ᠠᠬᠠᠮᠠᠳ ᠪᠦᠬᠡ ︽  ᠴᠠᠭᠢᠯᠭᠠᠨ︾ ᠭᠠᠯᠰᠠᠩ ᠤᠨ ᠪᠠᠷᠢᠯᠳᠤᠭᠰᠠᠨ ᠲᠤᠷᠠᠰᠤᠮᠵᠢ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ               ᠠᠬᠠᠮᠠᠳ ᠪᠦᠬᠡ ︽ ᠴᠠᠭᠢᠯᠭᠠᠨ︾ ᠭᠠᠯᠰᠠᠩ ᠤᠨ ᠪᠠᠷᠢᠯᠳᠤᠭᠰᠠᠨ ᠲᠤᠷᠠᠰᠤᠮᠵᠢ      ᠭᠠᠯᠰᠠᠩ ᠪᠤᠯ ᠤᠤᠯ ᠤᠨ ᠦᠵᠦᠮᠦᠴᠢᠨ ᠵᠡᠭᠦᠨ ᠭᠠᠷᠤᠨ ᠬᠤᠰᠢᠭᠤᠨ ᠤ ᠭᠠᠬᠢᠯ ᠰᠦᠮ᠎ᠡ ᠶᠢᠨ ᠯᠠᠮᠳᠠᠨ᠂ ᠵᠡᠭᠦᠨ ᠡᠷᠢᠶᠡᠨ ᠢᠶᠠᠷ ᠨᠤᠲᠤᠭ ᠲᠠᠢ᠂ ᠪᠤᠷᠤᠨᠤᠳ ᠤᠪᠤᠭᠳᠤ ᠵᠤᠳᠪᠠ ᠪᠤᠯᠤᠨ ᠡᠬᠡ ᠤᠰᠤᠷᠬᠠᠨᠳᠠ ᠶᠢᠨ ᠬᠦᠪᠡᠭᠦᠨ ᠦᠷ᠎ᠡ ᠪᠤᠯᠵᠦ᠂ 1931 ᠤᠨ ᠤ ᠬᠤᠨᠢᠨ ᠵᠢᠯ ᠪᠠᠷᠠᠭᠤᠨ ᠡᠷᠢᠶᠡᠨ ᠤ ᠪᠤᠯᠤᠩ ᠱᠠᠤᠳᠤ ᠭᠡᠳᠡᠭ ᠭᠠᠵᠠᠷ ᠲᠦᠷᠦᠵᠠᠢ᠃ ᠵᠤᠳᠪᠠ ᠭᠤᠸᠠᠢ ᠭᠠᠯᠰᠠᠠᠩ ᠢ ᠲᠠᠪᠤᠨ ᠨᠠᠰᠤᠳᠠᠢ ᠳᠤᠨᠢ ᠲᠦᠷᠦᠭᠰᠡᠨ ᠨᠤᠲᠤᠭ ᠤᠨ ᠬᠢᠨᠢ ᠰᠢᠷᠤᠢ ᠳᠤ ᠦᠩᠭᠦᠷᠢᠭᠦᠯᠵᠦ ᠢᠷᠡᠭᠰᠡᠨ ᠪᠠᠶᠢᠵᠠᠢ᠃      ᠬᠠᠮᠪᠤ ᠬᠡᠭᠡᠨᠳᠡᠨ ᠠᠴᠠ ᠨᠢ᠄ ︽ᠲᠦᠮᠡᠨᠪᠠᠶᠠᠷ ᠢ ᠪᠤᠳᠤᠪᠠᠯ ᠵᠢᠭᠠᠬᠠᠨ ᠭᠠᠯᠰᠠᠩ ᠰᠠᠶᠢᠨ ᠪᠦᠬᠡ ᠪᠤᠯᠤᠨ᠎ᠠ ᠰᠢᠤ ︾ ᠭᠡᠵᠦ ᠠᠶᠢᠯᠠᠳᠤᠯ᠎ᠠ ᠭᠡᠳᠡᠭ᠃ ᠦᠨᠡᠬᠡᠷ ᠴᠤ ᠲᠡᠶᠢᠮᠦ ᠡ᠂ ᠵᠢᠭᠠᠬᠠᠨ ᠭᠠᠯᠰᠠᠩ ᠭᠡᠵᠦ ᠡᠷᠳᠡᠨᠢ ᠪᠡᠶᠢᠯᠡ ᠶᠢᠨ ᠬᠤᠰᠢᠭᠤᠨ ᠳᠠᠭᠠᠨ ᠠᠯᠳᠠᠷ ᠴᠤᠤᠳᠠᠢ ᠪᠦᠬᠡᠴᠢᠨ ᠤ ᠬᠢᠨᠢ ᠨᠢᠭᠡ ᠪᠤᠯᠵᠦ᠂ ᠤᠷᠤᠨ ᠠᠶᠢᠮᠠᠭ ᠤᠨ ᠪᠡᠶ᠎ᠡ ᠲᠠᠮᠢᠷ ᠤᠨ ᠲᠠᠪᠴᠠᠩ ᠳᠤ ᠠᠪᠤᠷᠭᠤ ᠴᠤᠯᠠ ᠶᠢ ᠬᠠᠮᠠᠭᠠᠯᠠᠨ᠂ ᠠᠷᠰᠯᠠᠨ ᠪᠠᠷᠰ ᠰᠢᠭ᠋ ᠲᠤᠭᠯᠠᠵᠦ ᠶᠠᠪᠤᠭᠰᠠᠨ ᠪᠦᠯᠦᠭᠡ᠃ ᠲᠡᠭᠦᠨ ᠤ ᠪᠠᠷᠢᠯᠳᠤᠯᠭ᠎ᠠ ᠶᠢᠨ ᠤᠨᠴᠠᠯᠢᠭ ᠪᠤᠯ ᠪᠠᠷᠢᠴᠠ ᠯᠠᠪᠳᠠᠭᠤᠨ᠂ ᠡᠷᠳᠡᠮ ᠬᠢᠬᠦ ᠳᠡᠭᠡᠨ ᠪᠤᠰᠢᠭᠤ ᠱᠠᠯᠠᠮᠠᠭᠠᠢ ᠪᠦᠭᠡᠳ ᠲᠠᠭᠠᠭᠠᠮᠠᠭᠠᠢ ᠪᠠᠶᠢᠳᠠᠭ ᠲᠤᠯᠠ ᠬᠢᠷᠢ ᠪᠠᠷᠤᠭ ᠪᠦᠬᠡ ᠶᠢ ᠬᠠᠶᠠᠵᠦ ᠭᠠᠷᠳᠠᠭ ᠢᠶᠠᠷ ︽ᠴᠠᠬᠢᠯᠭᠠᠨ ᠭᠠᠯᠰᠠᠩ︾ ᠭᠡᠵᠦ ᠠᠯᠳᠠᠷᠰᠢᠵᠠᠢ᠃      ᠲᠡᠭᠦᠨ ᠢ ᠬᠤᠷᠢᠨ ᠭᠤᠷᠪᠠᠳᠠᠢ ᠵᠢᠯ ᠪᠠᠶᠢᠵᠦ ᠳ᠋ᠠ᠂ ᠰᠢᠨ᠎ᠡ ᠰᠦᠮ᠎ᠡ ᠶᠢᠨ ᠬᠤᠷᠢᠨ ᠤ ᠤᠪᠤᠭᠠᠨ ᠳᠤ ᠬᠦᠷᠴᠤ ᠪᠠᠷᠢᠯᠳᠤᠭᠠᠳ᠂ ᠪᠠᠷᠠᠭᠤᠨ ᠵᠡᠭᠦᠨ ᠬᠤᠶᠠᠷ ᠬᠤᠰᠢᠭᠤᠨ ᠤ ᠨᠡᠷᠡᠳᠦ ᠪᠦᠬᠡ ᠲᠤᠩᠷᠤᠪᠰᠡᠷᠡᠩ᠂ ᠲᠦᠮᠬᠠᠦ᠋ᠯᠵᠠᠢ᠂ ᠷᠠᠭᠳᠠᠨ ︵ᠷᠠᠪᠳᠠᠨ︶ ᠵᠡᠷᠭᠡ ᠶᠢ ᠬᠦᠳᠡᠯᠭᠡᠭᠡᠨ ᠤ ᠬᠦᠴᠦᠨ᠂ ᠡᠷᠳᠡᠮ ᠤᠨ ᠯᠠᠪᠳᠠᠭᠤᠨ ᠢᠶᠠᠷ ᠢᠶᠠᠨ ᠬᠠᠶᠠᠯᠠᠵᠦ ᠲᠡᠷᠢᠭᠦᠯᠡᠭᠰᠡᠨ ᠶᠤᠮ᠃ ᠰᠢᠨ᠎ᠡ ᠰᠦᠮ᠎ᠡ ᠶᠢᠨ ᠭᠡᠭᠡᠨ ᠯᠤᠪᠰᠠᠩ᠂ ᠭᠠᠯᠰᠠᠩ ᠤᠨ ᠪᠦᠬᠡ ᠶᠢᠨ ᠡᠷᠳᠡᠮ ᠮᠡᠭᠡ ᠳᠤ ᠴᠠᠭᠠᠷᠠᠭᠰᠠᠨ ᠢ ᠦᠵᠡᠭᠡᠳ ᠪᠠᠭ᠋ᠠᠷᠴᠤ᠂ ᠨᠠᠶᠢᠷ ᠤᠨ ᠲᠡᠷᠢᠭᠦᠨ ᠪᠦᠬᠡ ᠳᠡᠭᠡᠨ ᠬᠠᠳᠠᠭ ᠲᠡᠷᠢᠭᠦᠳᠡᠨ ᠵᠠᠩᠬᠢᠶ᠎ᠠ ᠶᠢᠨ ᠭᠤᠤᠯ ᠰᠤᠶᠤᠷᠬᠠᠭᠰᠠᠨ ᠶᠤᠮ ᠭᠡᠨ᠎ᠡ᠃      ᠠᠷᠪᠠ ᠬᠤᠨᠤᠭ ᠤᠨ ᠲᠠᠷᠠᠭ᠎ᠠ᠂ ᠰᠢᠨ᠎ᠡ ᠰᠦᠮ᠎ᠡ ᠶᠢᠨ ᠰᠦᠯᠳᠡ ᠶᠢᠨ ᠳᠠᠬᠢᠯᠭ᠎ᠠ ᠶᠢᠨ ᠨᠠᠶᠢᠷ ᠪᠤᠯᠳᠠᠭ ᠶᠤᠮ ᠪᠠᠶᠢᠨ᠎ᠠ᠂ ᠲᠡᠷᠡ ᠦᠶ᠎ᠡ ᠬᠤᠪᠢᠰᠬᠠᠯ ᠤᠷᠤᠵᠦ ᠢᠷᠡᠭᠰᠡᠨ ᠪᠤᠯᠪᠠᠴᠤ ᠰᠦᠮ᠎ᠡ ᠬᠡᠶᠢᠳ ᠱᠠᠰᠢᠨ ᠤ ᠦᠢᠯᠡ ᠮᠦᠨ ᠬᠡᠪ ᠢᠶᠠᠷ ᠢᠶᠠᠨ ᠶᠠᠪᠤᠭᠳᠠᠵᠦ ᠪᠠᠶᠢᠭᠰᠠᠨ ᠴᠠᠭ᠃ ᠭᠠᠬᠢᠯ ᠰᠦᠮ᠎ᠡ ᠶᠢᠨ ᠬᠠᠮᠪᠤ ᠯᠠᠮᠠ ᠵᠠᠮᠢᠶᠠᠨᠰᠦᠷᠬᠦᠮ᠂ ᠲᠤᠰ ᠨᠠᠶᠢᠷ ᠲᠤ ᠰᠦᠮ᠎ᠡ ᠠᠴᠠ ᠪᠠᠨ ᠪᠦᠬᠡ ᠢᠯᠡᠭᠡᠭᠰᠡᠨ ᠪᠤᠯᠪᠠᠴᠤ ᠭᠠᠯᠰᠠᠩ ᠭᠤᠸᠠᠢ ᠶᠢ᠄ ︽ᠲᠡᠷᠡ ᠨᠠᠶᠢᠷ ᠲᠤ ᠴᠢ ᠬᠦᠷᠬᠦ ᠬᠡᠷᠡᠭ ᠦᠭᠡᠢ︾ ᠭᠡᠵᠦ ᠠᠶᠢᠯᠠᠳᠤᠭᠰᠠᠨ ᠶᠤᠮ ᠭᠡᠨ᠎ᠡ᠃ ᠬᠡᠳᠦᠶᠢᠪᠡᠷ ᠲᠡᠶᠢᠮᠦ ᠪᠤᠯᠪᠠᠴᠤ᠂ ᠲᠡᠷᠡ ᠪᠤᠯ ᠵᠠᠯᠠᠭᠤ ᠨᠠᠰᠤᠨ ᠤ ᠭᠠᠯ ᠦᠶ᠎ᠡ᠂ ᠪᠦᠬᠡ ᠶᠢᠨ ᠲᠡᠮᠡᠴᠡᠭᠡᠨ ᠳᠤ ᠡᠷ᠎ᠡ ᠴᠢᠳᠠᠯ ᠢᠶᠠᠨ ᠰᠢᠯᠭᠠᠬᠤ ᠬᠦᠰᠡᠯ ᠤᠷᠬᠢᠯᠤᠵᠦ ᠪᠠᠶᠢᠭᠰᠠᠨ ᠎ ᠲᠠᠢ᠂ ᠳᠠᠯᠳᠠᠭᠤᠷ ᠨᠠᠶᠢᠷ ᠦᠵᠡᠬᠦ ᠪᠠᠷ ᠲᠠᠯᠪᠢᠭᠠᠳ ᠬᠦᠷᠴᠠᠢ᠃ ᠶᠠᠭ ᠨᠠᠶᠢᠷ ᠤᠨ ᠬᠦᠷᠢᠶᠡᠨ ᠳᠤ ᠰᠤᠨᠢᠷᠬᠠᠨ ᠵᠤᠭᠰᠤᠵᠦ ᠪᠠᠶᠢᠳᠠᠯ᠎ᠠ᠂ ᠲᠤᠩᠷᠤᠪᠰᠡᠷᠡᠩ ᠵᠡᠷᠭᠡ ᠯᠠᠮᠠ ᠨᠠᠷ ᠲᠡᠭᠦᠨ ᠢ ᠦᠵᠡᠭᠡᠳ᠄ ︽ᠬᠦᠢ᠂ ᠴᠢ ᠨᠠᠶᠢᠷ ᠲᠤ ᠤᠷᠤᠬᠤ ᠦᠭᠡᠢ ᠶᠤᠮ ᠤᠤ︖︾ ᠭᠡᠬᠦ ᠳᠤ ︽ᠪᠢ ᠨᠠᠶᠢᠷ ᠦᠵᠡᠬᠦ ᠪᠠᠷ ᠢᠷᠡᠭᠰᠡᠨ᠂ ᠪᠠᠷᠢᠯᠳᠤᠬᠤ ᠪᠠᠷ ᠢᠷᠡᠭᠰᠡᠨ ᠦᠭᠡᠢ︾ ᠭᠡᠵᠡᠢ᠃ ᠭᠡᠳᠡᠯ᠎ᠡ ᠲᠡᠳᠡ᠄ ︽ᠴᠢᠮᠡᠶᠢ ᠨᠡᠷ᠎ᠡ ᠶᠢ ᠴᠢᠨᠢ ᠲᠠᠭᠤᠳᠠᠵᠦ ᠪᠠᠶᠢᠬᠤ ᠳᠤ ᠤᠤ︖︾᠂ ︽ᠪᠢ ᠵᠠᠩᠬᠢᠶ᠎ᠠ ᠪᠠᠨ ᠠᠪᠴᠢᠷᠠᠭᠰᠠᠨ ᠦᠭᠡᠢ ᠰᠢᠤ︾ ᠭᠡᠬᠦ ᠳᠤ ︽ᠲᠡᠷᠡ ᠶᠠᠮᠠᠷ ᠬᠠᠮᠢᠶ᠎ᠠ ᠪᠠᠶᠢᠬᠤ ᠶᠤᠮ᠂ ᠤᠷᠤᠴᠢᠬ᠎ᠠ︕︾ ᠭᠡᠳ ᠲᠠᠳᠠᠯᠳᠤᠵᠦ ᠴᠢᠩᠭᠠᠭᠠᠬᠤ ᠲᠠᠢ ᠵᠡᠭᠦᠨ ᠳᠡᠳᠡᠩ ᠵᠦᠭ ᠤᠷᠤᠭᠤᠯᠵᠦ᠂ ᠪᠦᠬᠡ ᠶᠢᠨ ᠤᠷᠢᠶ᠎ᠠ ᠲᠠᠯᠪᠢᠭᠰᠠᠨ ᠢᠶᠠᠨ ᠵᠤᠳᠤᠭᠯᠠᠨ ᠤᠷᠤᠭᠤᠯᠵᠦ ᠪᠦᠬᠡ ᠪᠠᠨ ᠤᠨᠤᠭᠠᠯ᠎ᠠ᠃      ᠲᠡᠷᠡ ᠨᠠᠶᠢᠷ ᠲᠡᠭᠡᠷ᠎ᠡ ᠬᠤᠶᠠᠷ ᠬᠤᠰᠢᠭᠤᠨ ᠤ ᠨᠡᠷᠡᠳᠦ ᠪᠦᠬᠡᠴᠤᠳ ᠠᠴᠠ ᠲᠤᠩᠷᠤᠪᠰᠡᠷᠡᠩ᠂ ᠯᠠᠮ᠎ᠠ᠂ ᠬᠦᠷᠡᠯ ᠂ ᠬᠠᠶᠢᠷᠤᠪ᠂ ᠭᠤᠸᠠ ᠱᠢᠷᠤᠪ ᠨᠠᠷ ᠢ ᠬᠠᠶᠠᠵᠦ ᠮᠦᠨ ᠲᠡᠷᠢᠭᠦᠯᠡᠭᠰᠡᠨ ᠪᠠᠶᠢᠵᠠᠢ᠃ ᠨᠠᠶᠢᠷ ᠰᠤᠨᠢᠷᠬᠠᠵᠦ ᠪᠠᠶᠢᠭᠰᠠᠨ ᠬᠠᠮᠪᠤ ᠯᠠᠮᠠ ᠭᠡᠭᠡᠨᠳᠡᠨ ᠲᠡᠭᠦᠨ ᠢ ᠲᠠᠭᠤᠳᠠᠵᠦ᠄ ︽ᠴᠢᠮᠠᠶᠢ ᠪᠢᠳᠡᠭᠡᠢ ᠢᠷ᠎ᠡ ᠭᠡᠬᠦ ᠳᠤ ᠴᠢ ᠢᠷᠡᠴᠢᠭᠡᠯ᠎ᠡ᠂ ᠵᠠᠩᠬᠢᠶ᠎ᠠ ᠪᠠᠨ ᠪᠠᠰᠠ ᠠᠪᠴᠢᠷᠠᠭᠰᠠᠨ ᠦᠭᠡᠢ᠂ ᠡᠭᠦᠨ ᠢ ᠶᠠᠭᠤ ᠭᠡᠬᠦ ᠪᠤᠢ︖︾ ᠭᠡᠵᠦ ᠵᠢᠮᠡᠯᠡᠭᠰᠡᠨ ᠭᠡᠳᠡᠭ᠃ ᠲᠡᠷᠡ ᠦᠶ᠎ᠡ ᠵᠠᠩᠭᠢᠶ᠎ᠠ ᠲᠠᠢ ᠪᠦᠬᠡ ᠨᠠᠶᠢᠷ ᠲᠤ ᠤᠷᠤᠬᠤ ᠳᠠᠭᠠᠨ ᠡᠷᠬᠡᠪᠰᠢ ᠵᠠᠩᠭᠢᠶ᠎ᠠ ᠪᠠᠨ ᠵᠡᠭᠦᠬᠦ ᠬᠡᠷᠡᠭᠳᠡᠢ ᠪᠠᠶᠢᠯ᠎ᠠ᠃ ᠵᠠᠩᠬᠢᠶ᠎ᠠ ᠪᠠᠨ ᠵᠡᠭᠦᠬᠦ ᠦᠭᠡᠢ ᠪᠤᠯ ᠨᠠᠶᠢᠷ ᠲᠤ ᠤᠷᠤᠳᠠᠭ ᠦᠭᠡᠢ ᠶᠤᠰᠤ ᠲᠠᠢ᠃ ᠨᠡᠩ ᠴᠤ ᠯᠤᠪᠰᠠᠩ ᠭᠡᠭᠡᠨᠳᠡᠨ ᠤ ᠰᠤᠶᠤᠷᠬᠠᠭᠰᠠᠨ ᠵᠠᠩᠬᠢᠶ᠎ᠡ ᠶᠢ ᠵᠡᠭᠦᠬᠦ ᠦᠭᠡᠢ ᠤᠷᠤᠭᠰᠠᠨ ᠨᠢ ᠲᠡᠭᠦᠨ ᠳᠤ ᠮᠦᠨ ᠡᠪ ᠦᠬᠡᠢ ᠰᠠᠨᠠᠭᠳᠠᠵᠠᠢ᠃ ᠰᠢᠨ᠎ᠡ ᠰᠦᠮ᠎ᠡ ᠶᠢᠨ ᠭᠡᠭᠡᠨᠳᠡᠨ ᠠᠴᠠ ᠭᠠᠯᠰᠠᠩ ᠢ ᠲᠠᠭᠤᠳᠠᠭᠤᠯᠵᠦ᠂ ᠮᠢᠨᠤ ᠱᠠᠩᠨᠠᠭᠰᠠᠨ ᠵᠠᠩᠬᠢᠶ᠎ᠠ ᠶᠢ ᠴᠢᠮᠠᠯᠠᠯ᠎ᠠ ᠪᠠ ᠭᠡᠰᠡᠨ ᠰᠢᠭ ᠳᠠᠬᠢᠨ ᠵᠠᠩᠭᠢᠶ᠎ᠠ ᠶᠢᠨ ᠭᠤᠤᠯ ᠤᠯᠭᠤᠨ ᠱᠠᠩ ᠭᠦᠷᠳᠡᠭᠡᠭᠰᠡᠨ ᠶᠤᠮ᠂ ᠢᠩᠭᠢᠵᠦ ᠬᠤᠶᠠᠷᠳᠠ ᠵᠠᠩᠭᠢᠶᠠᠯᠠᠭᠰᠠᠨ ᠪᠠᠶᠢᠵᠠᠢ᠃      ᠤᠷᠤᠨ ᠤ ᠳᠡᠳ᠋ ᠬᠦᠩᠭᠡᠨ ᠳᠡᠰ ᠤᠨ ᠪᠦᠬᠡ ᠶᠢᠨ ᠤᠷᠤᠯᠳᠤᠭᠠᠨ ᠳᠤ ᠬᠤᠶᠠᠷ ᠵᠢᠯ ᠲᠠᠷᠠᠭᠠᠯᠠᠨ ᠦᠵᠦᠯᠡᠵᠦ ᠶᠠᠪᠤᠭᠰᠠᠨ ᠤᠳᠠᠭ᠎ᠠ ᠲᠠᠢ᠃ ᠨᠢᠭᠡ ᠤᠳᠠᠭ᠎ᠠ ᠤᠷᠤᠨ ᠤ ᠪᠡᠶ᠎ᠡ ᠲᠠᠮᠢᠷ ᠤᠨ ᠵᠦᠪᠯᠡᠯ ᠤᠨ ᠲᠠᠷᠤᠭ᠎ᠠ ᠨᠠᠷ ᠭᠠᠯᠰᠠᠩ ᠶᠢ ᠬᠦᠯᠦᠨ ᠪᠤᠶᠢᠷ ᠤᠨ ᠠᠪᠤᠷᠭᠤ ᠨᠠᠷᠠᠨᠳᠠᠸ᠎ᠠ᠂ ᠵᠤᠤ ᠤᠳᠠ ᠶᠢᠨ ᠵᠠᠮᠢᠶᠠᠨᠱᠢᠷᠤᠪ᠂ ᠰᠢᠨ᠎ᠡ ᠰᠦᠮ᠎ᠡ ᠶᠢᠨ ᠬᠦᠷᠡᠯ ᠵᠡᠷᠭᠡ ᠠᠪᠤᠷᠭᠤ ᠪᠦᠬᠡ ᠲᠠᠢ ᠪᠠᠷᠢᠯᠳᠤᠭᠤᠯᠵᠦ ᠦᠵᠡᠵᠡᠢ᠃ ᠠᠪᠤᠷᠭᠤᠴᠤᠳ ᠤᠨ ᠡᠷᠳᠡᠮ ᠨᠢ ᠪᠦᠭᠦᠳᠡᠭᠡᠷ ︽ᠲᠡᠭᠡ︾ ᠬᠢᠬᠦ ᠠᠳᠠᠯᠢᠪᠳᠤᠷ ᠲᠠᠯ᠎ᠠ ᠲᠠᠢ ᠭᠡᠨ᠎ᠡ᠂ ᠭᠠᠯᠰᠠᠩ ᠡᠭᠦᠨ ᠢ ᠮᠡᠳᠡᠭᠡᠳ ︽ᠲᠡᠭᠡ︾ ᠬᠢᠬᠦ ᠳᠤᠨᠢ ᠲᠡᠭᠡ ᠶᠢ ᠨᠢ ᠬᠦᠯ ᠢᠶᠠᠨ ᠴᠢᠨᠠᠭᠰᠢᠳᠠ ᠭᠤᠯᠭᠤᠭᠤᠯᠬᠤ ᠳᠤ ᠲᠡᠭᠡ ᠨᠢ ᠮᠤᠯᠳᠤᠷᠠᠬᠤ ᠲᠠᠢ ᠵᠡᠷᠭᠡ ᠳᠠᠳᠠᠭ᠎ᠠ ᠪᠠᠷ ᠬᠠᠶᠠᠯᠠᠭᠰᠠᠨ ᠭᠡᠳᠡᠭ᠃ ᠡᠭᠦᠨ ᠳᠤ ᠲᠡᠮᠦᠷᠵᠢᠷᠦᠬᠡ ᠵᠡᠷᠭᠡ ᠪᠡᠶ᠎ᠡ ᠲᠠᠮᠢᠷ ᠤᠨ ᠵᠦᠪᠯᠡᠯ ᠤᠨ ᠲᠠᠷᠤᠭ᠎ᠠ ᠨᠠᠷ ︽ᠪᠦᠬᠡ ᠶᠢᠨ ᠡᠷᠳᠡᠮ ᠳᠤ ᠦᠭᠡᠢ ᠡᠷᠳᠡᠮ ᠢ ᠬᠢᠯ᠎ᠡ ᠰᠢᠤ︾ ᠭᠡᠵᠦ ᠰᠠᠶᠢᠰᠢᠶᠠᠭᠠᠳ᠂ ᠤᠷᠤᠨ ᠤ ᠪᠡᠶ᠎ᠡ ᠲᠠᠮᠢᠷ ᠤᠨ ᠵᠦᠪᠯᠡᠯ ᠤᠨ ᠲᠠᠮᠢᠷᠴᠢᠨ ᠢᠶᠠᠷ ᠦᠯᠡᠳᠡᠭᠡᠬᠦ ᠪᠠᠷ ᠵᠦᠪᠰᠢᠶᠡᠷᠡᠭᠰᠡᠨ ᠪᠠᠶᠢᠪᠠ᠃ ᠭᠡᠪᠡᠴᠤ ᠤᠯᠠᠨ ᠵᠦᠢᠯ ᠤᠨ ᠰᠢᠯᠳᠠᠭᠠᠨ ᠠᠴᠠ ᠪᠤᠯᠵᠦ᠂ ᠨᠤᠲᠤᠭ ᠲᠠᠭᠠᠨ ᠡᠷᠬᠢᠭᠰᠡᠨ ᠨᠢ ᠲᠡᠭᠦᠨ ᠳᠤ ᠨᠢᠭᠡᠨ ᠬᠠᠷᠠᠮᠰᠠᠯ ᠪᠤᠯᠤᠨ ᠦᠯᠡᠳᠡᠭᠰᠡᠨ ᠪᠠᠶᠢᠯ᠎ᠠ᠃ ᠤᠴᠢᠷ ᠨᠢ ᠲᠠᠶᠢᠶᠤᠸᠠᠨ ᠬᠤᠳᠠ ᠳᠤ ᠪᠤᠯᠤᠭᠰᠠᠨ ᠲᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠡᠭᠦᠨ ᠢ ᠤᠷᠤᠯᠠᠨ ᠶᠠᠪᠤᠭᠰᠠᠨ ᠦᠵᠦᠮᠦᠴᠢᠨ ᠪᠠᠷᠠᠭᠤᠨ ᠬᠤᠰᠢᠭᠤᠨ ᠤ ᠯᠤᠷᠤᠢ ᠲᠡᠰ ᠲᠡᠭᠡᠨ ᠲᠡᠷᠢᠭᠦᠯᠡᠵᠦ᠂ ︽ᠤᠯᠤᠰ ᠤᠨ ᠠᠪᠤᠷᠭᠤ︾ ᠴᠤᠯᠠ ᠤᠯᠤᠭᠰᠠᠨ ᠨᠢ ᠬᠡᠴᠢᠨᠡᠨ ᠠᠯᠳᠠᠷ ᠬᠦᠨᠳᠦᠳᠡᠢ ᠶᠠᠪᠤᠳᠠᠯ ᠠᠵᠠᠢ᠃      1959 ᠤᠨ ᠤ ᠤᠯᠤᠰ ᠪᠠᠶᠢᠭᠤᠯᠤᠭᠳᠠᠭᠰᠠᠨ ᠠᠷᠪᠠᠨ ᠵᠢᠯ ᠤᠨ ᠤᠢ ᠶᠢ ᠪᠡᠯᠭᠡᠯᠡᠬᠦ ᠨᠠᠶᠢᠷ ᠢ ᠰᠢᠯᠢᠨᠬᠤᠳᠠ ᠳᠤ ᠬᠢᠵᠦ᠂ ᠪᠦᠬᠡ ᠶᠢᠨ ᠤᠷᠤᠯᠳᠤᠭᠠᠨ ᠢ ᠤᠯᠠᠨ ᠲᠦᠷᠦᠯ ᠬᠤᠪᠢᠶᠠᠨ ᠶᠠᠪᠤᠭᠳᠠᠭᠤᠯᠪᠠ᠃ ᠲᠤᠮᠳᠠ ᠬᠦᠩᠭᠡᠨ ᠳᠡᠰ ᠤᠨ ᠤᠷᠤᠯᠳᠤᠭᠠᠨ ᠳᠤ ᠭᠠᠯᠰᠠᠩ ᠭᠤᠸᠠᠢ ᠲᠡᠭᠡᠷ᠎ᠡ ᠲᠦᠷᠪᠡ ᠳᠤ ᠠᠪᠠᠭ᠎ᠠ ᠶᠢᠨ ᠨᠠᠶᠢᠳᠠᠨ ᠢ ᠬᠠᠶᠠᠵᠦ᠂ ᠳᠡᠳ᠋ ᠲᠡᠷᠢᠭᠦᠨ ᠳᠤ ᠬᠦᠯᠦᠨ ᠪᠤᠶᠢᠷ ᠤᠨ ᠴᠢᠮᠡᠳᠰᠦ᠋ᠷᠦᠩ ᠢ ᠲᠠᠪᠠᠭᠠᠳ ᠲᠡᠷᠢᠭᠦᠯᠡᠭᠰᠡᠨ ᠶᠤᠮ᠃ ᠲᠡᠷᠡ ᠶᠡᠭᠡ ᠨᠠᠶᠢᠷ ᠲᠤ᠂ ᠮᠠᠨᠠᠶᠢᠬᠢᠨ ᠠᠴᠠ ᠰᠢᠬᠦᠷᠳᠡᠢ᠂ ᠢᠳᠡᠷᠵᠠᠭᠠᠨ᠂ ᠭᠠ᠊ ᠯᠤᠪᠰᠠᠩ ᠵᠡᠷᠭᠡ ᠪᠦᠬᠡᠴᠦᠳ ᠬᠠᠮᠳᠤ ᠬᠦᠷᠦᠯᠴᠡᠭᠰᠡᠨ ᠪᠠᠶᠢᠯ᠎ᠠ᠂ ᠲᠤᠬᠠᠢ ᠶᠢᠨ ᠦᠶ᠎ᠡ ᠠᠪᠠᠭ᠎ᠠ ᠬᠤᠰᠢᠭᠤᠨ ᠳᠤ ᠠᠵᠢᠯᠯᠠᠵᠦ ᠪᠠᠶᠢᠭᠰᠠᠨ ᠪᠠᠭᠠᠳᠤᠷ ᠱᠦᠵᠢ ᠴᠤ ᠲᠡᠷᠡ ᠤᠳᠠᠭ᠎ᠠ ᠶᠢᠨ ᠪᠦᠬᠡ ᠶᠢᠨ ᠤᠷᠤᠯᠳᠤᠭᠠᠨ ᠳᠤ ᠤᠷᠤᠯᠴᠠᠭᠰᠠᠨ ᠶᠤᠮ ᠭᠡᠵᠦ ᠭᠠᠯᠰᠠᠩ ᠨᠠᠰᠤᠳᠠᠨ ᠲᠤᠷᠠᠰᠤᠮᠵᠢᠯᠡᠯ᠎ᠠ᠃            ᠁                        ᠁                           ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号