠢ ᠲᠠᠷᠬᠠᠢ ᠪᠤᠳᠠᠷᠬᠠᠢ ᠮᠠᠯᠵᠢᠬᠤ ᠤᠷᠤᠨ | ᠳᠤ ᠠᠷᠠᠯᠵᠢᠶ᠎ᠠ ᠬᠤᠳᠠᠯᠳᠤᠭ᠎ᠠ ᠶᠢ ᠬᠦᠭᠵᠢᠶᠡᠨ ᠲᠠᠢ ᠪᠤᠯᠵᠦ᠂ ᠠᠷᠠᠳ ᠮᠠᠯᠴᠢᠳ ᠤᠨ ᠠᠮᠢᠳᠤᠷᠠᠯ ᠤᠨ ᠪᠤᠳᠠᠰ ᠤᠨ | ᠬᠡᠷᠡᠭᠴᠡᠭᠡ ᠶᠢ ᠬᠠᠩᠭᠠᠬᠤ ᠳᠤ ᠴᠢᠬᠤᠯᠠ ᠦᠢᠯᠡᠳᠦᠯ ᠦᠵᠡᠭᠦᠯᠦᠭᠰᠡᠨ ᠪᠠᠶᠢᠪᠠ᠃ | 1954 ᠤᠨ ᠳᠤ᠂ ᠦᠪᠦᠷ ᠮᠤᠩᠭᠤᠯ ᠤᠨ ᠵᠠᠰᠠᠭ ᠤᠨ ᠤᠷᠳᠤᠨ ᠠᠴᠠ ᠵᠤᠬᠢᠶᠠᠨ ᠪᠠᠶᠢᠭᠤᠯᠤᠭᠰᠠᠨ | ᠲᠤᠭᠤᠷᠢᠨ ᠰᠤᠷᠤᠯᠴᠠᠬᠤ ᠪᠦᠯᠬᠦᠮ ᠳᠤ ᠤᠷᠤᠯᠴᠠᠵᠦ᠂ ᠱᠧᠨᠶᠠᠩ᠂ ᠴᠠᠩᠴᠦᠨ᠂ ᠱᠠᠩᠬᠠᠢ᠂ ᠨᠠᠨᠵᠢᠩ᠂ ᠶᠠᠨ ᠠᠨ᠂ | ᠪᠡᠭᠡᠵᠢᠩ ᠵᠡᠷᠭᠡ ᠠᠷᠪᠠ ᠭᠠᠷᠤᠢ ᠭᠠᠵᠠᠷ ᠲᠤ ᠬᠦᠷᠴᠦ ᠨᠢᠳᠦ ᠨᠡᠭᠡᠭᠡᠨ ᠤᠯᠤᠰ ᠤᠨ ᠬᠦᠭᠵᠢᠯᠳᠡ ᠶᠢ ᠰᠤᠨᠢᠷᠬᠠᠭᠰᠠᠨ | ᠪᠦᠭᠡᠳ ᠲᠤᠰ ᠵᠢᠯ ᠤᠨ ᠠᠷᠪᠠᠨ ᠰᠠᠷ᠎ᠠ ᠶᠢᠨ ᠨᠢᠭᠡᠨ ᠤ ᠤᠯᠤᠰ ᠤᠨ ᠪᠠᠶᠠᠷ ᠢ ᠪᠡᠯᠭᠡᠯᠡᠬᠦ ᠶᠤᠰᠤᠯᠠᠯ ᠳᠤ ᠤᠷᠤᠯᠴᠠᠵᠦ | ᠂ ᠮᠠᠤ ᠽᠧ ᠳ᠋ᠦᠩ ᠲᠡᠷᠢᠭᠦᠯᠡᠭᠴᠢ ᠶᠢᠨ ᠶᠠᠷᠢᠶ᠎ᠠ ᠶᠢ ᠰᠤᠨᠤᠰᠴᠤ᠂ ᠲᠢᠶᠠᠨ ᠠᠨ ᠮᠧᠨ ᠠᠰᠠᠷ ᠲᠡᠭᠡᠷ᠎ᠡ ᠭᠠᠷᠴᠤ ᠨᠠᠮ | ᠲᠦᠷᠦ ᠶᠢᠨ ᠤᠳᠤᠷᠢᠳᠤᠭᠴᠢᠳ ᠤᠨ ᠠᠭᠤᠯᠵᠠᠯᠳᠠ ᠶᠢ ᠬᠦᠯᠢᠶᠡᠵᠦ᠂ ᠬᠠᠮᠳᠤ ᠰᠡᠭᠦᠳᠡᠷ ᠲᠠᠳᠠᠭᠤᠯᠵᠦ ᠦᠯᠡᠳᠡᠭᠡᠭᠰᠡᠨ | ᠨᠢ ᠲᠡᠭᠦᠨ ᠳᠤ ᠡᠬᠡ ᠤᠯᠤᠰ ᠢᠶᠠᠨ ᠬᠠᠶᠢᠷᠠᠯᠠᠬᠤ᠂ ᠨᠡᠶᠢᠭᠡᠮ ᠵᠢᠷᠤᠮ ᠢᠶᠠᠨ ᠬᠦᠷᠢᠶᠡᠯᠡᠬᠦ ᠤᠬᠠᠮᠰᠠᠷ ᠢ | ᠲᠡᠭᠡᠭᠰᠢᠯᠡᠭᠦᠯᠵᠦ᠂ ᠨᠡᠶᠢᠭᠡᠮ ᠠᠷᠠᠳ ᠲᠦᠮᠡᠨ ᠳᠤ ᠦᠢᠯᠡᠴᠢᠯᠡᠬᠦ ᠢᠳᠡᠪᠬᠢᠵᠢᠯ ᠢ ᠨᠢ ᠤᠯᠠᠮ ᠪᠠᠳᠠᠷᠠᠭᠤᠯᠤᠭᠰᠠᠨ ᠶᠤᠮ | ᠃ ᠡᠷᠬᠢᠮᠪᠠᠳᠤ ᠶᠢᠨ ᠴᠢᠯᠦᠭᠡᠯᠡᠬᠦ ᠲᠠᠶᠢᠨ ᠢ ᠲᠡᠮᠵᠢᠭᠰᠡᠨ᠂ ᠠᠮᠧᠷᠢᠺᠠ ᠶᠢ ᠡᠰᠡᠷᠭᠦᠴᠡᠨ ᠰᠤᠯᠤᠩᠭᠤᠰ ᠢ ᠲᠤᠰᠠᠯᠠᠬᠤ | ᠳᠠᠶᠢᠨ ᠳᠤ ᠶᠡᠭᠡ ᠲᠤᠰᠠᠯᠠᠮᠵᠢ ᠦᠭᠭᠦᠭᠰᠡᠨ ᠦᠢᠯᠡ ᠠᠵᠢᠯᠯᠠᠭ᠎ᠠ ᠨᠢ ᠲᠦᠪ ᠠᠴᠠ ᠦᠨᠳᠦᠷ ᠦᠨᠡᠯᠡᠭᠰᠡᠨ ᠢᠶᠠᠨ | 1955 ᠤᠨ ᠤ ᠪᠦᠬᠦ ᠤᠯᠤᠰ ᠤᠨ ᠪᠠᠭᠠᠳᠤᠷᠴᠦᠳ ᠤᠨ ᠶᠡᠭᠡ ᠬᠤᠷᠠᠯ ᠲᠡᠭᠡᠷ᠎ᠡ ︽ᠬᠦᠳᠡᠯᠮᠦᠷᠢ ᠶᠢᠨ ᠪᠠᠭᠠᠳᠤᠷ︾ | ᠢᠶᠠᠷ ᠰᠠᠶᠢᠰᠢᠶᠠᠨ ᠠᠯᠳᠠᠨ ᠮᠧᠲ᠋ᠠᠯ ᠢᠶᠠᠷ ᠭᠦᠬᠢᠭᠦᠯᠦᠭᠳᠡᠪᠡ᠃ | 1956 ᠤᠨ ᠳᠤ ᠡᠬᠡᠪᠤᠯᠠᠭ ᠤᠯᠤᠰ ᠬᠤᠪᠢ ᠬᠤᠷᠰᠢᠭᠰᠠᠨ ᠮᠠᠯᠵᠢᠯ ᠤᠨ ᠲᠠᠯᠠᠪᠠᠢ ᠶᠢ ᠡᠭᠦᠰᠭᠡᠨ | ᠪᠠᠶᠢᠭᠤᠯᠤᠨ ᠲᠠᠷᠤᠭᠠᠯᠠᠵᠦ᠂ ᠦᠵᠦᠮᠦᠴᠢᠨ ᠤ ᠦᠵᠦᠭᠦᠷ ᠪᠠᠶᠠᠨ ᠤ ᠬᠤᠪᠢ ᠪᠠᠷ ᠪᠤᠳᠠ ᠪᠤᠭ ᠭᠤᠤᠯᠯᠠᠭᠰᠠᠨ ᠲᠦᠮᠡ | ᠭᠠᠷᠤᠢ ᠮᠠᠯ ᠤᠨ ᠬᠦᠷᠦᠩᠭᠡ ᠪᠠᠷ ᠬᠠᠮᠳᠤ ᠨᠠᠶᠢᠳᠠ ᠳᠤ ᠪᠡᠯᠡ ᠤᠷᠤᠭᠤᠯᠤᠯᠳᠠ ᠬᠢᠭᠰᠡᠨ ᠪᠠᠶᠢᠳᠠᠭ᠃ ᠦᠪᠡᠷᠳᠡᠭᠡᠨ | ᠵᠦᠪᠬᠡᠨ ᠰᠠᠭᠤᠬᠤ ᠠᠴᠠ ᠮᠤᠩᠭᠤᠯ ᠭᠡᠷ᠂ ᠤᠨᠤᠬᠤ ᠠᠴᠠ ᠴᠢᠳᠤᠷ ᠤᠨ ᠮᠤᠷᠢ᠂ ᠠᠮᠢᠳᠤᠷᠠᠯ ᠳᠠᠭᠠᠨ ᠲᠠᠪᠢᠭᠠᠳ | ᠲᠤᠯᠤᠭᠠᠢ ᠬᠤᠨᠢ ᠠᠪᠴᠤ ᠬᠤᠴᠤᠷᠠᠯ᠎ᠠ ᠭᠡᠳᠡᠭ᠃ ᠡᠨᠡ ᠨᠢ ᠦᠪᠦᠷ ᠮᠤᠩᠭᠤᠯ ᠤᠷᠤᠨ ᠤ ᠬᠠᠮᠤᠭ ᠠᠩᠬᠠᠨ ᠤ | ᠤᠯᠤᠰ ᠬᠤᠪᠢ ᠶᠢᠨ ᠬᠤᠷᠰᠢᠭᠰᠠᠨ ᠮᠠᠯᠵᠢᠯ ᠤᠨ ᠲᠠᠯᠠᠪᠠᠢ ᠪᠤᠯᠤᠭᠰᠠᠨ ᠪᠠᠶᠢᠨ᠎ᠠ᠃ ᠲᠤᠰ ᠦᠢᠯᠡ ᠶᠠᠪᠤᠳᠠᠯ ᠢ ᠨᠠᠮ | ᠤᠨ ᠲᠦᠪ ᠬᠤᠷᠢᠶ᠎ᠠ ᠠᠴᠠ ᠬᠦᠨᠳᠦᠳᠭᠡᠨ ᠦᠵᠡᠵᠦ᠂ ᠮᠠᠤ ᠽᠧ ᠳ᠋ᠦᠩ᠂ ᠯᠢᠤ ᠱᠤᠤ ᠴᠢ᠂ ᠵᠤ᠋ ᠳ᠋ᠧ ᠵᠡᠷᠭᠡ ᠨᠠᠮ | ᠲᠦᠷᠦ ᠶᠢᠨ ᠤᠳᠤᠷᠢᠳᠤᠭᠴᠢᠳ ᠴᠠᠬᠢᠯᠭᠠᠨ ᠢᠷᠡᠭᠦᠯᠵᠦ ᠪᠠᠶᠠᠷ ᠬᠦᠷᠭᠡᠭᠰᠡᠨ ᠤ ᠬᠠᠮᠳᠤ ᠡᠷᠬᠢᠮᠪᠠᠳᠤ ᠶᠢ ︽ | ᠦᠭᠡᠶᠢᠭᠦᠤ ᠠᠩᠬᠢ ᠶᠢᠨ ᠭᠠᠪᠰᠢᠭᠠᠶᠢᠯᠠᠭᠴᠢ︾ ᠭᠡᠵᠦ ᠦᠨᠳᠦᠷ ᠦᠨᠡᠯᠡᠵᠡᠢ᠃ ᠲᠡᠷᠡ᠂ ᠮᠠᠤ ᠽᠧ ᠳ᠋ᠦᠩ᠂ ᠯᠢᠤ | ᠱᠤᠤ ᠴᠢ ᠵᠡᠷᠭᠡ ᠨᠠᠮ ᠲᠦᠷᠦ ᠶᠢᠨ ᠤᠳᠤᠷᠢᠳᠤᠭᠴᠢᠳ ᠲᠠᠢ ᠤᠯᠠᠨᠳᠠ ᠠᠭᠤᠯᠵᠠᠨ ᠦᠩᠭᠡᠷᠡᠭᠰᠡᠨ ᠪᠦᠭᠡᠳ | ᠤᠯᠠᠭᠠᠠᠬᠦᠤ ᠲᠡᠷᠢᠭᠦᠯᠡᠭᠴᠢ ᠶᠢᠨ ᠬᠠᠮᠳᠤ ᠦᠪᠦᠷ ᠮᠤᠩᠭᠤᠯ ᠤᠷᠤᠨ ᠢᠶᠠᠨ ᠲᠦᠯᠦᠭᠡᠯᠡᠵᠦ᠂ ᠪᠦᠬᠦ ᠤᠯᠤᠰ ᠤᠨ | ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠤᠷᠤᠯᠴᠠᠭᠰᠠᠨ ᠠᠩᠬᠠᠨ ᠤ ᠮᠠᠯᠴᠢᠨ ᠲᠦᠯᠦᠭᠡᠯᠡᠭᠴᠢ ᠶᠢᠨ | ᠨᠢᠭᠡ ᠨᠢ ᠪᠤᠯᠤᠭᠰᠠᠨ ᠰᠠᠶᠢᠬᠠᠨ ᠲᠤᠷᠠᠳᠬᠠᠯ ᠲᠠᠢ ᠪᠢᠯᠡ᠃ 1956 ᠤᠨ ᠠᠴᠠ ᠰᠢᠯᠢ ᠶᠢᠨ ᠭᠤᠤᠯ ᠠᠶᠢᠮᠠᠭ ᠤᠨ | ᠵᠠᠰᠠᠭ ᠤᠨ ᠤᠷᠳᠤᠨ ᠤ ᠭᠡᠰᠢᠭᠦᠨ᠂ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠪᠠᠶᠢᠩᠭᠤ ᠶᠢᠨ ᠭᠡᠰᠢᠭᠦᠨ᠂ | ᠦᠪᠦᠷ ᠮᠤᠩᠭᠤᠯ ᠤᠨ ᠠᠷᠠᠳ ᠤᠨ ᠲᠦᠯᠦᠭᠡᠯᠡᠭᠴᠢ ᠵᠡᠷᠭᠡ ᠨᠠᠶᠢᠭᠡᠮ ᠤᠨ ᠴᠢᠬᠤᠯᠠ ᠪᠦᠬᠦᠢ ᠡᠭᠦᠷᠭᠡ ᠲᠤᠰᠢᠶᠠᠯ ᠢ | 1963 ᠤᠨ ᠪᠤᠯᠳᠠᠯ᠎ᠠ ᠬᠠᠪᠰᠤᠷᠭᠠᠨ ᠬᠠᠷᠢᠭᠤᠴᠠᠵᠦ᠂ ᠬᠦᠬᠡᠬᠤᠳᠠ ᠳᠤ ᠪᠤᠯᠤᠭᠰᠠᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠳᠤ ᠢᠷᠠᠭᠤ ᠠᠯᠳᠠᠷᠳᠠᠢ ᠪᠠᠷ ᠤᠷᠤᠯᠴᠠᠭᠰᠠᠨ ᠶᠤᠮᠰᠠᠨ᠃ | 1958 ᠤᠨ ᠤ ᠵᠤᠨ᠂ ᠯᠠᠮᠠ ᠬᠦᠷᠢᠶ᠎ᠡ ᠳᠤ ᠪᠤᠯᠤᠭᠰᠠᠨ ᠵᠡᠭᠦᠨ ᠦᠵᠦᠮᠦᠴᠢᠨ ᠬᠤᠰᠢᠭᠤᠨ ᠤ | ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠡᠬᠡᠪᠤᠯᠠᠭ ᠮᠠᠯᠵᠢᠯ ᠤᠨ | ᠲᠠᠯᠠᠪᠠᠢ ᠶᠢᠨ ᠮᠠᠯᠴᠢᠨ ᠲᠦᠮᠡᠨ ᠢᠶᠠᠨ ᠲᠦᠯᠦᠭᠡᠯᠡᠨ ᠤᠷᠤᠯᠴᠠᠭᠰᠠᠨ ᠪᠦᠭᠡᠳ ᠬᠤᠰᠢᠭᠤᠨ ᠤ ᠬᠤᠷᠰᠢᠭᠰᠠᠨ ᠨᠢᠭᠡᠳᠦᠯ | ᠤᠨ ᠬᠠᠮᠢᠶᠠᠷᠤᠯᠳᠠ ᠶᠢᠨ ᠵᠦᠪᠯᠡᠯ ᠤᠨ ᠭᠡᠰᠢᠭᠦᠨ ᠢᠶᠠᠷ ᠰᠤᠩᠭᠤᠭᠳᠠᠭᠰᠠᠨ ᠶᠤᠮ᠃1960 ᠤᠨ ᠤ ᠵᠡᠭᠦᠨ | ᠦᠵᠦᠮᠦᠴᠢᠨ ᠬᠤᠰᠢᠭᠤᠨ ᠤ ᠲᠦᠷᠪᠡᠳᠦᠭᠡᠷ ᠬᠤᠭᠤᠴᠠᠭᠠᠨ ᠤ ᠠᠷᠠᠳ ᠤᠨ ᠲᠦᠯᠦᠭᠡᠯᠡᠭᠴᠢ ᠪᠠᠷ ᠰᠤᠩᠭᠤᠭᠳᠠᠨ | ᠤᠷᠤᠯᠴᠠᠵᠠᠢ᠃ 1963 ᠤᠨ ᠳᠤ᠂ ᠵᠡᠭᠦᠨ ᠦᠵᠦᠮᠦᠴᠢᠨ ᠬᠤᠰᠢᠭᠤᠨ ᠤ ᠲᠠᠪᠤᠳᠤᠭᠠᠷ ᠬᠤᠭᠤᠴᠠᠭᠠᠨ ᠤ ᠠᠷᠠᠳ | ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠤᠷᠤᠯᠴᠠᠨ᠂ ᠲᠤᠰ ᠬᠤᠷᠠᠯ ᠢᠶᠠᠷ ᠶᠡᠭᠡ ᠬᠤᠷᠠᠯ ᠤᠨ ᠪᠠᠶᠢᠩᠭᠤ ᠶᠢᠨ | ᠭᠡᠰᠢᠭᠦᠨ ᠪᠤᠯᠤᠭᠰᠠᠨ ᠪᠠᠶᠢᠨ᠎ᠠ᠃ | 1964 ᠤᠨ ᠳᠤ᠂ ᠡᠷᠬᠢᠮᠪᠠᠳᠤ ᠭᠤᠸᠠᠢ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠭᠤᠷᠪᠠᠳᠤᠭᠠᠷ ᠬᠤᠭᠤᠴᠠᠭᠠᠨ ᠤ ᠲᠦᠯᠦᠭᠡᠯᠡᠭᠴᠢ ᠪᠠᠷ ᠰᠤᠩᠭᠤᠭᠳᠠᠭᠰᠠᠨ ᠤ ᠬᠠᠮᠳᠤ ᠪᠦᠬᠦ ᠤᠯᠤᠰ ᠤᠨ | ᠠᠷᠠᠳ ᠤᠨ ᠤᠯᠤᠰ ᠲᠦᠷᠦ ᠶᠢᠨ ᠵᠦᠪᠯᠡᠯᠭᠡᠨ ᠤ ᠲᠦᠷᠪᠡᠳᠦᠭᠡᠷ ᠬᠤᠭᠤᠴᠠᠭᠠᠨ ᠤ ᠵᠦᠪᠯᠡᠯᠭᠡᠨ ᠤ ᠭᠡᠰᠢᠭᠦᠨ ᠪᠤᠯᠵᠦ᠂ | ᠦᠪᠦᠷ ᠮᠤᠩᠭᠤᠯ ᠤᠷᠤᠨ ᠢᠶᠠᠨ ᠲᠦᠯᠦᠭᠡᠯᠡᠵᠦ ᠨᠡᠶᠢᠰᠯᠡᠯ ᠪᠡᠭᠡᠵᠢᠩ ᠳᠤ ᠬᠦᠷᠴᠦ᠂ ᠶᠡᠭᠡ ᠬᠤᠷᠠᠯ ᠳᠤ ᠤᠷᠤᠯᠴᠠᠵᠦ | ᠂ ᠲᠦᠷᠦ ᠶᠢᠨ ᠶᠡᠭᠡ ᠶᠠᠪᠤᠳᠠᠯ ᠢ ᠵᠦᠪᠯᠡᠬᠦ ᠳᠡᠭᠡᠨ ᠲᠦᠴᠢᠨ ᠭᠤᠷᠪᠠᠨ ᠨᠠᠰᠤᠨ ᠤ ᠢᠷᠮᠡᠭᠦᠨ ᠴᠠᠭ ᠪᠠᠶᠢᠵᠦ ᠪᠢᠯᠡ᠃ | ᠬᠤᠶᠠᠷ ᠠᠭᠰᠢᠷᠠᠭ᠎ᠠ ᠨᠠᠰᠤᠨ ᠤ ᠡᠷᠬᠢᠮᠪᠠᠳᠤ | 1966 ᠤᠨ ᠳᠤ᠂ ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠲᠤᠮᠳᠠ᠂ ᠲᠡᠷᠡ ᠪᠠᠷ ︽ᠯᠢᠤ | ᠱᠤᠤ ᠴᠢ᠂ ᠤᠯᠠᠭᠠᠠᠭᠦᠤ ᠶᠢᠨ ᠬᠠᠷ᠎ᠠ ᠪᠦᠯᠦᠭᠳᠡᠨ︾᠂ ︽ᠬᠦᠷᠦᠩᠭᠡᠳᠦ ᠶᠤᠰᠤᠨ ᠤ ᠵᠠᠮ ᠢᠶᠠᠷ ᠶᠠᠪᠤᠭᠴᠢ︾ ᠂ ︽ | ᠮᠠᠯ ᠤᠨ ᠡᠵᠡᠨ︾ ᠂ ︽ᠤᠯᠤᠰ ᠠᠴᠠ ᠤᠷᠪᠠᠭᠴᠢ︾ ᠵᠡᠷᠭᠡ ᠤᠯᠠᠨ ᠬᠡᠷᠡᠭ ᠲᠤ ᠲᠤᠯᠭᠠᠭᠳᠠᠵᠦ᠂ ᠬᠢᠯᠢᠰ ᠭᠦᠵᠢᠷ | ᠬᠡᠷᠡᠭ ᠲᠤ ᠬᠤᠯᠪᠤᠭᠳᠠᠨ᠂ ᠬᠠᠯᠠ ᠵᠤᠪᠠᠯᠠᠩ ᠢ ᠬᠠᠰᠢᠷᠠᠳᠠᠯ᠎ᠠ ᠠᠮᠰᠠᠵᠠᠢ᠃ ᠲᠠᠯᠠᠭᠠᠳ ᠤᠨ ᠤ ᠲᠤᠮᠳᠠᠴᠢ ᠪᠠᠷ | ᠤᠷᠤᠨ ᠠᠶᠢᠮᠠᠭ ᠬᠤᠰᠢᠭᠤᠨ ᠠᠴᠠ ᠬᠢᠯᠢᠰ ᠬᠦᠵᠢᠷ ᠭᠡᠷᠡᠭ ᠢ ᠨᠢ ᠴᠠᠭᠠᠳᠬᠠᠨ ᠦᠭᠴᠦ᠂ 1974 ᠤᠨ ᠳᠤ | ᠡᠬᠡᠪᠤᠯᠠᠭ ᠲᠠᠯᠠᠪᠠᠢ ᠶᠢᠨ ᠬᠤᠪᠢᠰᠬᠠᠯ ᠤᠨ ᠵᠦᠪᠯᠡᠯ ᠤᠨ ᠲᠡᠳ᠋ ᠡᠷᠬᠢᠯᠡᠭᠴᠢ ᠶᠢᠨ ᠲᠤᠰᠢᠶᠠᠯ ᠬᠠᠷᠢᠭᠤᠴᠠᠭᠤᠯᠤᠭᠰᠠᠨ | ᠪᠤᠯᠪᠠᠴᠤ ᠲᠡᠭᠦᠨ ᠤ ᠬᠤᠪᠢᠰᠬᠠᠯᠳᠤ ᠵᠤᠷᠢᠭ ᠰᠠᠨᠠᠭ᠎ᠠ ᠨᠢ ᠦᠴᠦᠬᠡᠨ ᠴᠤ ᠮᠢᠳᠡᠷᠠᠭᠰᠠᠨ ᠦᠭᠡᠢ ᠪᠠᠷ ᠡᠬᠡ ᠤᠷᠤᠨ | ᠠᠷᠠᠳ ᠲᠦᠮᠡᠨ ᠳᠡᠭᠡᠨ ᠦᠨᠡᠨᠴᠢ ᠪᠠᠷ ᠵᠢᠳᠬᠦᠬᠦ ᠠᠷᠠᠯ ᠤᠨ ᠱᠠᠷ ᠨᠢ ᠪᠤᠯᠵᠦ᠂ ᠮᠠᠯᠴᠢᠨ ᠲᠦᠮᠡᠨ ᠢᠶᠠᠨ | ᠲᠠᠭᠠᠭᠤᠯᠤᠨ᠂ ᠮᠠᠯᠵᠢᠬᠤ ᠦᠢᠯᠡᠳᠪᠦᠷᠢᠯᠡᠯ ᠤᠨ ᠹᠷᠤᠨᠲ ᠲᠡᠭᠡᠷ᠎ᠡ ᠦᠷᠭᠦᠯᠵᠢᠯᠠᠨ ᠰᠢᠷᠭᠠᠭᠤ ᠬᠠᠳᠠᠭᠤᠵᠢᠯᠳᠠᠢ | ᠠᠵᠢᠯᠯᠠᠭᠰᠠᠨ ᠶᠤᠮ᠃ | ᠲᠠᠪᠢᠨ ᠵᠢᠷᠭᠤᠭᠠᠨ ᠵᠢᠯ ᠤᠨ ᠨᠠᠷᠠ ᠰᠠᠯᠬᠢ ᠶᠢ ᠲᠤᠭᠤᠯᠤᠭᠰᠠᠨ ᠰᠠᠨᠴᠢᠭ ᠪᠤᠭᠤᠷᠤᠯ ᠡᠷᠬᠢᠮᠪᠠᠳᠤ ᠭᠤᠸᠠᠢ | 1978 ᠤᠨ ᠳᠤ ᠲᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ ᠵᠦᠪᠯᠡᠯᠭᠡᠨ ᠤ ᠲᠠᠪᠤᠳᠤᠭᠠᠷ | ᠬᠤᠭᠤᠴᠠᠭᠠᠨ ᠤ ᠵᠦᠪᠯᠡᠯᠭᠡᠨ ᠤ ᠭᠡᠰᠢᠭᠦᠨ ᠢᠶᠠᠷ ᠢᠷᠠᠭᠤ ᠠᠯᠳᠠᠷᠳᠠᠢ ᠪᠠᠷ ᠰᠤᠩᠭᠤᠭᠳᠠᠨ ᠲᠡᠬᠢᠨᠳᠡ ᠨᠡᠶᠢᠰᠯᠠᠯ | ᠪᠡᠭᠡᠵᠢᠩ ᠳᠤ ᠬᠦᠷᠴᠦ ᠶᠡᠭᠡ ᠬᠤᠷᠠᠯ ᠳᠤ ᠤᠷᠤᠯᠴᠠᠵᠠᠢ᠃ ᠠᠷᠠᠳ ᠤᠨ ᠶᠡᠭᠡ ᠬᠤᠷᠠᠯ ᠤᠨ ᠲᠢᠩᠭᠢᠮ ᠳᠤ ᠬᠤᠸᠠ | ᠭᠦᠸᠧ ᠹᠧᠩ᠂ ᠶᠧ ᠵᠢᠶᠠᠨ ᠢᠩ᠂ ᠳ᠋ᠧᠩ ᠰᠢᠶᠤᠤ ᠫᠢᠩ᠂ ᠯᠢ ᠰᠢᠶᠠᠨ ᠨᠢᠶᠠᠨ ᠵᠡᠷᠭᠡ ᠨᠠᠮ ᠲᠦᠷᠦ ᠶᠢᠨ | ᠤᠳᠤᠷᠢᠳᠤᠭᠴᠢᠳ ᠲᠠᠢ ᠨᠢᠭᠤᠷ ᠵᠤᠯᠭᠠᠭᠰᠠᠨ ᠶᠠᠪᠤᠳᠠᠯ ᠨᠢ ᠵᠤᠯ ᠵᠢᠷᠭᠠᠯᠳᠤ ᠤᠴᠠᠷᠠᠯ ᠪᠤᠯᠤᠨ ᠰᠡᠶᠢᠯᠦᠭᠳᠡᠵᠡᠢ᠃ | ᠡᠷᠬᠢᠮᠪᠠᠳᠤ ᠭᠤᠸᠠᠢ ᠶᠢᠨ 1980 ᠤᠨ ᠤ 8 ᠰᠠᠷ᠎ᠠ ᠳᠤ ᠤᠯᠤᠰ ᠲᠦᠷᠦ ᠶᠢᠨ ᠵᠦᠪᠯᠡᠯᠭᠡᠨ ᠤ ᠲᠠᠪᠤᠳᠤᠭᠠᠷ | ᠬᠤᠭᠤᠴᠠᠭᠠᠨ ᠤ ᠵᠦᠪᠯᠡᠯᠭᠡᠨ ᠤ ᠭᠤᠷᠪᠠᠳᠤᠭᠠᠷ ᠤᠳᠠᠭᠠᠨ ᠤ ᠬᠤᠷᠠᠯ ᠨᠢ ᠨᠠᠮ ᠲᠦᠷᠦ ᠶᠢᠨ ᠤᠳᠤᠷᠢᠳᠤᠭᠴᠢᠳ | ᠤᠷᠤᠯᠴᠠᠭᠰᠠᠨ ᠲᠠᠪᠤᠨ ᠤᠳᠠᠭ᠎ᠠ ᠶᠢᠨ ᠪᠠᠭ᠎ᠠ ᠬᠤᠷᠠᠯ ᠢᠶᠠᠷ ᠲᠦᠷᠦ ᠶᠢᠨ ᠶᠠᠪᠤᠳᠠᠯ ᠵᠦᠪᠯᠡᠵᠡᠢ᠃ ᠬᠤᠷᠠᠯ ᠤᠨ | ᠲᠠᠷᠠᠭ᠎ᠠ᠂ ᠪᠦᠬᠦ ᠤᠯᠤᠰ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ᠂ ᠲᠦᠪ ᠤᠨ ᠨᠢᠭᠡᠳᠦᠮᠡᠯ ᠹᠷᠤᠨᠲ ᠤᠨ | ᠭᠡᠯᠳᠡᠰ ᠠᠴᠠ ᠪᠡᠭᠡᠵᠢᠩ ᠤᠨ ᠵᠤᠴᠢᠳ ᠤᠨ ᠪᠠᠭᠤᠳᠠᠯ ᠤᠨ ᠲᠠᠶᠢᠯᠠᠯᠭ᠎ᠠ ᠶᠢᠨ ᠲᠢᠩᠬᠢᠮ ᠳᠤ ᠴᠠᠶᠢᠯᠠᠯᠭ᠎ᠠ ᠪᠠᠵᠠᠭᠠᠨ | ᠴᠦᠭᠡᠨ ᠲᠤᠭᠠᠳᠤ ᠦᠨᠳᠦᠰᠦᠳᠡᠨ ᠤ ᠵᠦᠪᠯᠡᠯᠬᠡᠨ ᠤ ᠭᠡᠰᠢᠭᠦᠳ ᠢ ᠲᠤᠰᠬᠠᠢ ᠵᠤᠴᠢᠯᠠᠭᠰᠠᠨ ᠪᠠᠶᠢᠨ᠎ᠠ᠃ | 1981 ᠤᠨ ᠳᠤ᠂ ᠵᠡᠭᠦᠨ ᠦᠵᠦᠮᠦᠴᠢᠨ ᠬᠤᠰᠢᠭᠤᠨ ᠤ ᠵᠢᠷᠭᠤᠳᠤᠭᠠᠷ ᠬᠤᠭᠤᠴᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠳᠤ ᠨᠡᠷ᠎ᠡ ᠬᠦᠨᠳᠦᠳᠡᠢ ᠪᠠᠷ ᠤᠷᠤᠯᠴᠠᠭᠰᠠᠨ ᠪᠦᠭᠡᠳ ᠶᠡᠭᠡ ᠬᠤᠷᠠᠯ ᠤᠨ | ᠪᠠᠶᠢᠩᠭᠤ ᠶᠢᠨ ᠭᠡᠰᠢᠭᠦᠨ᠂ ᠪᠠᠶᠢᠩᠭᠤ ᠶᠢᠨ ᠬᠤᠷᠢᠶᠠᠨ ᠤ ᠲᠡᠳ᠋ ᠡᠷᠬᠢᠯᠡᠭᠴᠢ ᠪᠠᠷ ᠰᠤᠩᠭᠤᠭᠳᠠᠨ ᠠᠵᠢᠯ | ᠬᠠᠷᠢᠭᠤᠴᠠᠭᠰᠠᠨ ᠶᠤᠮ᠃ | ᠭᠤᠷᠪᠠ ᠰᠤᠷᠭᠠᠨ ᠬᠦᠮᠦᠵᠢᠯ ᠳᠤ ᠬᠠᠶᠢᠷ᠎ᠠ ᠪᠠᠨ ᠰᠢᠩᠭᠡᠭᠰᠡᠨ ᠡᠷᠬᠢᠮᠪᠠᠳᠤ | ᠡᠷᠬᠢᠮᠪᠠᠳᠦ ᠭᠤᠸᠠᠢ ᠪᠤᠯ ᠬᠤᠶᠢᠴᠢ ᠦᠶ᠎ᠡ ᠶᠢᠨ ᠬᠢᠨ ᠤ ᠰᠤᠶᠤᠯ ᠮᠡᠳᠡᠯᠭᠡ ᠡᠵᠡᠮᠰᠢᠬᠦ ᠶᠢ ᠲᠤᠩ ᠶᠡᠭᠡ | ᠠᠩᠬᠠᠷᠴᠦ᠂ ᠲᠡᠳᠡᠨ ᠤ ᠦᠰᠦᠨ ᠪᠤᠶᠢᠵᠢᠯᠳᠡ ᠳᠤ ᠮᠠᠰᠢ ᠶᠡᠭᠡ ᠰᠡᠳᠭᠢᠯ ᠲᠠᠯᠪᠢᠨ᠂ ᠬᠡᠤᠬᠡᠳ ᠪᠠᠭᠠᠴᠦᠳ ᠤᠨ | ᠰᠤᠷᠤᠯᠴᠠᠬᠤ ᠨᠦᠬᠦᠴᠡᠯ ᠢ ᠰᠠᠶᠢᠵᠢᠷᠠᠭᠤᠯᠬᠤ ᠳᠤ ᠴᠢᠬᠤᠯᠠ ᠪᠦᠬᠦᠢ ᠬᠤᠪᠢ ᠨᠡᠮᠡᠭᠦᠷᠢ ᠪᠠᠨ ᠦᠵᠡᠭᠦᠯᠵᠦ᠂ ᠰᠤᠷᠭᠠᠨ | ᠬᠦᠮᠦᠵᠢᠯ ᠤᠨ ᠠᠵᠢᠯ ᠳᠤ ᠶᠡᠬᠡᠪᠡᠷ ᠲᠤᠰᠠᠯᠠᠨ ᠲᠡᠮᠵᠢᠵᠦ ᠢᠷᠡᠭᠰᠡᠨ ᠠᠬᠠᠮᠠᠳ ᠦᠶ᠎ᠡ ᠶᠢᠨ ᠬᠢᠨ ᠪᠤᠯᠤᠨ᠎ᠠ᠃ | ᠠᠯᠢ ᠡᠷᠳᠡ 1958 ᠤᠨ ᠳᠤ᠂ ᠡᠵᠢᠨᠠᠭᠤᠷ ᠪᠠᠭ᠎ᠠ ᠰᠤᠷᠭᠠᠭᠤᠯᠢ ᠶᠢ ᠪᠠᠶᠢᠭᠤᠯᠬᠤ ᠳᠤ ᠦᠪᠴᠢ | ᠪᠦᠷᠢᠶᠡᠰᠤᠳᠠᠢ ᠲᠤᠮᠤ ᠮᠤᠩᠭᠤᠯ ᠭᠡᠷ ᠢᠶᠠᠨ ᠬᠦᠷᠭᠡᠨ ᠦᠭᠴᠦ᠂ ᠬᠢᠴᠢᠶᠡᠯ ᠤᠨ ᠭᠡᠷ ᠤᠨ ᠠᠰᠠᠭᠤᠳᠠᠯ ᠢ ᠨᠢ | ᠰᠡᠢᠳᠪᠤᠷᠢᠯᠡᠵᠦ ᠦᠭᠴᠠᠢ᠂ ᠮᠦᠨ ᠵᠢᠯ᠂ ᠡᠷᠬᠢᠮᠪᠠᠳᠤ ᠡᠬᠡᠪᠤᠯᠠᠭ ᠲᠠᠯᠠᠪᠠᠢ ᠶᠢᠨ ᠲᠠᠷᠤᠭ᠎ᠠ ᠪᠠᠶᠢᠬᠤ ᠳᠠᠭᠠᠨ ᠪᠠᠷᠠᠭᠤᠨ | ᠦᠵᠦᠮᠦᠴᠢᠨ ᠬᠤᠰᠢᠭᠤᠨ ᠠᠴᠠ ᠷᠤᠯᠮ᠎ᠠ ᠭᠡᠳᠡᠭ ᠪᠠᠭᠰᠢ ᠶᠢ ᠵᠠᠯᠠᠵᠦ ᠠᠪᠴᠢᠷᠠᠨ ᠮᠤᠩᠭᠤᠯ ᠭᠡᠷ ᠤᠨ ᠰᠤᠷᠭᠠᠭᠤᠯᠢ | ᠪᠠᠶᠢᠭᠤᠯᠵᠦ᠂ ᠮᠠᠯᠴᠢᠳ ᠤᠨ ᠦᠷ᠎ᠡ ᠬᠡᠤᠬᠡᠳ ᠲᠤ ᠪᠢᠴᠢᠭ ᠰᠤᠶᠤᠯ ᠡᠵᠡᠮᠰᠢᠭᠦᠯᠬᠦ ᠪᠠᠷ ᠤᠢ ᠤᠬᠠᠭᠠᠨ ᠢᠶᠠᠨ | ᠰᠢᠪᠬᠠᠵᠦ ᠶᠠᠪᠤᠭᠰᠠᠨ ᠶᠤᠮ᠃ ᠲᠡᠷᠡ ᠦᠷᠭᠦᠯᠵᠢ᠄ ︽ᠰᠤᠶᠤᠯ ᠦᠭᠡᠢ ᠪᠤᠯ ᠮᠤᠩᠬᠠᠭ᠂ ᠰᠤᠷᠳᠠᠯ ᠦᠭᠡᠢ ᠪᠤᠯ | ᠲᠠᠩᠬᠠᠢ ᠪᠤᠯᠳᠠᠭ᠃ ᠬᠤᠵᠢᠮ ᠨᠡᠶᠢᠭᠡᠮ ᠬᠦᠭᠵᠢᠬᠦ ᠲᠤᠲᠤᠮ ᠪᠢᠴᠢᠭ ᠰᠤᠶᠤᠯ ᠱᠠᠭᠠᠷᠳᠠᠭᠳᠠᠬᠤ ᠶᠤᠮ᠂ ᠪᠠᠯᠴᠢᠷ | ᠪᠠᠭ᠎ᠠ ᠠᠴᠠ ᠪᠠᠨ ᠨᠤᠮ ᠪᠢᠴᠢᠭ ᠰᠤᠷᠬᠤ ᠪᠤᠯ ᠰᠤᠶᠤᠯ ᠡᠷᠳᠡᠮ ᠲᠠᠢ ᠰᠠᠶᠢᠨ ᠬᠦᠮᠦᠨ ᠪᠤᠯᠬᠤ ᠶᠢᠨ ᠡᠬᠢᠯᠡᠯᠳᠡ ᠶᠤᠮ | ᠰᠢᠤ︾ ᠭᠡᠵᠦ ᠬᠡᠯᠡᠳᠡᠭ ᠪᠦᠭᠡᠳ ᠬᠡᠯᠡᠭᠰᠡᠨ ᠢᠶᠠᠨ ᠴᠤ ᠪᠡᠶᠡᠯᠡᠭᠦᠯᠵᠦ ᠮᠠᠰᠢ ᠤᠯᠠᠨ ᠵᠠᠯᠠᠭᠤᠴᠦᠳ ᠪᠠᠭᠠᠴᠦᠳ ᠢ | ᠰᠤᠶᠤᠯ ᠮᠡᠳᠡᠯᠭᠡ ᠶᠢᠨ ᠵᠠᠮ ᠢᠶᠠᠷ ᠭᠦᠳᠦᠯᠵᠦ᠂ ᠨᠡᠶᠢᠭᠡᠮ ᠤᠨ ᠲᠠᠪᠰᠢᠯᠳᠠ ᠳᠤ ᠦᠢᠯᠡᠴᠢᠯᠡᠭᠦᠯᠦᠭᠰᠡᠨ ᠶᠤᠮ᠃ | 1980 ᠭᠠᠳ ᠤᠨ ᠤ ᠡᠬᠢ ᠪᠠᠷ ᠲᠡᠷᠡ ᠪᠠᠷ᠂ ᠮᠠᠯ ᠤᠨ ᠡᠬᠡ ᠪᠡᠯᠡ ᠪᠤᠯᠬᠤ 7 ᠲᠦᠮᠡ 4 ᠮᠢᠩᠭ᠎ᠠ ᠭᠠᠷᠤᠢ | ︵ᠪᠠᠷᠤᠭ ᠤᠳᠤ ᠶᠢᠨ ᠲᠠᠯᠠᠨ ᠲᠦᠮᠡ ᠶᠢᠨ ᠦᠷᠳᠡᠭ︶ ᠲᠦᠭᠦᠷᠢᠭ ᠠᠷᠠᠳ ᠤᠨ ᠵᠤᠭᠤᠰ ᠢᠶᠠᠨ ᠪᠦᠬᠦᠨ ᠢ ᠰᠤᠷᠭᠠᠨ | ᠬᠦᠮᠦᠵᠢᠯ ᠤᠨ ᠦᠢᠯᠡᠰ ᠲᠤ ᠡᠷᠭᠦᠵᠦ᠂ ᠡᠬᠡᠪᠤᠯᠠᠭ ᠪᠠᠭ᠎ᠠ ᠰᠤᠷᠭᠠᠭᠤᠯᠢ ᠶᠢ ᠰᠢᠨ᠎ᠡ ᠪᠠᠷ ᠴᠤᠭᠴᠠᠯᠠᠨ ᠪᠠᠶᠢᠭᠤᠯᠬᠤ ᠳᠤ | ᠲᠤᠮᠤᠬᠠᠨ ᠬᠤᠪᠢ ᠨᠡᠮᠡᠷᠢ ᠪᠠᠨ ᠦᠵᠡᠭᠦᠯᠦᠭᠰᠡᠨ ᠶᠤᠮ᠃ ᠲᠡᠭᠡᠭᠰᠡᠨ ᠢᠶᠠᠷ ᠨᠢ ᠡᠭᠡᠪᠤᠯᠠᠭ ᠰᠤᠷᠭᠠᠭᠤᠯᠢ ᠢ ᠪᠠᠰᠠ ︽ | ᠡᠷᠬᠢᠮᠪᠠᠳᠤ ᠶᠢᠨ ᠰᠤᠷᠭᠠᠭᠤᠯᠢ︾ ᠴᠤ ᠭᠡᠳᠡᠭ᠃ ᠲᠤᠰ ᠰᠤᠷᠭᠠᠭᠤᠯᠢ ᠨᠢ ᠤᠷᠤᠨ ᠠᠶᠢᠮᠠᠭ ᠲᠠᠭᠠᠨ ᠰᠤᠷᠭᠠᠭᠤᠯᠢ | ᠶᠢᠨ ᠪᠦᠳᠦᠭᠡᠨ ᠪᠠᠶᠢᠭᠤᠯᠤᠯᠳᠠ ᠶᠢᠨ ᠴᠤᠭᠴᠠᠯᠠᠪᠤᠷᠢ᠂ ᠰᠤᠷᠬᠤ ᠨᠠᠰᠤᠨ ᠤ ᠬᠡᠤᠬᠡᠳ` ᠤᠨ ᠰᠤᠷᠤᠯᠭ᠎ᠠ ᠶᠢᠨ ᠶᠠᠰᠤ | ᠴᠢᠨᠠᠷ ᠤᠨ ᠲᠠᠯ᠎ᠠ ᠪᠠᠷ ᠰᠢᠯᠢᠳᠡᠭ ᠬᠡᠮᠵᠢᠶᠡᠨ ᠳᠤ ᠬᠦᠷᠴᠦ᠂ ︽ᠰᠢᠯᠢᠳᠡᠭ ᠪᠤᠯᠪᠠᠰᠤᠨ ᠰᠤᠷᠭᠠᠭᠤᠯᠢ︾ ᠪᠠᠷ ᠤᠯᠠᠨᠳᠠ | ᠴᠤᠯᠠᠯᠠᠭᠤᠯᠤᠨ ᠶᠠᠪᠤᠵᠠᠢ᠃ ᠲᠠᠪᠢᠭᠠᠳ ᠵᠢᠯ ᠤᠨ ᠲᠤᠷᠰᠢ᠂ ᠲᠤᠰ ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ | ᠤᠨ ᠲᠤᠭ᠎ᠠ ᠬᠤᠶᠠᠷ ᠮᠢᠩᠭ᠎ᠠ ᠭᠠᠷᠤᠢ ᠶᠢᠨ ᠲᠤᠭᠠᠨ ᠳᠤ ᠬᠦᠷᠴᠦ᠂ ᠡᠷᠬᠢᠮ ᠠᠮᠪᠠ ᠶᠢᠨ ᠬᠦᠰᠡᠯ ᠵᠤᠷᠢᠯᠳᠠ ᠶᠢ | ᠪᠠᠶᠠᠯᠡᠭᠦᠯᠦᠭᠰᠡᠨ ᠬᠦᠮᠦᠨ ᠬᠦᠮᠦᠵᠢᠭᠦᠯᠬᠦ ᠬᠠᠯᠠᠭᠤᠨ ᠦᠯᠦᠭᠡᠢ ᠪᠤᠯᠵᠦ᠂ ᠰᠤᠶᠤᠯ ᠮᠡᠳᠡᠯᠭᠡ ᠲᠠᠢ ᠴᠢᠳᠠᠪᠤᠷᠢᠳᠠᠢ | ᠮᠠᠯᠴᠢᠳ ᠢ ᠬᠦᠮᠦᠵᠢᠭᠦᠯᠦᠨ ᠭᠠᠷᠭᠠᠭᠰᠠᠨ ᠢ ᠦᠨᠡᠯᠡᠭᠦᠰᠢᠳᠡᠢ ᠶᠤᠮ᠃ | ᠲᠦᠷᠪᠡ ᠠᠬᠠᠮᠠᠳ ᠮᠠᠯᠴᠢᠳ ᠤᠨ ᠰᠡᠳᠭᠢᠯ ᠳᠤ ᠬᠤᠨᠤᠭᠰᠢᠭᠰᠠᠨ ᠡᠷᠬᠢᠮᠪᠠᠳᠤ | ᠦᠵᠦᠮᠦᠴᠢᠨ ᠤ ᠦᠵᠦᠭᠦᠷ ᠪᠠᠶᠠᠨ ᠡᠷᠬᠢᠮᠪᠠᠳᠤ ᠤᠨ ᠦᠩᠭᠡᠷᠡᠭᠰᠡᠨ ᠵᠠᠭᠤᠨ ᠳᠤ᠂ ᠮᠠᠯ ᠰᠦᠷᠦᠭ ᠲᠡᠭᠡᠨ | ᠬᠦᠮᠦᠨ ᠵᠠᠷᠤᠵᠦ ᠪᠠᠶᠢᠭᠰᠠᠨ ᠲᠤᠬᠠᠢ᠂ ᠤᠤᠯ ᠤᠨ ᠠᠯᠳ᠋ᠬᠠᠬᠢᠯᠢ ᠨᠢᠭᠡᠳᠦᠯ ᠤᠨ ᠪᠠᠳᠠᠷᠠᠬᠤ ᠪᠠᠷᠢᠭᠠᠳᠠ ᠤᠨ ᠮᠠᠯᠴᠢᠨ | ᠠᠩᠳᠤᠤ᠂ ᠬᠠᠩᠱᠢ ᠨᠠᠷ ᠤᠨ ᠶᠠᠷᠢᠵᠦ ᠪᠠᠶᠢᠭᠰᠠᠨ ᠢ ᠳᠡᠳᠡᠨ ᠤ ᠦᠷ᠎ᠡ ᠬᠡᠤᠬᠡᠳ ᠠᠴᠠ ᠨᠢ ᠠᠰᠠᠭᠤᠨ ᠰᠤᠷᠪᠤᠯᠵᠢᠯᠠᠵᠦ | ᠲᠦᠬᠦᠮ ᠳᠡᠮᠳᠡᠭᠯᠡᠯ ᠬᠢᠭᠰᠡᠨ ᠲᠤᠤᠷᠠᠬᠢ ᠮᠡᠳᠦ᠄ | ᠪᠠᠳᠠᠷᠠᠬᠤ ᠪᠠᠷᠢᠭᠠᠳᠠ ᠶᠢᠨ ᠮᠠᠯᠴᠢᠨ ᠠᠩᠳᠤᠤ ᠶᠢᠨ ᠲᠡᠮᠦᠷᠪᠠᠭᠠᠳᠤᠷ 2011 ᠤᠨ ᠤ 9 ᠰᠠᠷ᠎ᠠ ᠶᠢᠨ 24 | ᠡᠳᠦᠷ᠂ ᠵᠤᠭᠤᠭ ᠳᠡᠯᠭᠡᠨ ᠶᠠᠷᠢᠯᠴᠠᠬᠤ ᠵᠠᠭᠤᠷ᠎ᠠ ᠡᠨᠡ ᠲᠤᠬᠠᠢ ᠢᠩᠬᠢᠵᠦ ᠶᠠᠷᠢᠯ᠎ᠠ᠄ | ᠮᠠᠨ ᠤ ᠠᠪᠤ ᠦᠵᠦᠮᠦᠴᠢᠨ ᠳᠤ ᠢᠷᠡᠬᠦ ᠳᠡᠭᠡᠨ᠂ ᠡᠷᠬᠢᠮᠪᠠᠳᠤ ᠶᠢᠨ ᠳᠤ ᠠᠳᠤᠭᠤ ᠦᠬᠡᠷ ᠢ ᠨᠢ ᠤᠯᠠᠨ ᠵᠢᠯ | ᠬᠠᠷᠢᠭᠤᠯᠤᠨ ᠦᠭᠴᠤ᠂ ᠠᠶᠢᠯ ᠭᠡᠷ ᠤᠨ ᠠᠮᠢᠳᠤᠷᠠᠯ ᠢᠶᠠᠨ ᠠᠷᠭᠠᠴᠠᠭᠠᠵᠦ ᠪᠠᠶᠢᠵᠠᠢ᠂ ᠭᠡᠬᠦ ᠳᠡᠭᠡᠨ ᠡᠷᠬᠢᠮᠪᠠᠳᠤ | ᠪᠠᠶᠠᠨ ᠢ ᠢᠩᠬᠢᠵᠦ ᠬᠠᠪᠰᠤᠷᠤᠯᠠ ᠭᠡᠳᠡᠯ᠎ᠡ ᠲᠡᠭᠡᠵᠦ ᠲᠤᠰᠠᠯᠠᠯ᠎ᠠ ᠭᠡᠵᠦ ᠶᠠᠷᠢᠬᠤ ᠨᠢ ᠤᠯᠠᠨ ᠪᠠᠶᠢᠳᠠᠭ ᠠᠴᠠ ᠬᠠᠷᠢᠨ | ᠲᠡᠷᠡ ᠬᠦᠮᠦᠨ ᠢ ᠶᠠᠭᠠᠬᠢᠵᠦ ᠶᠠᠭᠠᠬᠢᠵᠦ ᠮᠦᠯᠵᠢᠯᠡ ᠲᠠᠷᠤᠯᠠᠯᠡ ᠭᠡᠳᠡᠭ ᠢ ᠨᠢ ᠶᠡᠷᠦ ᠤᠯᠵᠦ ᠰᠤᠨᠤᠰᠤᠭᠰᠠᠨ ᠦᠭᠡᠢ | ᠭᠡᠵᠦ ᠬᠡᠯᠡᠳᠡᠭ ᠪᠠᠶᠢᠭᠰᠠᠨ ᠶᠤᠮ᠂ | 1968 ᠤᠨ ᠤ ᠰᠠᠮᠠᠭᠤᠷᠠᠯ ᠤᠨ ᠤᠨ ᠵᠢᠯ ᠤᠳ ᠲᠤ᠂ ᠡᠬᠡᠪᠤᠯᠠᠭ ᠳᠠᠯᠠᠪᠠᠢ ᠶᠢᠨ ᠬᠤᠶᠠᠷ ᠬᠦᠮᠦᠨ ︵ᠨᠢᠭᠡ | ᠨᠢ ᠰᠡᠬᠡᠬᠡᠳᠡᠨ᠂ ᠨᠦᠭᠦᠭᠡ ᠨᠢ ᠮᠠᠯᠴᠢᠨ ᠪᠠᠶᠢᠪᠠ︶ ᠢᠷᠡᠵᠦ᠂ ᠡᠷᠬᠢᠮᠪᠠᠳᠤ ᠪᠠᠶᠠᠨ ᠤ ᠬᠡᠷᠬᠢᠨ ᠶᠠᠳᠠᠭᠤ ᠮᠠᠯᠴᠢᠳ ᠢ | ᠮᠦᠯᠵᠢᠨ ᠲᠠᠷᠤᠯᠠᠵᠦ ᠪᠠᠶᠢᠭᠰᠠᠨ ᠲᠤᠬᠠᠢ ᠤᠶᠢᠯᠠᠭᠠᠬᠤ ᠪᠠᠷ ᠮᠠᠨ ᠤ ᠳᠤ ᠢᠷᠡᠭᠰᠡᠨ ᠶᠤᠮ᠂ ᠪᠢ ᠶᠢᠰᠦᠨ ᠨᠠᠰᠤᠳᠠᠢ | ᠪᠠᠶᠢᠯ᠎ᠠ᠃ ᠡᠭᠦᠨ ᠳᠤ ᠮᠢᠨᠤ ᠠᠪᠤ ᠲᠡᠳᠡᠭᠡᠷ ᠢᠷᠡᠭᠰᠡᠨ ᠬᠦᠮᠦᠰ ᠲᠤ᠄ ︽ᠤᠳᠤ ᠡᠷᠬᠢᠮᠪᠠᠳᠤ ᠶᠢ ᠪᠠᠶᠠᠨ ᠮᠠᠯᠴᠢᠨ | ᠮᠠᠭᠤ ᠭᠡᠵᠦ ᠪᠠᠶᠢᠬᠤ ᠶᠤᠮ ᠴᠢᠨᠢ ᠮᠠᠭᠤ ᠪᠠᠶᠢᠨ᠎ᠠ ᠰᠢᠳᠠ︕ ᠭᠡᠪᠡᠴᠤ ᠨᠠᠳᠠ ᠳᠤ ᠬᠠᠷᠢᠨ ᠮᠠᠭᠤ ᠶᠠᠪᠤᠭᠰᠠᠨ ᠦᠭᠡᠢ | ᠶᠤᠮ ᠰᠢᠤ᠂ ᠲᠡᠷᠡ ᠬᠠᠷᠢᠨ ᠵᠠᠷᠤᠴᠠ ᠬᠦᠮᠦᠰ ᠲᠡᠭᠡᠨ ᠶᠡᠭᠡ ᠡᠶᠡᠯᠳᠡᠭ ᠰᠠᠶᠢᠨ ᠪᠠᠶᠢᠳᠠᠭ ᠯᠡ ᠳ᠋ᠠ᠃︾ ᠭᠡᠵᠦ | ᠪᠤᠳᠤᠯᠬᠢᠯᠠᠭᠰᠠᠨ ᠢᠶᠠᠨ ᠵᠠᠯᠭᠠᠭᠠᠳ ︽ᠨᠢᠭᠡ ᠤᠳᠠᠭ᠎ᠠ᠂ ᠰᠢᠨ᠎ᠡ ᠰᠠᠷ᠎ᠠ ᠪᠤᠯᠬᠤ ᠳᠤ ᠪᠢ ᠤᠯᠢᠭ ᠲᠠᠢ ᠡᠮᠦᠰᠦᠭᠰᠡᠨ | ᠬᠤᠪᠴᠠᠰᠤ ᠦᠭᠡᠢ ᠪᠠᠶᠢᠳᠠᠯ᠎ᠠ᠂ ᠡᠷᠬᠢᠮᠪᠠᠳᠤ ᠭᠤᠸᠠᠢ ᠨᠠᠮᠠᠶᠢ ᠦᠷᠦᠪᠳᠡᠵᠦ᠂ ᠦᠪᠡᠷ ᠤᠨ ᠡᠮᠦᠰᠴᠤ ᠪᠠᠶᠢᠭᠰᠠᠨ | ᠦᠵᠦᠭᠦᠷᠰᠡᠨ ᠲᠡᠪᠡᠯ ᠢᠶᠠᠨ ᠦᠭᠭᠦᠭᠰᠡᠨ ᠪᠦᠭᠡᠳ ᠠᠳᠤᠭᠤᠨ ᠤ ᠪᠠᠨ ᠲᠤᠲᠤᠷ᠎ᠠ ᠠᠴᠠ ᠰᠤᠩᠭᠤᠵᠦ ᠬᠠᠯᠢᠭᠤᠨ | ᠠᠵᠢᠷᠭ᠎ᠠ ᠪᠠᠨ ᠪᠠᠷᠢᠵᠦ ᠤᠨᠤᠭᠤᠯᠤᠨ᠂ ᠠᠶᠢᠯ ᠢᠶᠠᠷ ᠰᠢᠨᠡᠯᠡᠭᠦᠯᠦᠨ ᠭᠡᠰᠦᠭᠦᠯᠵᠦ ᠪᠠᠶᠢᠭᠰᠠᠨ ᠶᠤᠮ᠂ ᠮᠢᠨᠤ | ᠭᠠᠴᠢᠭᠳᠠᠵᠦ ᠪᠠᠶᠢᠭᠰᠠᠨ ᠦᠶ᠎ᠡ ᠳᠤ ᠲᠡᠷᠡ ᠢᠩᠭᠢᠵᠦ ᠲᠤᠰᠠᠯᠠᠵᠦ ᠬᠠᠷᠠᠭᠠᠯᠵᠠᠭᠰᠠᠨ ᠢ ᠪᠢ ᠶᠡᠷᠦᠨᠢ ᠮᠠᠷᠳᠠᠳᠠᠭ ᠦᠭᠡᠢ | ︾ ᠭᠡᠨ᠎ᠡ᠃ ᠠᠪᠤ ᠮᠢᠨᠢ ᠶᠡᠭᠡ ᠲᠠᠮᠠᠬᠢ ᠳᠠᠳᠠᠳᠠᠭ ᠬᠦᠮᠦᠨ ᠪᠠᠶᠢᠭᠰᠨ᠋ᠠ᠂ ᠢᠩᠬᠢᠭᠡᠳ ᠤᠷᠳᠤ ᠬᠠᠰ ᠶᠢᠨ ᠰᠢᠯᠪᠢ ᠲᠠᠢ | ᠳ᠋ᠠᠢ ᠳᠠᠭᠠᠨ ᠳᠠᠮᠠᠬᠢ ᠨᠡᠷᠡᠭᠰᠡᠨ ᠢᠶᠠᠨ᠄ ︽ᠪᠠᠰᠠ ᠨᠢᠭᠡᠨ ᠤᠳᠠᠭ᠎ᠠ᠂ ᠮᠠᠨ ᠤ ᠡᠷᠬᠢᠮᠪᠠᠳᠤ ᠶᠢᠨ ᠲᠦᠯ ᠳᠡᠭᠡᠷ᠎ᠡ | ᠪᠠᠭᠤᠭᠰᠠᠨ ᠨᠢᠭᠡᠨ ᠬᠠᠪᠤᠷ᠂ ᠶᠠᠳᠠᠭᠤ ᠬᠦᠴᠢᠷᠳᠡᠯ ᠤᠨ ᠡᠷᠬᠡ ᠪᠠᠷ ᠢᠳᠡᠬᠦ ᠶᠠᠭᠤᠮ᠎ᠠ ᠦᠭᠡᠢ ᠪᠤᠯᠤᠭᠰᠠᠨ ᠢ | ᠡᠷᠬᠢᠮᠪᠠᠳᠤ ᠮᠡᠳᠡᠭᠡᠳ᠂ ᠠᠪᠤ ᠡᠵᠢ ᠠᠴᠠ ᠪᠠᠨ ᠲᠠᠯᠳᠠᠭᠤᠷ ᠡᠵᠡᠨ ᠮᠡᠳᠡᠵᠦ᠂ ᠰᠠᠭᠠᠬᠤ ᠢᠯᠠᠭ᠋ᠬᠤ ᠳᠠᠭᠠᠨ ᠨᠢᠭᠡ | ᠪᠦᠳᠦᠭᠦᠨ ᠡᠷ᠎ᠡ ᠬᠤᠨᠢ ᠳᠠᠭᠠᠯᠳᠤᠭᠤᠯᠤᠨ ᠦᠭᠴᠤ᠂ ᠰᠠᠯᠵᠦ ᠪᠠᠭᠤᠮᠠᠭᠴᠠ ᠪᠠᠨ ᠠᠯᠠᠭᠠᠳ ᠢᠳᠡᠴᠢᠭᠡ᠂ ᠡᠨᠡ | ᠬᠠᠪᠤᠷ ᠤᠨ ᠤᠷᠳᠤ ᠡᠳᠦᠷ ᠰᠦᠨᠢ ᠶᠢᠨ ᠭᠠᠴᠢᠭ ᠲᠤ᠂ ᠶᠠᠭᠠᠬᠢᠵᠦ ᠭᠡᠳᠡᠰᠦ ᠬᠤᠭᠤᠰᠤᠨ ᠦᠩᠭᠡᠷᠡᠭᠡᠬᠦ ᠪᠤᠢ ᠳ᠋ᠠ︾ | ᠭᠡᠵᠦ ᠬᠡᠯᠡᠭᠡᠳ ᠦᠭᠭᠦᠭᠰᠡᠨ ᠪᠠᠶᠢᠵᠠᠢ᠃ ᠴᠢᠩᠭᠢᠭᠡᠳ ᠮᠠᠨᠠᠶᠢᠬᠢᠨ ᠬᠦᠮᠦᠨ ᠤ ᠠᠴᠢ ᠶᠢ ᠬᠠᠷᠢᠭᠤᠯᠬᠤ ᠶᠢᠨ ᠲᠤᠰᠠᠳᠠ | ᠰᠠᠭᠠᠬᠤ ᠶᠢ ᠨᠢ ᠰᠠᠶᠢᠬᠠᠨ ᠬᠠᠷᠢᠭᠤᠯᠵᠦ᠂ ᠲᠦᠯ ᠢ ᠨᠢ ᠪᠦᠷᠢᠨ ᠲᠤᠰᠴᠤ ᠦᠭᠭᠦᠭᠰᠡᠨ ᠭᠡᠳᠡᠭ ᠶᠤᠮ᠃ ᠲᠡᠳᠡᠭᠡᠷ | ᠤᠶᠢᠯᠠᠭᠠᠬᠤ ᠪᠠᠷ ᠢᠷᠡᠭᠰᠡᠨ ᠬᠦᠮᠦᠰ᠂ ᠤᠨᠳᠤᠤ ᠶᠠᠭᠤ ᠴᠤ ᠠᠰᠠᠭᠤᠵᠦ ᠴᠢᠳᠠᠭᠰᠠᠨ ᠦᠭᠡᠢ ᠪᠤᠴᠠᠭᠰᠠᠨ ᠪᠠᠶᠢᠵᠠᠢ᠃ | ᠪᠠᠳᠠᠷᠠᠬᠤ ᠭᠠᠴᠠᠭᠠᠨ ᠤ ᠬᠠᠩᠰᠢ ᠶᠢᠨ ᠪᠠᠶᠠᠨᠳᠠᠯᠠᠢ ᠮᠦᠨ ᠠᠪᠤ ᠶᠢᠨ ᠢᠶᠠᠨ ᠡᠷᠬᠢᠮᠪᠠᠳᠤ ᠶᠢᠨ ᠮᠠᠯ ᠳᠤ ᠶᠠᠪᠤᠵᠦ | ᠪᠠᠶᠢᠭᠰᠠᠨ ᠲᠤᠬᠠᠢ ᠶᠠᠷᠢᠬᠤ ᠳᠠᠭᠠᠨ ᠢᠩᠭᠢᠵᠦ ᠬᠡᠯᠡᠯ᠎ᠡ᠄ | ᠢᠷᠦᠭᠡᠯᠳᠦ ᠪᠤᠯᠤᠨ ᠲᠡᠭᠦᠨ ᠤ ᠬᠦᠤ ᠬᠠᠩᠰᠢ ᠭᠠᠳᠠᠨ᠎ᠠ ᠤᠷᠤᠨ ᠠᠴᠠ ᠦᠵᠦᠮᠦᠴᠢᠨ ᠳᠤ ᠢᠷᠡᠬᠦ ᠳᠡᠭᠡᠨ᠂ | ᠡᠷᠬᠢᠮᠪᠠᠳᠤ ᠪᠠᠶᠠᠨ ᠤ ᠳᠤ ᠵᠠᠷᠤᠭᠳᠠᠨ ᠤᠯᠠᠨ ᠵᠢᠯ ᠶᠠᠪᠤᠵᠠᠢ᠃ ᠢᠩᠬᠢᠭᠡᠳ ᠰᠦᠷᠦᠭ ᠢ ᠨᠢ ᠬᠠᠷᠢᠭᠤᠯᠬᠤ ᠪᠠᠨ | ᠪᠤᠯᠢᠭᠠᠳ ᠰᠠᠯᠵᠦ ᠨᠡᠭᠦᠭᠦ ᠳᠤᠨᠢ᠂ ᠡᠷᠬᠢᠮᠪᠠᠳᠤ ᠭᠤᠸᠠᠢ᠄ ︽ᠵᠠ ᠶᠠᠭᠠᠬᠢᠬᠤᠪ᠂ ᠲᠠᠨᠠᠷ ᠤᠳᠤ ᠰᠠᠯᠵᠦ ᠨᠡᠭᠦᠬᠦ ᠪᠠᠷ | ᠪᠤᠯᠤᠯ᠎ᠠ᠂ ᠮᠠᠨ ᠤ ᠳᠤ ᠪᠠᠭ᠎ᠠ ᠦᠭᠡᠢ ᠲᠤᠰᠠ ᠪᠠᠨ ᠦᠭᠴᠤ᠂ ᠮᠠᠯ ᠤᠨᠤᠭ᠎ᠠ ᠶᠢ ᠮᠢᠨᠢ ᠦᠰᠭᠡᠵᠦ ᠦᠭᠭᠦᠯ᠎ᠡ᠂ ᠪᠢ | ᠮᠠᠯ ᠬᠠᠷᠢᠭᠤᠯᠭ᠎ᠠ ᠶᠢᠨ ᠠᠴᠢ ᠳᠤ ᠵᠠᠭᠤᠨ ᠲᠤᠭ᠎ᠠ ᠶᠢᠨ ᠬᠠᠯᠠᠭᠤᠨ ᠬᠤᠰᠢᠭᠤᠳᠤ ᠬᠤᠨᠢ ᠦᠭᠭᠦᠶ᠎ᠡ᠂ ᠬᠤᠵᠢᠮ | ᠰᠠᠶᠢᠬᠠᠨ ᠠᠮᠢᠳᠤᠷᠠᠵᠦ ᠶᠠᠪᠤ︕︾ ᠬᠡᠵᠦ ᠬᠡᠯᠡᠭᠰᠡᠨ ᠢᠶᠠᠨ ᠤᠨ ᠤ ᠲᠤᠭᠳᠠᠭᠰᠠᠨ ᠬᠦᠯᠦᠰᠦᠨ ᠠᠴᠠ ᠭᠠᠳᠠᠨ᠎ᠠ | ᠵᠠᠭᠤᠨ ᠴᠠᠭᠠᠨ ᠬᠤᠷᠠᠭ᠎ᠠ ᠲᠠᠢ ᠬᠤᠨᠢ ᠢᠯᠭᠠᠨ ᠦᠭᠴᠤ ᠭᠠᠷᠭᠠᠭᠰᠠᠨ ᠭᠡᠳᠡᠭ᠃ ᠬᠠᠩᠰᠢ ᠭᠤᠸᠠᠢ ᠮᠦᠨ ᠮᠠᠯᠴᠢ | ᠬᠦᠮᠦᠨ ᠪᠠᠶᠢᠭᠰᠠᠨ᠂ ᠲᠡᠷᠡ ᠵᠠᠭᠤᠨ ᠴᠠᠭᠠᠨ ᠬᠤᠷᠠᠭ᠎ᠠ ᠲᠠᠢ ᠬᠤᠨᠢ ᠪᠠᠨ ᠰᠠᠭᠤᠷᠢᠯᠠᠨ᠂ ᠦᠪᠡᠷ ᠤᠨ ᠭᠡᠰᠡᠨ ᠮᠠᠯ | ᠲᠠᠢ ᠪᠤᠯᠭᠠᠭᠰᠠᠨ ᠡᠷᠬᠢᠮᠪᠠᠳᠤ ᠳᠤ ᠶᠡᠭᠡ ᠲᠠᠯᠠᠷᠬᠠᠵᠦ ᠶᠠᠪᠤᠳᠠᠭ ᠪᠦᠭᠡᠳ ᠦᠪᠡᠷ ᠤᠨ ᠮᠠᠯ ᠰᠦᠷᠦᠭ ᠢᠶᠠᠨ ᠰᠡᠳᠭᠢᠯ | ᠳᠠᠯᠪᠢᠨ ᠮᠠᠯᠵᠢᠳᠠᠭ ᠢᠶᠠᠷ ᠮᠠᠯ ᠰᠦᠷᠦᠭ ᠨᠢ ᠬᠡᠳᠦᠨ ᠵᠢᠯ ᠤᠨ ᠬᠤᠭᠤᠷᠤᠨᠳᠤ ᠶᠡᠬᠡᠪᠡᠷ ᠦᠷᠡᠵᠢᠨ ᠦᠰᠦᠭᠰᠡᠨ ᠢᠶᠠᠷ | 1958 ᠤᠨ ᠳᠤ ᠮᠢᠩᠭ᠎ᠠ ᠰᠢᠬᠠᠮ ᠮᠠᠯ ᠤᠨ ᠲᠤᠭ᠎ᠠ ᠪᠠᠷ ᠬᠠᠮᠳᠤ ᠳᠤ ᠬᠤᠪᠢ ᠤᠷᠤᠭᠰᠠᠨ ᠪᠠᠶᠢᠪᠠ᠃ ᠬᠤᠵᠢᠮ ᠨᠢ | ᠰᠤᠶᠤᠯ ᠤᠨ ᠬᠤᠪᠢᠰᠬᠠᠯ ᠤᠨ ᠦᠶ᠎ᠡ ᠠᠩᠭᠢ ᠲᠤᠭᠳᠠᠭᠠᠬᠤ ᠳᠤ ᠳᠡᠳᠡᠨ ᠤ ᠬᠢ ︽ᠴᠢᠨᠡᠭᠡᠯᠢᠭ ᠮᠠᠯᠴᠢᠨ︾ ᠢᠶᠠᠷ | ᠲᠤᠭᠳᠠᠭᠠᠭᠳᠠᠭᠰᠠᠨ ᠶᠤᠮ᠃ ᠬᠠᠩᠰᠢ ᠶᠢᠨ ᠴᠢᠨᠡᠭᠡᠯᠢᠭ ᠪᠤᠯᠤᠭᠰᠠᠨ ᠶᠠᠪᠤᠳᠠᠯ ᠪᠤᠯ ᠡᠷᠬᠢᠮᠪᠠᠳᠤ ᠶᠢᠨ ᠬᠤᠨᠢᠨ ᠤ ᠡᠬᠢ | ᠪᠠᠶᠠᠯᠢᠭ ᠢ ᠬᠠᠩᠭᠠᠭᠰᠠᠨ ᠠᠴᠠ ᠰᠠᠯᠤᠰᠢ ᠦᠭᠡᠢ ᠶᠤᠮ ᠭᠡᠵᠦ ᠲᠡᠷᠡ ᠦᠷᠭᠦᠯᠵᠢ ᠡᠷᠭᠢᠴᠡᠭᠦᠯᠳᠡᠭ ᠪᠠᠶᠢᠵᠠᠢ᠃ | ᠠᠩᠳᠤᠤ ᠪᠤᠯᠤᠨ ᠬᠠᠶᠠᠩᠬᠠᠷᠸᠠ ᠪᠦᠷ ᠡᠷᠬᠢᠮᠪᠠᠳᠤ ᠶᠢᠨ ᠳᠤ ᠠᠳᠤᠭᠤᠴᠢᠨ ᠢᠶᠠᠷ ᠵᠠᠷᠤᠭᠳᠠᠵᠦ ᠪᠠᠶᠢᠵᠠᠢ᠂ | 1948 ᠤᠨ ᠤ ᠬᠠᠪᠤᠷ᠂ ᠬᠠᠶᠠᠩᠬᠠᠷᠸᠠ ᠨᠢ ᠴᠡᠷᠢᠭ ᠤᠨ ᠠᠯᠪᠠ ᠬᠠᠭᠠᠬᠤ ᠤᠯᠤᠰ ᠤᠨ ᠡᠭᠦᠷᠭᠡ ᠶᠢ ᠬᠦᠯᠢᠶᠡᠭᠡᠳ᠂ | ᠡᠬᠡ ᠤᠷᠤᠨ ᠤ ᠴᠢᠯᠦᠭᠡᠯᠡᠯᠳᠡ ᠶᠢᠨ ᠳᠠᠶᠢᠨ ᠳᠤ ᠡᠷᠡᠯᠭᠡᠭ ᠪᠠᠭᠠᠳᠤᠷᠯᠢᠭ ᠢᠶᠠᠷ ᠤᠷᠤᠯᠴᠠᠭᠠᠳ ᠭᠤᠷᠪᠠᠨ ᠵᠢᠯ | ᠪᠤᠯᠤᠭᠠᠳ ᠴᠡᠷᠢᠭ ᠠᠴᠠ ᠪᠠᠭᠤᠭᠰᠠᠨ ᠢᠶᠠᠨ ᠡᠷᠬᠢᠮᠪᠠᠳᠤ ᠶᠢᠨ ᠳᠤ ᠪᠤᠴᠠᠨ ᠢᠷᠡᠳᠡᠭ ᠶᠤᠮ ᠪᠠᠶᠢᠨ᠎ᠠ᠃ ᠲᠡᠭᠦᠤ ᠪᠠᠨ | ᠰᠢᠭ᠋ ᠪᠤᠳᠤᠵᠦ ᠶᠠᠪᠤᠳᠠᠭ ᠡᠷᠬᠢᠮᠪᠠᠳᠤ ᠭᠤᠸᠠᠢ ᠲᠡᠭᠦᠨ ᠢ ᠬᠠᠯᠠᠭᠤᠨ ᠢᠶᠠᠷ ᠤᠭᠳᠤᠨ ᠠᠪᠴᠤ᠂ ᠰᠢᠨ᠎ᠡ ᠪᠠᠷ ᠭᠡᠷ | ᠲᠡᠷᠭᠡ ᠪᠡᠯᠡᠳᠦᠨ ᠠᠮᠢᠳᠤᠷᠠᠯ ᠤᠨ ᠬᠡᠷᠡᠭᠰᠡᠯ ᠢ ᠨᠢ ᠪᠦᠷᠢᠨ ᠲᠦᠬᠦᠷᠵᠢᠭᠦᠯᠦᠨ ᠦᠭᠴᠤ ᠭᠠᠷᠭᠠᠭᠰᠠᠨ ᠤ ᠬᠠᠮᠳᠤ ᠨᠢᠭᠡᠨ | ᠠᠵᠢᠷᠭ᠎ᠠ ᠠᠳᠤᠭᠤ᠂ ᠴᠦᠭᠡᠪᠦᠷ ᠮᠠᠯ ᠰᠦᠷᠦᠭ ᠳᠠᠰᠤᠳᠠᠨ ᠦᠭᠴᠤ ᠭᠠᠷᠭᠠᠯ᠎ᠠ ᠭᠡᠳᠡᠭ᠂ ᠤᠶᠢᠷ᠎ᠠ ᠪᠤᠯᠳᠠᠯ᠎ᠠ | ᠪᠠᠳᠠᠷᠠᠬᠤ ᠪᠠᠷᠢᠭᠠᠳᠠ ᠶᠢᠨ ᠠᠳᠤᠭᠤᠨ ᠰᠦᠷᠦᠭ ᠲᠤ ︽ᠬᠠᠶᠠᠩ ᠤᠨ ᠬᠡᠬᠡᠷ︾ ᠭᠡᠰᠡᠨ ᠠᠵᠢᠷᠭ᠎ᠠ ᠪᠠᠶᠢᠭᠰᠠᠨ ᠨᠢ | ᠲᠡᠷᠡ ᠠᠵᠢᠷᠭ᠎ᠠ ᠠᠳᠤᠭᠤᠨ ᠤ ᠤᠳᠤᠮ ᠭᠡᠯᠴᠡᠳᠡᠭ ᠨᠢ ᠦᠨᠠᠨ ᠤᠴᠢᠷ ᠪᠤᠯᠬᠤ ᠶᠤᠮ᠃ ︵ᠡᠷᠬᠢᠮᠪᠠᠳᠤ ᠠᠮᠪᠠ ᠪᠤᠯ | ᠤᠯᠤᠰ ᠤᠨ ᠲᠡᠰ ᠤᠨ ᠨᠢᠭᠡᠳᠦᠭᠡᠷ ᠲᠠᠮᠢᠷᠴᠢᠨ᠂ ᠮᠤᠩᠭᠤᠯ ᠪᠦᠬᠡ ᠶᠢᠨ ᠠᠪᠤᠷᠭᠤ ᠪᠤᠯᠤᠨ᠎ᠠ᠂ ᠲᠡᠭᠦᠨ ᠤ | ᠪᠠᠷᠢᠯᠳᠤᠭᠰᠠᠨ ᠪᠦᠬᠡ ᠶᠢᠨ ᠲᠤᠬᠠᠢ ᠲᠤᠰᠬᠠᠢ ᠪᠦᠯᠦᠭ ᠢᠶᠠᠷ ᠨᠡᠶᠢᠳᠡᠯᠡᠨ᠎ᠡ︶ | ᠠᠰᠢᠭᠯᠠᠭᠰᠠᠨ ᠨᠤᠮ ᠵᠦᠢ | ᠬᠡᠤᠬᠡᠨ ᠤ ᠡᠷᠬᠢᠮᠪᠠᠳᠤ ᠶᠢᠨ ᠭᠠᠷ ᠲᠡᠮᠳᠡᠭᠯᠡᠯ | ᠤ ᠶᠤᠨᠳᠤᠨ᠂ ᠲᠡᠮᠴᠤᠭ ᠨᠠᠷ ᠤᠨ ︽ᠤᠷᠢᠶᠠᠩᠬᠠᠨ ᠤᠪᠤᠭ ᠤᠨ ᠪᠦᠬᠡᠨᠡᠷ ᠠᠶᠢᠮᠠᠭ ᠤᠨ ᠦᠶ᠎ᠡ | ᠤᠯᠠᠮᠵᠢᠯᠠᠭᠰᠠᠨ ᠪᠢᠴᠢᠭ︾ | ᠯᠤ᠂ ᠲᠡᠮᠦᠷ ᠤᠨ ︽ᠦᠨᠡᠨ ᠤ ᠲᠠᠭᠤᠨ︾ | ᠠ᠊᠂ ᠲᠡᠮᠦᠷᠪᠠᠭᠠᠳᠤᠷ ᠤᠨ ᠵᠤᠭᠤᠭ ᠶᠠᠷᠢᠶ᠎ᠠ |