ᠤᠷᠢᠶᠠᠩᠬᠠᠨ ᠤ᠂ ᠶᠤᠨᠳᠤᠨ | | ᠠᠯᠤᠬ᠎ᠠ ᠶᠢᠨ ᠪᠠᠨᠽᠠᠷ ᠤᠨ ᠦᠵᠦᠮᠦᠴᠢᠨ ᠪᠦᠭᠡ ᠶᠢᠨ ᠡᠷᠳᠡᠮ ᠮᠡᠭᠡ ᠶᠢᠨ ᠲᠤᠬᠠᠢ | | ᠨᠢᠬᠡ ᠵᠠᠯᠠᠭᠤ ᠨᠠᠰᠤᠨ ᠤ ᠲᠤᠷᠠᠰᠤᠮᠵᠢ ᠪᠠ ᠡᠷᠭᠢᠴᠡᠭᠦᠯᠦᠯ | ᠠᠯᠤᠬ᠎ᠠ ᠶᠢᠨ ᠪᠠᠨᠽᠠᠷ ᠪᠤᠯ ᠤᠤᠯ ᠤᠨ ᠡᠵᠢᠨᠠᠭᠤᠷ ᠨᠢᠭᠡᠳᠦᠯ ᠤᠨ ᠤᠯᠤᠰ ᠬᠤᠪᠢ ᠬᠤᠷᠰᠢᠭᠰᠠᠨ ᠬᠠᠷᠠᠭᠠᠳᠤ | ︵ᠡᠬᠡᠪᠤᠯᠠᠭ ᠲᠠᠯᠠᠪᠠᠢ︶ ᠮᠠᠯᠵᠢᠯ ᠤᠨ ᠲᠠᠯᠠᠪᠠᠢ ᠶᠢᠨ ᠬᠠᠷᠢᠶᠠᠳᠤ ᠮᠠᠯᠴᠢᠨ ᠪᠤᠷᠵᠢᠭᠢᠨ ᠤᠪᠤᠭᠳᠤ ᠠᠪᠤ ᠪᠤᠷᠤᠰ ᠤᠨ | ᠠᠳᠤᠭᠤᠴᠢᠨ ᠠᠯᠤᠬ᠎ᠠ ᠪᠤᠯᠤᠨ ᠡᠬᠡ ᠰᠤᠯᠢ ᠶᠢᠨ ᠬᠦᠪᠡᠭᠦᠨ ᠦᠷ᠎ᠡ ᠨᠢ ᠪᠤᠯᠵᠦ᠂ 1958 ᠤᠨ ᠤ ᠰᠢᠷ᠎ᠠ ᠨᠤᠬᠠᠢ | ᠵᠢᠯ ᠳᠤ ᠰᠢᠷ᠎ᠠ ᠨᠤᠬᠠᠶᠢᠳᠤ ᠶᠢᠨ ᠪᠤᠷᠤᠯᠵᠢ ᠬᠡᠮᠡᠬᠦ ᠭᠠᠵᠠᠷ ᠵᠠᠶᠠᠭᠠᠵᠠᠢ᠃ ᠲᠡᠷᠡ ᠪᠤᠯ ᠡᠬᠡᠪᠤᠯᠠᠭ ᠮᠠᠯᠵᠢᠯ ᠤᠨ | ᠲᠠᠯᠠᠪᠠᠢ ᠶᠢᠨ ᠬᠠᠷᠠᠭᠤᠪᠢ ᠰᠠᠯᠪᠤᠷᠢ ᠲᠠᠯᠠᠪᠠᠢ ᠶᠢᠨ ᠮᠠᠯᠴᠢᠨ᠂ ᠦᠵᠦᠮᠦᠴᠢᠨ ᠤ ᠨᠢᠭᠡᠨ ᠦᠶ᠎ᠡ ᠶᠢᠨ ᠠᠯᠳᠠᠷᠳᠤ ᠪᠦᠭᠡ | ᠂ ᠨᠠᠶᠠᠨ ᠨᠢᠭᠡ ᠶᠢᠨ ᠲᠤᠮᠤᠬᠠᠨ ᠱᠠᠩ ᠢ ᠲᠤᠰᠴᠤ ᠶᠠᠪᠤᠭᠰᠠᠨ ᠲᠡᠤᠬᠡ ᠲᠠᠢ ᠰᠠᠨ᠃ | ᠲᠡᠷᠡ ᠬᠠᠷᠠᠬᠠᠨ ᠪᠠᠭ᠎ᠠ ᠠᠴᠠ ᠪᠠᠨ ᠪᠦᠬᠡ ᠪᠠᠷᠢᠯᠳᠤᠬᠤ ᠳᠤ ᠲᠤᠷ᠎ᠠ ᠪᠠᠭ᠋ᠠᠳᠠᠢ ᠪᠤᠯᠬᠤᠷ ᠨᠤᠲᠤᠭ ᠤᠨ ᠠᠬᠠᠮᠠᠳ | ᠨᠠᠷ ᠨᠢ ᠲᠡᠭᠦᠨ ᠤ ᠪᠡᠶ᠎ᠡ ᠴᠤᠭᠴᠠ ᠲᠤᠷᠪᠢᠯᠢᠭ ᠴᠢᠳᠠᠯ ᠶᠡᠬᠡᠳᠡᠢ ᠪᠠᠷ ᠭᠠᠳᠠᠷᠯᠠᠭᠰᠠᠨ ᠴᠤ ᠪᠤᠯᠪᠠᠤ᠂ ᠶᠠᠭᠤ ᠴᠤ | ᠭᠡᠰᠡᠨ ᠪᠠᠷᠢᠯᠳᠤᠬᠤ ᠠᠷᠭ᠎ᠠ ᠬᠢᠳᠡᠯ ᠢ ᠵᠢᠭᠠᠵᠦ ᠦᠭᠭᠦᠳᠡᠭ ᠪᠠᠶᠢᠵᠠᠢ᠂ ᠡᠭᠦᠨ ᠳᠤ ᠨᠠᠭᠠᠴᠤ ᠨᠠᠶᠢ᠊᠂ ᠴᠢᠮᠠᠳ ︵ | ᠦᠵᠦᠮᠦᠴᠢᠨ ᠤ ᠨᠡᠷᠡᠳᠦ ᠪᠦᠭᠡ︶᠂ ᠲᠦᠮᠡᠨᠪᠠᠶᠠᠷ ᠤᠨ ᠬᠢ ᠮᠠᠨᠠᠶᠢᠬᠢᠨ ᠲᠠᠢ ᠦᠷᠭᠦᠯᠵᠢ ᠠᠶᠢᠯ ᠰᠠᠭᠠᠬᠠᠯᠳᠠ | ᠶᠠᠪᠤᠳᠠᠭ ᠪᠠᠶᠢᠭᠰᠠᠨ᠂ ᠪᠢ ᠲᠦᠮᠡᠨᠪᠠᠶᠠᠷ ᠠᠪᠤ ᠶᠢᠨ ᠬᠦᠤ ᠮᠠᠨᠳᠠᠷ ᠲᠠᠢ ᠦᠶ᠎ᠡ ᠬᠤᠷᠠᠭ ᠤᠨ ᠬᠡᠤᠬᠡᠳ᠂ ᠲᠤᠵᠢ | ᠪᠠᠷᠢᠯᠳᠤᠵᠦ ᠵᠢᠭᠤᠷᠠᠵᠦ ᠶᠠᠪᠤᠳᠠᠭ ᠪᠤᠯᠬᠤᠷ ᠲᠦᠮᠡᠨᠪᠠᠶᠠᠷ ᠠᠪᠤ ᠨᠠᠳᠠ ᠳᠤ ᠬᠠᠮᠤᠭ ᠠᠩᠬ᠎ᠠ ᠬᠤᠮᠨᠠᠭᠠ ᠬᠢᠬᠦ | ᠦᠨᠳᠦᠰᠦᠨ ᠡᠷᠳᠡᠮ ᠮᠡᠭᠡ ᠶᠢ ᠲᠡᠷᠡ ᠦᠶ᠎ᠡ ᠳᠤ ᠵᠢᠭᠠᠵᠦ ᠦᠭᠭᠦᠭᠰᠡᠨ ᠶᠤᠮ ᠳ᠋ᠠ᠃ ᠪᠦᠬᠡ ᠬᠦᠮᠦᠨ ᠪᠤᠯᠤᠨ᠎ᠠ ᠭᠡᠵᠦ | ᠮᠠᠨ ᠤ ᠦᠶ᠎ᠡ ᠶᠢᠨ ᠬᠡᠳᠦᠨ ᠨᠦᠬᠦᠳ ᠬᠤᠭᠤᠷᠤᠨᠳᠤ ᠪᠠᠨ ᠴᠤᠭᠯᠠᠷᠠᠪᠠᠯ ᠰᠠᠷ᠎ᠠ ᠲᠠᠢ ᠰᠦᠨᠢ ᠶᠢᠨ ᠰᠦᠯᠡᠭᠡᠨ ᠳᠤ᠂ | ᠨᠢᠭᠡᠨ ᠢᠶᠠᠨ ᠴᠤᠪᠤᠭᠤᠯᠬᠤ ᠭᠡᠵᠦ ᠴᠢᠷᠮᠠᠶᠢᠨ ᠪᠦᠬᠡ ᠶᠢᠨ ᠪᠤᠯᠪᠠᠰᠤᠷᠠᠯ ᠮᠡᠷᠭᠡᠵᠢᠯ ᠢ ᠡᠵᠡᠮᠰᠢᠬᠦ ᠪᠠᠷ ᠰᠦᠨᠢᠵᠢᠨ | ᠨᠤᠤᠷᠠᠯᠳᠤᠳᠠᠭ ᠪᠠᠶᠢᠭᠰᠠᠨ᠂ ᠲᠡᠷᠡ ᠦᠶ᠎ᠡ ᠪᠦᠬᠡ ᠶᠢᠨ ᠰᠤᠷᠢᠶ᠎ᠠ ᠬᠢᠬᠦ ᠲᠤᠰᠬᠠᠢ ᠲᠠᠯᠠᠪᠤᠷ ᠭᠡᠵᠦ ᠪᠠᠶᠢᠭᠰᠠᠨ ᠦᠭᠡᠢ | ᠭᠡᠵᠦ ᠪᠠᠨᠽᠠᠷ ᠭᠤᠸᠠᠢ ᠲᠤᠷᠠᠰᠤᠮᠵᠢᠯᠠᠨ ᠶᠠᠷᠢᠯ᠎ᠠ᠃ | ᠪᠠᠨᠽᠠᠷ ᠶᠢᠨ ᠬᠠᠮᠤᠭ ᠤᠨ ᠠᠩᠬ᠎ᠠ ᠨᠠᠶᠢᠷ ᠲᠤ ᠤᠷᠤᠵᠦ ᠵᠤᠳᠤᠭ ᠡᠯᠭᠦᠭᠰᠡᠨ ᠨᠢ 1974 ᠤᠨ ᠤ ᠪᠠᠷᠠᠭᠤᠨ | ᠦᠵᠦᠮᠦᠴᠢᠨ ᠤ ᠴᠤᠭ ᠠᠭᠤᠯᠠ ᠲᠠᠯᠠᠪᠠᠢ ᠶᠢᠨ ᠵᠤᠨ ᠤ ᠡᠬᠢ ᠪᠠᠷ ᠬᠢᠭᠰᠡᠨ ᠨᠠᠶᠢᠷ ᠪᠤᠯᠬᠤ ᠶᠤᠮ᠂ ᠠᠷᠪᠠᠨ | ᠵᠢᠷᠭᠤᠭᠠᠳᠠᠢ ᠳᠠᠭᠠᠨ ᠬᠡᠤᠬᠡᠳ ᠤᠨ ᠪᠦᠬᠡ ᠳᠤ ᠤᠷᠤᠬᠤ ᠪᠠᠷ ᠨᠡᠷ᠎ᠡ ᠮᠡᠳᠡᠭᠦᠯᠬᠦ ᠳᠤ ᠤᠷᠤᠭᠤᠯᠤᠭᠰᠠᠨ ᠦᠭᠡᠢ᠂ | ᠢᠩᠬᠢᠭᠡᠳ ᠲᠤᠮᠤᠴᠤᠳ ᠤᠨ ᠪᠦᠬᠡ ᠳᠤ ᠪᠠᠷᠢᠯᠳᠤᠭᠰᠠᠨ ᠪᠠᠶᠢᠵᠠᠢ᠃ ᠲᠠᠩ ᠳᠤ ᠬᠤᠤᠰᠪᠠᠶᠠᠷ ᠭᠡᠬᠦ ᠬᠦᠮᠦᠨ ᠢ | ᠬᠠᠶᠠᠵᠦ ᠤᠤᠭᠠᠨ ᠪᠠᠷᠢᠯᠳᠤᠭᠠᠨ ᠢᠶᠠᠨ ᠡᠬᠢᠯᠡᠭᠦᠯᠦᠭᠰᠡᠨ ᠢᠶᠠᠷ ᠲᠡᠭᠡᠷ᠎ᠡ ᠨᠡᠢᠮᠠ ᠳᠤ ᠬᠦᠷᠴᠤ ᠨᠠᠶᠢᠷ ᠤᠨ ᠱᠠᠩ ᠢᠶᠠᠷ | ᠮᠢᠯᠢᠶᠠᠯᠭᠠᠭᠰᠠᠨ ᠭᠡᠳᠡᠭ᠃ ᠲᠠᠷᠠ ᠬᠤᠰᠢᠭᠤ ᠠᠶᠢᠮᠠᠭ ᠤᠨ ᠪᠦᠬᠡ ᠶᠢᠨ ᠪᠤᠯᠪᠠᠰᠤᠷᠠᠯ ᠳᠤ ᠤᠯᠠᠨ ᠤᠳᠠᠭ᠎ᠠ | ᠤᠷᠤᠯᠴᠠᠨ ᠡᠷᠳᠡᠮ ᠮᠡᠷᠭᠡᠵᠢᠯ ᠢᠶᠠᠨ ᠲᠡᠭᠡᠭᠰᠢᠯᠡᠭᠦᠯᠦᠨ ᠶᠠᠪᠤᠬᠤ ᠳᠠᠭᠠᠨ ᠤᠯᠤᠰ ᠤᠨ ᠤᠤᠭᠠᠨ ᠠᠪᠤᠷᠭᠤ ᠰᠤᠳᠨᠠᠮ | ᠪᠤᠯᠤᠨ ᠠᠪᠤᠷᠭᠤ ᠨᠠᠶᠢᠳᠠᠨ ᠢᠶᠠᠷ ᠪᠠᠭᠰᠢ ᠪᠠᠷᠢᠨ᠂ ᠡᠷᠳᠡᠮ ᠤᠨ ᠪᠠᠶᠠᠯᠢᠭ ᠢ ᠡᠵᠡᠮᠰᠢᠭᠰᠡᠨ ᠢᠶᠠᠷ᠂ ᠡᠷᠳᠡᠮ ᠬᠢᠬᠦ ᠪᠠ | ᠬᠢᠭᠰᠡᠨ ᠡᠷᠳᠡᠮ ᠢ ᠤᠷᠪᠠᠭᠤᠯᠬᠤ ᠤᠯᠠᠨ ᠵᠦᠢᠯ ᠤᠨ ᠤᠷ᠎ᠠ ᠮᠡᠷᠭᠡᠵᠢᠯ ᠢ ᠤᠶᠤᠨ ᠲᠠᠷᠢᠬᠢᠨ ᠳᠠᠭᠠᠨ ᠲᠤᠭᠳᠠᠭᠠᠵᠦ | ᠠᠪᠳᠠᠭ ᠪᠠᠶᠢᠵᠠᠢ᠂ ᠦᠵᠦᠮᠦᠴᠢᠨ ᠤ ᠠᠯᠳᠠᠷᠳᠤ ᠪᠦᠭᠡ ᠡᠷᠬᠢᠮᠪᠠᠳᠤ ᠢᠶᠠᠷ ᠲᠡᠭᠦᠨ ᠤ ᠬᠡᠳᠦ ᠤᠳᠠᠭ᠎ᠠ ᠶᠢᠨ ᠰᠠᠶᠢᠨ | ᠪᠠᠷᠢᠯᠳᠤᠭᠰᠠᠨ ᠢ ᠦᠵᠡᠭᠡᠳ᠄ ︽ᠬᠤᠵᠢᠮ ᠡᠷᠳᠡᠮ ᠬᠢᠵᠦ ᠪᠠᠷᠢᠯᠳᠤᠬᠤ ᠳᠠᠭᠠᠨ ᠬᠦᠩᠭᠡᠨ ᠬᠦᠮᠦᠨ ᠢ ᠲᠠᠷᠤᠵᠦ ᠬᠢ᠂ | ᠬᠦᠨᠳᠦ ᠬᠦᠮᠦᠨ ᠢ ᠰᠤᠴᠢᠭᠠᠵᠦ ᠬᠢ︕︾ ᠭᠡᠵᠦ ᠵᠠᠬᠢᠯ᠎ᠠ ᠭᠡᠳᠡᠭ᠃ ᠶᠡᠷᠡ ᠬᠦᠷᠦᠭᠰᠡᠨ ᠬᠡᠤᠬᠡᠨ ᠪᠢᠴᠢᠭᠡᠴᠢ ᠶᠡᠭᠡ | ᠨᠠᠰᠤᠳᠠᠨ ᠪᠠᠨᠽᠠᠷ ᠤᠨ ᠤᠯᠠᠨ ᠵᠢᠯ ᠤᠨ ᠪᠠᠷᠢᠯᠳᠤᠭᠠᠨ ᠤ ᠠᠮᠵᠢᠯᠳᠠ ᠶᠢ ᠦᠨᠡᠯᠡᠨ᠄ ︽ᠤᠯᠠᠨ ᠡᠷᠳᠡᠮ ᠬᠢᠴᠡᠳᠡᠢ | ᠤᠷᠭᠤᠭ᠎ᠠ ᠪᠦᠬᠡ ᠶᠤᠮ︾ ᠭᠡᠵᠦ ᠬᠤᠷᠶᠠᠩᠭᠤᠶᠢᠯᠠᠭᠰᠠᠨ ᠪᠠᠶᠢᠳᠠᠭ᠂ ᠨᠤᠲᠤᠭ ᠤᠨ ᠪᠤᠭᠤᠷᠤᠯ ᠤᠳ ᠤᠨ ᠢᠷᠦᠭᠡᠯ | ᠬᠠᠶᠢᠷᠠᠯᠠᠯ ᠨᠠᠳᠠ ᠳᠤ ᠰᠢᠩᠭᠡᠵᠦ᠂ ᠮᠢᠨᠤ ᠪᠠᠷᠢᠯᠳᠤᠯᠭ᠎ᠠ ᠳᠤ ᠬᠦᠴᠦᠨ ᠵᠤᠷᠢᠭᠵᠢᠭᠤᠯᠤᠯ ᠪᠤᠯᠳᠠᠭ ᠪᠠᠶᠢᠭᠰᠠᠨ ᠭᠡᠵᠦ | ᠪᠠᠨᠽᠠᠷ ᠲᠤᠳᠤᠭᠠᠳᠤ ᠰᠡᠳᠭᠢᠯ ᠢᠶᠠᠨ ᠠᠭᠤᠳᠠᠯᠠᠨ ᠶᠠᠷᠢᠯ᠎ᠠ᠂ ᠢᠩᠭᠢᠭᠰᠡᠨ ᠢᠶᠠᠷ ᠬᠤᠷᠢ ᠭᠠᠷᠤᠢ ᠵᠢᠯ ᠤᠨ ᠦᠨᠢᠷ | ᠦᠷᠭᠡᠨ ᠶᠡᠭᠡ ᠪᠠᠭ᠎ᠠ ᠨᠠᠶᠢᠷ ᠲᠤ ᠮᠠᠰᠢ ᠤᠯᠠᠨ ᠠᠯᠳᠠᠷᠳᠤ ᠪᠦᠭᠡ ᠪᠤᠰᠤᠭ᠎ᠠ ᠡᠷ᠎ᠡ ᠶᠢ ᠬᠠᠶᠠᠯᠠᠵᠦ ᠶᠠᠪᠤᠭᠰᠠᠨ ᠪᠦᠭᠡᠳ | ᠨᠠᠶᠢᠷ ᠤᠨ ᠱᠠᠩ ᠶᠢ ᠭᠦᠷᠳᠡᠵᠦ᠂ ᠨᠠᠷᠠ ᠠᠯᠳᠠᠷ ᠢᠶᠠᠨ ᠮᠠᠨᠳᠤᠭᠤᠯᠤᠨ ᠨᠡᠶᠢᠳᠡ ᠲᠦᠮᠡᠨ ᠤ ᠪᠠᠨ ᠰᠤᠨᠤᠷ ᠢ | ᠪᠠᠶᠠᠰᠬᠠᠵᠦ ᠶᠠᠪᠤᠭᠰᠠᠨ ᠶᠤᠮ᠃ | ᠲᠡᠭᠦᠨ ᠤ ᠪᠠᠷᠢᠯᠳᠤᠯᠭ᠎ᠠ ᠶᠢᠨ ᠤᠨᠴᠠᠯᠢᠭ ᠭᠡᠪᠡᠯ᠄ ᠶᠠᠮᠠᠷ ᠴᠤ ᠪᠠᠷᠢᠴᠠᠨ ᠳᠤ ᠲᠤᠬᠢᠷᠠᠭᠰᠠᠨ ᠡᠷᠳᠡᠮ ᠢ ᠬᠢᠬᠦ ᠳᠤ | ᠰᠤᠷᠮᠠᠭᠠᠢ ᠪᠠᠶᠢᠳᠠᠭ᠂ ᠡᠷᠳᠡᠮ ᠮᠡᠭᠡ ᠦᠯᠠᠮᠵᠢ᠂ ᠤᠷᠪᠠᠭᠤᠯᠬᠤᠢ ᠳᠤᠷ ᠲᠠᠳᠮᠠᠭᠠᠢ᠂ ᠨᠢᠳᠦ ᠬᠢᠷᠬᠠᠢ ᠬᠦᠳᠡᠯᠭᠡᠭᠡᠨ | ᠬᠤᠷᠳᠤᠨ᠂ ᠭᠠᠷ ᠬᠦᠯ ᠤᠨ ᠴᠢᠳᠠᠯ ᠲᠡᠩᠴᠡᠭᠦᠨ ᠪᠠᠶᠢᠳᠠᠭ ᠢᠶᠠᠷ ᠡᠷᠳᠡᠮ ᠮᠡᠭᠡ ᠶᠢ ᠶᠢ ᠤᠭᠰᠠᠷᠠᠭᠤᠯᠤᠨ ᠬᠢᠳᠡᠭ | ᠦᠪᠡᠷᠮᠢᠴᠡᠤᠨᠴᠠᠯᠢᠭ ᠲᠠᠢ᠂ ᠡᠶᠢᠮᠦ ᠪᠠᠷ ︽ᠪᠠᠨᠽᠠᠷ ᠤᠨ ᠤᠭᠰᠠᠷᠠᠭ᠎ᠠ ᠡᠷᠳᠡᠮ︾ ᠭᠡᠵᠦ ᠠᠯᠳᠠᠷᠰᠢᠭᠰᠠᠨ᠃ | ᠲᠡᠭᠦᠨ ᠤ ᠬᠡᠯᠡᠬᠦ ᠪᠠᠷ᠂ ᠪᠦᠬᠡ ᠬᠦᠮᠦᠨ ᠤ ᠭᠠᠷ ᠤᠨ ᠰᠠᠷᠠᠯ ᠮᠡᠳᠡᠷᠡᠮᠵᠢ ᠤᠨᠴᠤᠭᠤᠢ ᠬᠤᠷᠴᠠ ᠪᠠᠶᠢᠳᠠᠭ᠂ ᠡᠶᠢᠮᠦ ᠪᠠᠷ | ᠨᠦᠭᠦᠭᠡ ᠡᠳᠡᠭᠡᠳ ᠤᠨ ᠭᠦᠯ ᠤᠨ ᠪᠠᠶᠢᠴᠠ ᠶᠢ ᠠᠵᠢᠭᠯᠠᠬᠤ ᠨᠢ ᠵᠠᠩᠭᠢᠯᠭ᠎ᠠ ᠪᠤᠯᠳᠠᠭ᠂ ᠨᠢᠳᠦ ᠠᠨᠢᠬᠤ ᠶᠢ ᠯᠡ | ᠴᠡᠭᠡᠷᠯᠡᠳᠡᠭ ᠤᠴᠢᠷ ᠲᠠᠢ ᠭᠡᠵᠦ ᠬᠡᠯᠡᠨ᠎ᠡ᠃ ᠲᠡᠷᠡ ᠶᠠᠷᠤᠨᠢ ᠨᠠᠶᠢᠷ ᠦᠵᠡᠬᠦ ᠳᠡᠭᠡᠨ ᠪᠤᠶᠤ ᠨᠠᠶᠢᠷ ᠲᠤ | ᠪᠠᠷᠢᠯᠳᠤᠬᠤ ᠳᠠᠭᠠᠨ ᠨᠡᠷᠡᠳᠦ ᠪᠦᠬᠡ ᠪᠠ ᠭᠠᠳᠠᠨ᠎ᠠ ᠠᠴᠠ ᠢᠷᠡᠭᠰᠡᠨ ᠪᠦᠬᠡᠴᠤᠳ ᠤᠨ ᠶᠠᠮᠠᠷ ᠡᠷᠳᠡᠮ ᠢ ᠭᠤᠤᠯᠳᠠᠭᠤ | ᠬᠢᠵᠦ ᠪᠠᠶᠢᠬᠤ᠂ ᠠᠯᠢ ᠲᠠᠯ᠎ᠠ ᠲᠠᠢ ᠵᠡᠷᠭᠡ ᠶᠢ ᠲᠤᠭᠳᠠᠭᠠᠵᠦ ᠠᠪᠳᠠᠭ ᠪᠠ ᠲᠡᠭᠦᠨ ᠤ ᠦ ᠲᠠᠢ ᠲᠠᠯ᠎ᠠ ᠶᠢ ᠮᠠᠷᠳᠠᠯ | ᠦᠭᠡᠢ ᠴᠡᠭᠡᠵᠢᠯᠡᠵᠦ ᠪᠠᠶᠢᠳᠠᠭ ᠢᠶᠠᠷ ᠬᠡᠷᠪᠡ ᠲᠡᠭᠦᠨ ᠳᠤ ᠲᠠᠭᠠᠷᠠᠯᠳᠤᠪᠠᠯ ᠲᠡᠷᠡ ᠡᠷᠳᠡᠮ ᠢ ᠨᠢ ᠬᠢᠯᠭᠡᠭᠰᠡᠨ ᠢᠶᠠᠨ | ᠬᠢᠯᠪᠠᠷᠬᠠᠨ ᠤᠷᠪᠠᠭᠤᠯᠤᠨ ᠬᠠᠶᠠᠳᠠᠭ ᠵᠡᠷᠭᠡ ᠪᠠᠷᠢᠯᠳᠤᠭᠠᠨ ᠤ ᠤᠨᠴᠠᠯᠢᠭ ᠲᠠᠢ ᠪᠠᠶᠢᠳᠠᠭ ᠶᠤᠮᠰᠠᠨ᠃ | ᠲᠡᠭᠦᠨ ᠤ ᠪᠠᠷᠢᠯᠳᠤᠭᠠᠨ ᠳᠤ ᠭᠤᠤᠯ ᠬᠡᠷᠡᠭᠯᠡᠳᠡᠭ ᠡᠷᠳᠡᠮ ᠮᠡᠭᠡ ᠭᠡᠪᠡᠯ᠄ ᠬᠤᠶᠠᠷ ᠲᠠᠯ᠎ᠠ ᠶᠢᠨ ᠴᠤᠬᠢᠭ᠎ᠠ᠂ | ᠨᠤᠶᠢᠯᠡ ᠲᠠᠳᠠᠭ᠎ᠠ᠂ ᠡᠯᠢᠭᠡᠨ ᠲᠠᠳᠠᠭ᠎ᠠ᠂ ᠬᠦᠨᠳᠦᠷᠡᠭᠡ ᠲᠡᠭᠡᠭᠡ᠂ ᠦᠰᠭᠡᠢ ᠴᠤᠬᠢᠭ᠎ᠠ᠂ ᠠᠴᠢᠶ᠎ᠠ ᠵᠡᠷᠭᠡ ᠤᠯᠠᠨ | ᠡᠷᠳᠡᠮ ᠮᠡᠭᠡ ᠶᠢ ᠤᠯᠠᠷᠢᠭᠤᠯᠤᠨ ᠬᠢᠳᠡᠭ᠂ ᠲᠡᠷᠡ ᠬᠡᠯᠡᠬᠦ ᠳᠡᠭᠡᠨ᠄ ︽ᠠᠴᠢᠶ᠎ᠠ ᠡᠷᠳᠡᠮ ᠢ ᠪᠢ ᠳᠡᠮᠡᠢ ᠬᠢᠳᠡᠭ ᠦᠭᠡᠢ᠂ | ᠬᠦᠮᠦᠨ ᠭᠡᠮᠳᠦᠬᠦ ᠠᠶᠤᠯ ᠲᠠᠢ ᠪᠠᠶᠢᠳᠠᠭ᠂ ᠶᠠᠭ ᠮᠤᠬᠤᠷᠳᠠᠭᠰᠠᠨ ᠵᠠᠩᠭᠢᠯᠭ᠎ᠠ ᠶᠢᠨ ᠦᠶ᠎ᠡ ᠳᠤ ᠬᠢᠳᠡᠭ ᠰᠢᠤ︾ ᠭᠡᠵᠦ | ᠪᠤᠳᠤᠯ ᠲᠠᠢ ᠴᠠᠭᠠᠬᠠᠨ ᠰᠡᠳᠭᠢᠯ ᠢᠶᠠᠷ ᠶᠠᠷᠢᠬᠤ ᠨᠢ ᠲᠤᠩ ᠵᠦᠢᠳᠡᠢ ᠰᠠᠨᠠᠭᠳᠠᠯ᠎ᠠ᠂ ᠦᠵᠦᠮᠦᠴᠢᠨ ᠪᠦᠬᠡ ᠶᠢᠨ | ᠡᠷᠳᠡᠮ ᠳᠤ ᠪᠠᠰᠠ ᠪᠤᠰᠤᠳ ᠤᠨ ᠡᠷᠡᠭᠦᠯ ᠮᠡᠨᠳᠦ ᠶᠢ ᠪᠤᠳᠤᠯᠬᠢᠯᠠᠭᠰᠠᠨ ᠡᠭᠦᠳᠡᠨ ᠠᠴᠠ ᠴᠡᠭᠡᠷ ᠲᠠᠢ ᠡᠷᠳᠡᠮ ︵ᠭᠠᠷ | ᠠᠴᠢᠶ᠎ᠠ᠂ ᠬᠦᠯᠳᠡᠬᠦ ᠵᠡᠷᠭᠡ︶ ᠪᠠᠶᠢᠳᠠᠭ ᠢᠶᠠᠷ ᠪᠠᠷᠠᠬᠤ ᠦᠭᠡᠢ ᠪᠦᠬᠡᠴᠤᠳ ᠨᠢ ᠭᠡᠳ ᠪᠤᠰᠤᠳ ᠤᠨ ᠪᠡᠶ᠎ᠡ | ᠴᠤᠭᠴᠡ ᠶᠢ ᠬᠠᠷᠠᠭᠠᠯᠵᠠᠨ᠂ ᠠᠯᠢ ᠡᠷᠳᠡᠮ ᠨᠢ ᠦᠪᠡᠷ ᠤᠨ ᠬᠢᠴᠡ ᠳᠤᠨᠢ ᠲᠤᠬᠢᠷᠠᠬᠤ ᠡᠰᠡᠬᠦ ᠶᠢ ᠦᠵᠡᠨ | ᠲᠤᠭᠳᠠᠭᠠᠳᠠᠭ ᠨᠢ ᠬᠡᠴᠢᠨᠡᠨ ᠪᠤᠯᠪᠠᠰᠤᠨ ᠶᠤᠰᠤ ᠰᠤᠷᠳᠠᠬᠤᠨ ᠠᠭᠤᠯᠠᠭᠳᠠᠬᠤ ᠠᠵᠠᠢ᠃ | ᠬᠤᠶᠠᠷ ᠪᠦᠬᠡ ᠶᠢᠨ ᠡᠷᠳᠡᠮ ᠮᠡᠭᠡ ᠶᠢᠨ ᠤᠷ᠎ᠠ ᠮᠡᠷᠭᠡᠵᠢᠯ | ᠪᠠᠨᠽᠠᠷ ᠭᠤᠸᠠᠢ ᠬᠤᠷᠢ ᠭᠠᠷᠤᠢ ᠵᠢᠯ ᠤᠨ ᠰᠤᠷᠢᠶ᠎ᠠ ᠪᠤᠯᠪᠠᠰᠤᠷᠠᠯ ᠵᠢᠴᠢ ᠬᠤᠶᠠᠷ ᠵᠠᠭᠤ ᠭᠠᠷᠤᠢ ᠨᠠᠶᠢᠷ | ᠨᠠᠭᠠᠳᠤᠮ ᠳᠤ ᠪᠠᠷᠢᠯᠳᠤᠨ ᠶᠠᠪᠤᠬᠤ ᠳᠠᠭᠠᠨ᠂ ᠪᠠᠭᠰᠢ ᠶᠢᠨ ᠡᠷᠳᠡᠮ ᠮᠡᠭᠡ ᠶᠢᠨ ᠤᠨᠤᠯ ᠢ ᠦᠪᠡᠷ ᠤᠨ ᠪᠠᠷᠢᠯᠳᠤᠭᠠᠨ | ᠲᠠᠢ ᠤᠶᠠᠯᠳᠤᠭᠤᠯᠬᠤ ᠶᠢ ᠤᠨᠴᠠ ᠠᠩᠬᠠᠷᠴᠤ ᠬᠢᠭᠰᠡᠨ ᠢᠶᠠᠷ ᠦᠪᠡᠷ ᠤᠨ ᠭᠡᠬᠦ ᠪᠠᠷᠢᠯᠳᠤᠯᠭ᠎ᠠ ᠶᠢᠨ ᠤᠨᠴᠠᠯᠢᠭ ᠢ ᠪᠤᠢ | ᠪᠤᠯᠭᠠᠭᠰᠠᠨ ᠪᠦᠭᠡᠳ ᠮᠤᠩᠭᠤᠯ ᠪᠦᠬᠡ ᠶᠢᠨ ᠦᠢᠯᠡᠰ ᠲᠤ ᠬᠤᠪᠢ ᠨᠡᠮᠡᠭᠦᠷᠢ ᠪᠠᠨ ᠦᠵᠡᠭᠦᠯᠦᠨ᠂ ᠬᠠᠷᠠᠮ ᠦᠭᠡᠢ | ᠵᠢᠳᠭᠦᠯ ᠢᠶᠠᠨ ᠭᠠᠷᠭᠠᠵᠦ ᠶᠠᠪᠤᠭᠰᠠᠨ ᠶᠤᠮ᠃ ᠲᠡᠷᠡ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠬᠢᠴᠡ ᠶᠢᠨ | ᠲᠤᠬᠠᠢ ᠲᠤᠤᠷᠠᠬᠢ ᠮᠡᠳᠦ ᠤᠨᠤᠯᠵᠢᠭᠤᠯᠤᠨ ᠲᠡᠯᠭᠡᠪᠡ᠄ | ⒈ ᠨᠦᠢᠯᠡ ᠲᠠᠳᠠᠭ᠎ᠠ ᠡᠷᠳᠡᠮ ᠪᠠ ᠬᠢᠬᠦ ᠶᠠᠪᠤᠴᠠ᠄ | ⑴ ᠨᠦᠢᠯᠡ ᠲᠠᠳᠠᠭ᠎ᠠ ᠶᠢ ᠪᠠᠰᠠ ᠠᠯᠠᠮᠠᠳᠠᠵᠦ ᠲᠠᠳᠠᠬᠤ ᠭᠡᠨ᠎ᠡ᠂ ᠪᠡᠶ᠎ᠡ ᠴᠤᠭᠴᠠ ᠶᠢᠨ ᠬᠦᠨᠳᠦ ᠬᠦᠩᠭᠡᠨ ᠪᠠ | ᠦᠨᠳᠦᠷ ᠪᠤᠭᠤᠨᠢ ᠶᠢ ᠢᠯᠭᠠᠬᠤ ᠦᠭᠡᠢ ᠶᠠᠮᠠᠷ ᠴᠤ ᠬᠦᠮᠦᠨ ᠬᠢᠬᠦ ᠳᠤ ᠲᠤᠬᠢᠷᠠᠨ᠎ᠠ᠃ | ⑵ ᠪᠠᠷᠢᠴᠠ ᠪᠠᠷᠢᠬᠤ ᠳᠤ᠄ ᠬᠤᠶᠠᠷ ᠮᠦᠷᠦ ᠶᠢ ᠰᠡᠨᠴᠢᠭᠯᠡᠵᠦ ᠪᠠᠷᠢᠬᠤ᠂ ᠦᠷᠦᠭᠡᠰᠦᠨ ᠬᠠ ᠶᠢ ᠲᠠᠷᠤᠵᠦ | ᠪᠠᠷᠢᠬᠤ᠂ ᠦᠷᠦᠭᠡᠰᠦᠨ ᠬᠠᠨᠴᠤᠢ ᠠᠴᠠ ᠬᠠᠳᠠᠵᠦ ᠪᠠᠷᠢᠬᠤ᠂ ᠵᠦᠷᠢᠭᠦᠤ ᠲᠡᠪᠡᠷᠢᠬᠦ ᠵᠡᠷᠭᠡ ᠪᠦᠷ ᠪᠤᠯᠤᠨ᠎ᠠ᠃ | ⑶ ᠬᠢᠬᠦ ᠡᠷᠳᠡᠮ᠄ ᠰᠡᠨᠴᠢᠭᠯᠡᠵᠦ ᠪᠠᠷᠢᠪᠠᠯ ᠠᠯᠠᠮᠠᠳᠠᠵᠦ ︵ᠮᠤᠬᠤᠷ ᠡᠪᠦᠳᠦᠭ ᠢᠶᠠᠷ ᠨᠦᠢᠯᠡᠬᠦ︶ ᠲᠠᠳᠠᠨ᠎ᠠ᠂ | ᠡᠨᠡ ᠨᠢ ᠬᠦᠮᠦᠨ ᠤ ᠬᠠᠷᠢᠭᠤ ᠡᠷᠳᠡᠮ ᠬᠢᠬᠦ ᠶᠢ ᠰᠡᠷᠭᠡᠶᠢᠯᠡᠭᠰᠡᠨ ᠬᠡᠷᠡᠭ᠃ ᠡᠨᠡ ᠡᠷᠳᠡᠮ ᠨᠢ ᠲᠡᠭᠡᠷᠡᠬᠢ ᠲᠦᠷᠪᠡᠨ | ᠪᠠᠷᠢᠴᠠᠨ ᠳᠤ ᠪᠦᠷ ᠲᠤᠬᠢᠷᠠᠨ᠎ᠠ᠃ | ⑷ ᠬᠠᠷᠢᠭᠤ ᠡᠷᠳᠡᠮ᠄ ᠠᠯᠠᠮᠠᠳᠠᠬᠤ ᠲᠠᠳᠠᠭ᠎ᠠ ᠶᠢ ᠪᠠᠷᠠᠭᠤᠨ ᠬᠦᠯ ᠢᠶᠠᠷ ᠠᠯᠠᠮᠠᠳᠠᠪᠠᠯ ᠨᠦᠭᠦᠭᠡ ᠡᠳᠡᠭᠡᠳ ᠨᠢ | ᠬᠦᠯ ᠢᠶᠠᠨ ᠤᠷᠤᠭᠰᠢ ᠠᠯᠬᠤᠵᠦ ᠭᠠᠷᠤᠨ᠎ᠠ᠃ | ⒉ ᠤᠯᠠᠯᠠ ᠲᠠᠳᠠᠭ᠎ᠠ ᠡᠷᠳᠡᠮ ᠪᠠ ᠬᠢᠬᠦ ᠶᠠᠪᠤᠴᠠ᠄ | ⑴ ᠬᠦᠨᠳᠤ ᠬᠦᠩᠭᠡᠨ ᠴᠤᠭᠴᠠ ᠪᠠ ᠦᠨᠳᠦᠷ ᠪᠤᠭᠤᠨᠢ ᠭᠡᠵᠦ ᠢᠯᠭᠠᠬᠤ ᠦᠭᠡᠢ ᠶᠠᠮᠠᠷ ᠴᠤ ᠬᠦᠮᠦᠨ | ᠬᠢᠬᠦ ᠳᠤ ᠲᠤᠬᠢᠷᠠᠨ᠎ᠠ | ⑵ ᠪᠠᠷᠢᠴᠠ᠄ ᠪᠦᠰᠡᠳᠡᠵᠦ ᠪᠠᠷᠢᠬᠤ᠂ ᠵᠦᠷᠢᠭᠦᠤ ᠲᠡᠪᠡᠷᠢᠬᠦ᠂ ᠦᠷᠦᠭᠡᠰᠦᠨ ᠬᠠᠨᠴᠤᠢ ᠶᠢᠨ ᠦᠵᠦᠭᠦᠷ ᠪᠤᠶᠤ | ᠬᠠᠨᠴᠤᠢ ᠶᠢᠨ ᠲᠤᠳᠤᠷ᠎ᠠ ᠲᠡᠯ᠎ᠡ ᠠᠴᠠ ᠪᠠᠷᠢᠬᠤ | ⑶ ᠬᠢᠬᠦ ᠡᠷᠳᠡᠮ᠄ ᠬᠤᠶᠠᠷ ᠰᠡᠡᠴᠢᠭ ᠢ ᠲᠠᠷᠤᠵᠦ ᠠᠪᠤᠩᠭᠤᠳᠠ ᠪᠠᠨ ᠡᠪᠦᠳᠦᠭ ᠳᠡᠭᠡᠷ᠎ᠡ ᠨᠢ ᠬᠦᠯ ᠢᠶᠠᠨ | ᠤᠯᠠᠯᠵᠦ ᠲᠠᠯᠪᠢᠭᠠᠳ ᠲᠠᠳᠠᠨ᠎ᠠ | ⑷ ᠠᠩᠬᠠᠷᠬᠤ ᠵᠦᠢᠯ᠄ ᠪᠤᠰᠤᠳ ᠤᠨ ᠲᠤᠶᠢᠭ ᠢ ᠭᠡᠮᠳᠦᠭᠡᠬᠦ ᠠᠶᠤᠯ ᠲᠠᠢ | ⑸ ᠬᠠᠷᠢᠭᠤ ᠡᠷᠳᠡᠮ᠄ ᠤᠯᠠᠩᠬᠢ ᠳᠠᠭᠠᠨ ᠬᠠᠷᠢᠭᠤᠯᠳᠠ ᠦᠭᠡᠢ | ⒊ ᠡᠯᠭᠦᠭᠡ ᠡᠷᠳᠡᠮ ᠪᠠ ᠬᠢᠬᠦ ᠶᠠᠪᠤᠴᠠ᠄ | ⑴ ᠴᠢᠳᠠᠯ ᠪᠠᠷᠢᠴᠠ ᠠᠬᠠᠳᠠᠭᠰᠠᠨ ᠬᠦᠮᠦᠨ ᠪᠠ ᠬᠦᠳᠡᠯᠭᠡᠭᠡᠨ ᠬᠤᠷᠳᠤᠨ ᠬᠦᠮᠦᠨ ᠳᠤ ᠲᠤᠬᠢᠷᠠᠨ᠎ᠠ | ⑵ ᠪᠠᠷᠢᠴᠠ᠄ ᠰᠡᠨᠴᠢᠭᠯᠡᠵᠦ ᠪᠠᠷᠢᠬᠤ᠂ ᠦᠷᠦᠭᠡᠰᠦᠨ ᠮᠦᠷᠦ ᠠᠴᠠ ᠬᠠᠳᠠᠵᠦ ᠪᠠᠷᠢᠬᠤ᠂ ᠪᠦᠰᠡᠳᠡᠵᠦ ᠪᠠᠷᠢᠬᠤ | ⑶ ᠬᠢᠬᠦ ᠡᠷᠳᠡᠮ᠄ ᠦᠰᠭᠡᠢ ᠶᠢ ᠨᠢ ᠡᠯᠭᠦᠭᠡᠳ ᠬᠠᠵᠠᠭᠤ ᠲᠠᠯ᠎ᠠ ᠵᠦᠭ ᠨᠠᠶᠢᠷᠠᠭᠤᠯᠵᠦ ᠱᠠᠭᠠᠨ᠎ᠠ | ⑷ ᠬᠠᠷᠢᠭᠤ ᠡᠷᠳᠡᠮ᠄ ᠰᠤᠭᠤᠯᠠᠵᠦ ᠪᠤᠯᠤᠨ᠎ᠠ᠂ ᠴᠤᠬᠢᠵᠦ ᠪᠤᠯᠤᠨ᠎ᠡ᠂ ᠠᠴᠢᠵᠦ ᠪᠤᠯᠤᠨ᠎ᠠ | ⒋ ᠰᠡᠭᠡᠷ ᠤᠨ ᠲᠡᠭᠡᠭᠡ ᠡᠷᠳᠡᠮ ᠪᠠ ᠬᠢᠬᠦ ᠶᠠᠪᠤᠴᠠ | ⑴ ᠰᠡᠭᠡᠷ ᠤᠨ ᠲᠡᠭᠡᠭᠡ ᠶᠢ ᠰᠡᠭᠡᠷ ᠤᠨ ᠡᠯᠭᠦᠭᠡ ᠴᠤ ᠭᠡᠳᠡᠭ᠃ ᠪᠠᠰᠠ ᠭᠠᠶᠢᠬᠠᠯᠳᠠᠢ ᠭᠡᠬᠦ ᠪᠤᠶᠤ ᠫᠠᠯᠠ ᠭᠡᠵᠦ | ᠨᠡᠷᠡᠯᠡᠬᠦ ᠴᠤ ᠪᠤᠢ᠂ ᠬᠦᠳᠡᠯᠭᠡᠭᠨ ᠱᠠᠯᠠᠮᠠᠭᠠᠢ ᠬᠦᠮᠦᠨ ᠳᠤ ᠲᠤᠬᠢᠷᠠᠨ᠎ᠠ᠃ | ⑵ ᠪᠠᠷᠢᠴᠠ᠄ ᠦᠷᠦᠭᠡᠰᠦᠨ ᠬᠠᠨᠴᠤᠢ ᠶᠢᠨ ᠦᠵᠦᠭᠦᠷ ᠠᠴᠠ ᠪᠠᠷᠢᠬᠤ | ⑶ ᠬᠢᠬᠦ ᠡᠷᠳᠡᠮ᠄ ᠨᠦᠭᠦᠭᠡ ᠡᠳᠡᠭᠡᠳ ᠤᠨ ᠪᠠᠷᠠᠭᠤᠨ ᠬᠦᠯ ᠢ ᠰᠡᠭᠡᠷ ᠢᠶᠠᠷ ᠢᠶᠠᠨ ᠲᠡᠭᠡᠭᠡᠯᠡᠭᠰᠡᠨ ᠢᠶᠠᠨ | ᠬᠠᠨᠴᠤᠢ ᠶᠢᠨ ᠦᠵᠦᠭᠦᠷ ᠤᠨ ᠪᠠᠷᠢᠴᠠ ᠪᠠᠨ ᠲᠠᠯᠪᠢᠩᠭᠠᠨ ᠬᠠ ᠶᠢᠨ ᠲᠤᠳᠤᠷ᠎ᠠ ᠲᠠᠯ᠎ᠠ ᠶᠢᠨ ᠪᠠᠷᠢᠴᠠ ᠪᠠᠷ ᠲᠦᠯᠬᠢᠵᠦ | ᠱᠠᠭᠠᠨ᠎ᠠ | ⑷ ᠬᠠᠷᠢᠭᠤ ᠡᠷᠳᠡᠮ᠄ ᠲᠠᠭᠠᠭᠤᠯᠵᠦ ᠲᠡᠯᠡᠰᠦᠭᠡᠳ ᠬᠦᠮᠦᠷᠢᠵᠦ ᠪᠤᠯᠤᠨ᠎ᠡ | ⒌ ᠭᠦᠶᠦᠯᠭᠡᠭᠡ ᠡᠷᠳᠡᠮ ᠪᠠ ᠬᠢᠬᠦ ᠶᠠᠪᠤᠴᠠ᠄ | ⑴ ᠪᠠᠷᠢᠴᠠ ᠰᠠᠶᠢᠨ ᠬᠤᠷᠳᠤᠨ ᠬᠦᠮᠦᠨ ᠳᠤ ᠲᠤᠬᠢᠷᠠᠨ᠎ᠠ | ⑵ ᠪᠠᠷᠢᠴᠠ᠄ ᠦᠷᠦᠭᠡᠰᠦᠨ ᠬᠠᠨᠴᠤᠢ ᠠᠴᠠ ᠰᠡᠨᠴᠢᠭᠯᠡᠵᠦ ᠪᠠᠷᠢᠬᠤ | ⑶ ᠬᠢᠬᠦ ᠡᠷᠳᠡᠮ᠄ ᠨᠦᠭᠦᠭᠡ ᠡᠳᠡᠭᠡᠳ ᠢᠶᠠᠨ ᠪᠠᠷᠢᠴᠠ ᠤᠯᠭᠤᠬᠤ ᠦᠭᠡᠢ ᠨᠦᠬᠦᠴᠡᠯ ᠲᠤᠤᠷ᠎ᠠ ᠦᠷᠦᠭᠡᠰᠦᠨ | ᠰᠡᠡᠴᠢᠭ ᠠᠪᠴᠤ ᠭᠠᠷ ᠤᠨ ᠭᠦᠴᠦᠨ ᠢᠶᠠᠨ ᠲᠦᠪᠯᠡᠷᠡᠭᠦᠯᠦᠨ ᠲᠠᠳᠠᠵᠦ ᠭᠦᠶᠦᠯᠭᠡᠭᠰᠡᠨ ᠢᠶᠠᠨ ᠬᠦᠮᠦᠷᠢᠵᠦ ᠲᠠᠳᠠᠨ᠎ᠠ᠂ | ᠬᠤᠰᠤᠵᠦ ᠪᠤᠯᠤᠨ᠎ᠠ᠂ ᠤᠳᠬᠤᠵᠦ ᠪᠤᠯᠤᠨ᠎ᠠ᠂ ᠴᠤᠬᠢᠵᠦ ᠪᠤᠯᠤᠨ᠎ᠠ᠂ ᠲᠡᠭᠡᠭᠡᠯᠡᠵᠦ ᠪᠤᠯᠤᠨ᠎ᠠ᠂ ᠰᠡᠭᠡᠷ ᠤᠨ ᠲᠡᠭᠡᠭᠡ | ᠬᠢᠵᠦ ᠪᠤᠯᠤᠨ᠎ᠠ᠂ ᠡᠯᠢᠭᠡᠨ ᠲᠠᠳᠠᠭ᠎ᠠ ᠬᠢᠵᠦ ᠪᠤᠯᠤᠨ᠎ᠠ | ⑷ ᠬᠠᠷᠢᠭᠤ ᠡᠷᠳᠡᠮ᠄ ᠬᠠ ᠪᠠᠨ ᠡᠷᠭᠦᠵᠦ ᠪᠠᠷᠢᠴᠠ ᠵᠠᠳᠠᠯᠤᠭᠰᠠᠨ ᠢᠶᠠᠨ ᠲᠤᠰᠴᠤ ᠴᠤᠬᠢᠵᠦ ᠪᠤᠯᠤᠨ᠎ᠠ | ⒍ ᠡᠪᠦᠳᠦᠭ ᠤᠨᠤᠭᠤᠯᠬᠤ ᠡᠷᠳᠡᠮ ᠪᠠ ᠬᠢᠬᠦ ᠶᠠᠪᠤᠴᠠ᠄ | ⑴ ᠴᠢᠳᠠᠯ ᠰᠠᠶᠢᠳᠠᠢ ᠬᠤᠷᠳᠤᠨ ᠬᠦᠮᠦᠨ ᠳᠤ ᠲᠤᠬᠢᠷᠠᠨ᠎ᠠ | ⑵ ᠪᠠᠷᠢᠴᠠ᠄ ᠲᠤᠭᠤᠤᠷ ᠲᠡᠪᠡᠷᠢᠵᠤ ᠪᠠᠷᠢᠬᠤ᠂ ᠪᠦᠰᠡᠳᠡᠵᠦ ᠪᠠᠷᠢᠬᠤ᠂ ᠵᠦᠷᠢᠭᠦᠤ ᠲᠡᠪᠡᠷᠢᠬᠦ᠂ ᠴᠢᠪᠢ ᠠᠴᠠ | ᠨᠢ ᠱᠠᠭᠠᠵᠦ ᠪᠠᠷᠢᠬᠤ | ⑶ ᠬᠢᠬᠦ ᠡᠷᠳᠡᠮ᠄ ᠨᠦᠭᠦᠭᠡ ᠡᠳᠡᠭᠡᠳ ᠢᠶᠠᠨ ᠲᠤᠭᠤᠤᠷ ᠨᠢ ᠲᠡᠪᠡᠷᠢᠮᠡᠭᠴᠡ ᠲᠡᠭᠡᠭᠰᠢ ᠡᠷᠭᠦᠵᠦ | ᠡᠪᠦᠳᠦᠭ ᠢᠶᠠᠨ ᠤᠨᠤᠭᠤᠯᠤᠭᠰᠠᠨ ᠢᠶᠠᠨ ᠡᠷᠭᠢᠭᠡᠳ ᠲᠡᠳᠡᠨ᠎ᠡ᠂ ᠴᠡᠭᠡᠵᠢ ᠶᠢ ᠨᠢ ᠲᠠᠷᠤᠵᠦ ᠵᠤᠳᠤᠭ ᠤᠨ ᠬᠤᠷᠮᠤᠢ ᠠᠴᠠ | ᠪᠠᠷᠢᠵᠦ ᠡᠪᠦᠳᠦᠭ ᠤᠨᠤᠭᠤᠯᠤᠨᠠ | ⑷ ᠬᠠᠷᠢᠭᠤ ᠡᠷᠳᠡᠮ᠄ ᠬᠤᠶᠠᠷ ᠴᠢᠪᠢ ᠳᠤᠨᠢ ᠭᠤᠳᠤᠯ ᠤᠨ ᠬᠠᠮᠠᠷ ᠢᠶᠠᠨ ᠲᠠᠭᠠᠷᠠᠭᠤᠯᠵᠦ᠂ ᠠᠷᠤ ᠵᠦᠭ ᠢᠶᠠᠨ | ᠲᠠᠯᠪᠢᠪᠠᠯ ᠰᠤᠭᠤᠯᠠᠵᠦ ᠪᠤᠯᠤᠨ᠎ᠠ᠂ ᠬᠠᠰᠢᠵᠦ ᠪᠤᠯᠤᠨ᠎ᠠ᠂ ᠤᠷᠤᠭᠰᠢ ᠲᠠᠯᠪᠢᠪᠠᠯ ᠭᠠᠨᠵᠤᠭᠭᠠᠯᠠᠵᠦ ᠪᠤᠯᠤᠨ᠎ᠠ᠂ ᠠᠴᠢᠵᠦ | ᠪᠤᠯᠤᠨ᠎ᠠ᠂ ᠬᠦᠨᠳᠦᠷᠴᠤ ᠪᠤᠯᠤᠨᠨᠠ᠂ ᠬᠦᠵᠦᠭᠦᠤ ᠠᠴᠢᠶ᠎ᠠ ᠬᠢᠵᠦ ᠪᠤᠯᠤᠨ᠎ᠠ᠂ ᠲᠡᠭᠡᠭᠡᠯᠡᠵᠦ ᠪᠤᠯᠤᠨ᠎ᠠ | ⒎ ᠬᠤᠮᠨᠠᠵᠦ ᠲᠠᠷᠤᠬᠤ ᠡᠷᠳᠡᠮ ᠪᠠ ᠬᠢᠬᠦ ᠶᠠᠪᠤᠴᠠ᠄ | ⑴ ᠪᠡᠶ᠎ᠡ ᠠᠭᠤᠵᠢᠭᠤ ᠴᠢᠳᠠᠯ ᠲᠤᠷᠪᠢ ᠲᠠᠢ ᠬᠦᠮᠦᠨ ᠳᠤ ᠲᠤᠬᠢᠷᠠᠨ᠎ᠠ | ⑵ ᠪᠠᠷᠢᠴᠠ᠄ ᠲᠤᠭᠤᠤᠷ ᠲᠡᠪᠡᠷᠢᠬᠦ | ⑶ ᠬᠢᠬᠦ ᠡᠷᠳᠡᠮ᠄ ᠨᠦᠭᠦᠭᠡ ᠡᠳᠡᠭᠡᠳ ᠤᠨ ᠢᠶᠠᠨ ᠬᠤᠨᠴᠤᠭ ᠤᠨ ᠲᠤᠭᠤᠤᠷ ᠬᠤᠶᠠᠷ ᠭᠤᠶ᠎ᠠ ᠶᠢ ᠨᠢ ᠬᠤᠮᠨᠠᠵᠦ | ᠠᠷᠤᠭᠰᠢ ᠪᠠᠨ ᠲᠠᠷᠤᠨ᠎ᠠ | ⑷ ᠬᠠᠷᠢᠭᠤ ᠡᠷᠳᠡᠮ᠄ ᠭᠠᠨᠵᠤᠭᠠᠯᠠᠵᠦ ᠪᠤᠯᠤᠨ᠎ᠠ᠂ ᠲᠤᠩᠭᠤᠷᠴᠤ ᠪᠤᠯᠤᠨ᠎ᠠ᠂ ᠰᠠᠭᠤᠵᠦ ᠲᠡᠭᠡᠭᠡᠯᠡᠵᠦ ᠪᠤᠯᠤᠨ᠎ᠠ | ᠂ ᠬᠠᠪᠴᠢᠵᠦ ᠪᠤᠯᠤᠨ᠎ᠠ | ⒏ ᠡᠷᠭᠢᠭᠦᠯᠬᠦ ᠡᠷᠳᠡᠮ ᠪᠠ ᠬᠢᠬᠦ ᠶᠠᠪᠤᠴᠠ᠄ | ⑴ ᠭᠠᠷ ᠲᠠᠭᠠᠨ ᠴᠢᠳᠠᠯ ᠲᠤᠷᠪᠢᠳᠠᠢ ᠬᠦᠮᠦᠨ ᠳᠤ ᠲᠤᠬᠢᠷᠠᠨ᠎ᠠ | ⑵ ᠪᠠᠷᠢᠴᠠ᠄ ᠵᠦᠷᠢᠭᠦᠤ ᠲᠡᠪᠡᠷᠢᠬᠦ᠂ ᠲᠡᠭᠡᠭᠦᠷ ᠲᠡᠪᠡᠷᠢᠬᠦ᠂ ᠲᠤᠭᠤᠤᠷ ᠲᠡᠪᠡᠷᠢᠬᠦ | ⑶ ᠬᠢᠬᠦ ᠡᠷᠳᠡᠮ᠄ ᠭᠠᠷ ᠪᠤᠶᠤ ᠴᠡᠭᠡᠵᠢᠨ ᠤ ᠬᠦᠴᠦᠨ ᠢᠶᠠᠨ ᠲᠦᠪᠯᠡᠷᠡᠭᠦᠯᠦᠨ ᠡᠷᠭᠢᠭᠦᠯᠦᠭᠰᠡᠨ ᠢᠶᠠᠨ | ᠴᠡᠭᠡᠵᠢ ᠪᠠᠷ ᠢᠶᠠᠨ ᠲᠠᠷᠤᠵᠦ ᠬᠡᠪᠳᠡᠨ᠎ᠡ | ⑷ ᠬᠠᠷᠢᠭᠤ ᠡᠷᠳᠡᠮ᠄ ᠬᠠᠮᠤᠵᠦ ᠪᠤᠯᠤᠨ᠎ᠠ | ⒐ ᠨᠤᠮᠢᠳᠠᠬᠤ ᠡᠷᠳᠡᠮ ᠪᠠ ᠬᠢᠬᠦ ᠶᠠᠪᠤᠴᠠ᠄ | ⑴ ᠪᠡᠶ᠎ᠡ ᠲᠡᠩᠴᠡᠭᠰᠡᠨ ᠬᠦᠮᠦᠨ ᠳᠤ ᠲᠤᠬᠢᠷᠠᠨ᠎ᠠ | ⑵ ᠪᠠᠷᠢᠴᠠ᠄ ᠬᠠᠨᠴᠤᠢ ᠶᠢᠨ ᠦᠵᠦᠭᠦᠷ ᠪᠤᠶᠤ ᠵᠤᠲᠤᠭ ᠤᠨ ᠬᠤᠷᠮᠤᠢ ᠠᠴᠠ ᠪᠠᠷᠢᠬᠤ | ⑶ ᠬᠢᠬᠦ ᠡᠷᠳᠡᠮ᠄ ᠰᠤᠭᠤᠯᠠᠵᠦ ᠨᠤᠮᠤᠳᠠᠨ᠎ᠠ᠂ ᠴᠡᠭᠡᠵᠢ ᠪᠠᠨ ᠲᠠᠷᠤᠭᠤᠯᠵᠦ ᠨᠤᠮᠤᠳᠠᠵᠦ ᠪᠤᠯᠤᠨ᠎ᠠ | ⑷ ᠬᠠᠷᠢᠭᠤ ᠡᠷᠳᠡᠮ᠄ ᠡᠷᠭᠢᠵᠦ ᠨᠤᠮᠤᠳᠠᠵᠦ ᠪᠤᠯᠤᠨ᠎ᠠ | ⒑ ᠤᠭᠰᠠᠷᠠᠭ᠎ᠠ ᠡᠷᠳᠡᠮ ᠪᠠ ᠬᠢᠬᠦ ᠶᠠᠪᠤᠴᠠ᠄ | ⑴ ᠬᠦᠳᠡᠯᠭᠡᠭᠡᠨ ᠬᠤᠷᠳᠤᠨ ᠬᠦᠮᠦᠨ ᠳᠤ ᠲᠤᠬᠢᠷᠠᠨ᠎ᠠ | ⑵ ᠪᠠᠷᠢᠴᠠ᠄ ᠦᠷᠦᠭᠡᠰᠦᠨ ᠬᠠᠨᠴᠤᠢ ᠶᠢᠨ ᠦᠵᠦᠭᠦᠷ ᠠᠴᠠ ᠪᠠᠷᠢᠬᠤ | ⑶ ᠬᠢᠬᠦ ᠡᠷᠳᠡᠮ᠄ ᠡᠯᠢᠭᠡᠨ ᠲᠠᠳᠠᠭ᠎ᠠ ᠬᠢᠬᠦ ᠳᠤ ᠨᠦᠭᠦᠭᠡ ᠡᠳᠡᠭᠡᠳ ᠲᠠᠭᠠᠵᠦ ᠢᠷᠡᠨ᠎ᠡ᠂ ᠦᠭᠡᠳᠡ ᠠᠴᠠ ᠨᠢ | ᠴᠤᠬᠢᠨᠡ᠂ ᠲᠡᠷᠡ ᠠᠯᠬᠤᠵᠦ ᠭᠠᠷᠪᠠᠯ ᠬᠤᠴᠤᠷᠤᠭᠰᠠᠨ ᠬᠦᠯ ᠢ ᠤᠳᠬᠤᠭ᠎ᠠ ᠬᠢᠨ᠎ᠡ᠂ ᠲᠡᠷᠡ ᠮᠤᠯᠳᠤᠷᠴᠤ ᠭᠠᠷᠪᠠᠯ | ᠲᠠᠬᠢᠨ ᠦᠰᠭᠡᠶᠢᠳᠡᠵᠦ ᠴᠤᠬᠢᠨ᠎ᠠ᠂ ᠡᠭᠦᠨ ᠢ ︽ᠪᠠᠨᠽᠠᠷ ᠤᠨ ᠤᠭᠰᠠᠷᠠᠭ᠎ᠠ ᠡᠷᠳᠡᠮ︾ ᠭᠡᠳᠡᠭ᠃ | ⒒ ᠪᠠᠨᠽᠠᠷ ᠤᠨ ᠦᠪᠡᠷ ᠤᠨ ᠦᠪᠡᠷᠮᠢᠴᠡ ᠤᠷᠪᠠᠭᠤᠯᠬᠤ ᠡᠷᠳᠡᠮ ᠤᠳ | ⑴ ᠭᠢᠰᠭᠢᠭᠡ ᠪᠠ ᠡᠪᠦᠳᠦᠭ ᠤᠨᠤᠭᠤᠯᠬᠤ᠂ ᠠᠴᠢᠶ᠎ᠠ ᠵᠡᠷᠭᠡ ᠡᠷᠳᠡᠮ ᠢ ᠦᠪᠡᠷ ᠤᠨ ᠦᠪᠡᠷᠮᠢᠴᠡ ᠠᠷᠭ᠎ᠠ ᠪᠠᠷ | ᠤᠷᠪᠠᠭᠤᠯᠤᠨ ᠬᠠᠷᠢᠭᠤᠯᠳᠠᠭ | ⑵ ᠬᠠᠷᠢᠭᠤ ᠡᠷᠳᠡᠮ᠄ ᠬᠢᠰᠭᠢᠭᠡ ᠶᠢ ᠲᠠᠬᠢᠮ ᠳᠠᠭᠠᠨ ᠬᠦᠯ ᠢ ᠨᠢ ᠬᠠᠪᠴᠢᠵᠦ ᠰᠠᠭᠤᠬᠤ᠂ ᠡᠪᠦᠳᠦᠭ | ᠤᠨᠤᠭᠤᠯᠬᠤ ᠶᠢ ᠲᠤᠭᠤᠤᠷ ᠨᠢ ᠲᠡᠪᠡᠷᠢᠭᠡᠳ ᠲᠡᠭᠡᠭᠰᠢ ᠡᠷᠭᠦᠬᠦ ᠳᠤ ᠨᠢᠷᠤᠭᠤ ᠪᠠᠨ ᠡᠭᠦᠷᠦᠭᠡᠳ ᠭᠡᠳᠡᠰᠦ ᠪᠠᠷ ᠢᠶᠠᠨ | ᠲᠡᠯᠡᠰᠦᠭᠡᠳ ᠬᠤᠶᠠᠷ ᠬᠦᠯ ᠢᠶᠠᠷ ᠢᠶᠠᠨ ᠲᠠᠬᠢᠮ ᠢᠶᠠᠷ ᠨᠢ ᠬᠠᠮᠤᠵᠦ ᠬᠡᠪᠳᠡᠬᠦ᠂ ᠡᠭᠡᠯᠵᠢ ᠶᠢᠨ ᠠᠴᠢᠶ᠎ᠠ ᠬᠢᠬᠦ ᠳᠤ | ᠬᠦᠮᠦᠨ ᠲᠤᠭᠤᠤᠷ ᠨᠢ ᠲᠡᠪᠡᠷᠢᠭᠡᠳ ᠠᠴᠢᠬᠤ ᠳᠤ ᠰᠤᠭᠤᠨ ᠳᠤᠨᠢ ᠬᠦᠯ ᠢᠶᠠᠨ ᠬᠢᠭᠡᠳ ᠬᠦᠴᠦᠨ ᠢ ᠨᠢ ᠰᠢᠯᠵᠢᠭᠦᠯᠵᠦ | ᠤᠷᠤᠭᠰᠢ ᠪᠠᠨ ᠬᠦᠯ ᠢᠶᠠᠨ ᠲᠡᠶᠢᠷᠦᠭᠡᠳ ᠡᠭᠡᠯᠵᠢ ᠶᠢᠨ ᠠᠴᠢᠶ᠎ᠠ ᠪᠠᠨ ᠬᠢᠳᠡᠭ᠂ ᠡᠨᠡ ᠪᠤᠯ ᠬᠠᠷᠢᠭᠤᠯᠳᠠ ᠦᠭᠡᠢ | ᠪᠠᠶᠢᠳᠠᠭ᠃ ᠲᠤᠰ ᠡᠷᠳᠡᠮ ᠢᠶᠠᠷ 1984 ᠤᠨ ᠤ ᠰᠢᠯᠢᠨᠬᠤᠳᠠ ᠳᠤ ᠪᠤᠯᠤᠭᠰᠠᠨ ᠨᠢᠭᠡᠴᠡ ᠶᠢᠨ ᠤᠷᠤᠯᠳᠤᠭᠠᠨ ᠳᠤ | ᠪᠠᠶᠠᠠᠰᠢᠯᠢ ᠶᠢᠨ ᠪᠠᠭᠠᠨ᠎ᠠ ᠠᠪᠤᠷᠭᠤ ᠶᠢ ᠬᠠᠶᠠᠵᠦ ᠦᠩᠭᠡᠷᠡᠭᠰᠡᠨ ᠪᠠᠶᠢᠵᠠᠢ᠃ | ᠭᠤᠷᠪᠠ ᠪᠠᠷᠢᠯᠳᠤᠭᠠᠨ ᠤ ᠦᠩᠭᠡᠷᠡᠯᠳᠡ ᠶᠢᠨ ᠭᠡᠰᠡᠭ ᠪᠤᠰᠤᠭ ᠵᠤᠭᠤᠭ | ᠬᠠᠷᠠᠭᠴᠢᠨ ᠮᠤᠭᠠᠢ ᠵᠢᠯ ᠤᠨ ᠳᠡᠯᠭᠡᠷ ᠵᠤᠨ ᠤ ᠡᠬᠢᠨ ᠰᠠᠷ᠎ᠠ ᠳᠤ᠂ ᠪᠢ ᠳᠡᠮᠴᠤᠭ ᠤᠨ ᠬᠠᠮᠳᠤ | ᠪᠠᠨᠽᠠᠷ ᠤᠨ ᠳᠤ ᠤᠴᠢᠵᠦ᠂ ᠲᠡᠭᠦᠨ ᠤ ᠪᠠᠷᠢᠯᠳᠤᠵᠦ ᠶᠠᠪᠤᠭᠰᠠᠨ ᠲᠡᠤᠬᠡᠨ ᠦᠩᠭᠡᠷᠡᠯᠳᠡ ᠶᠢᠨ ᠲᠤᠬᠠᠢ ᠬᠦᠤᠷᠨᠢᠯᠳᠤᠪᠠ | ᠃ ᠪᠠᠨᠽᠠᠷ ᠪᠤᠯ ᠪᠦᠬᠡ ᠶᠢᠨ ᠮᠡᠷᠭᠡᠵᠢᠯ ᠢ ᠰᠠᠶᠢᠨ ᠮᠡᠳᠡᠳᠡᠭ᠂ ᠨᠠᠶᠢᠷ ᠲᠤ ᠲᠠᠭᠠᠷᠠᠭᠰᠠᠨ ᠨᠡᠷᠡᠳᠦ ᠪᠦᠬᠡ ᠪᠠᠨ ᠶᠠᠮᠠᠷ | ᠡᠷᠳᠡᠮ ᠢᠶᠠᠷ ᠬᠠᠶᠠᠭᠰᠠᠨ᠂ ᠶᠠᠮᠠᠷ ᠡᠷᠳᠡᠮ ᠳᠤᠨᠢ ᠤᠶᠢᠴᠢᠭᠰᠠᠨ ᠢᠶᠠᠨ ᠲᠤᠳᠤᠷᠬᠠᠢ ᠴᠡᠭᠡᠵᠢᠯᠡᠵᠦ ᠪᠠᠶᠢᠳᠠᠭ ᠶᠤᠮᠰᠠᠨ᠃ | ᠤᠭᠰᠠᠷᠠᠭ᠎ᠠ ᠡᠷᠳᠡᠮ ᠪᠤᠯ ᠴᠢᠨᠤ ᠰᠤᠷᠮᠠᠭᠠᠢ ᠡᠷᠳᠡᠮ᠂ ᠴᠢ ᠠᠯᠢ ᠦᠶ᠎ᠡ ᠠᠴᠠ ᠬᠦᠮᠦᠨ ᠳᠤ ᠬᠢᠵᠦ ᠡᠬᠢᠯᠡᠭᠰᠡᠨ | ᠪᠤᠢ ᠭᠡᠬᠦ ᠳᠤ ᠲᠡᠷᠡ᠄ ︽1983 ᠤᠨ ᠤ ᠡᠭᠡᠪᠤᠯᠠᠭ ᠰᠤᠮᠤᠨ ᠤ 256 ᠪᠦᠬᠡ ᠪᠠᠷᠢᠯᠳᠤᠭᠰᠠᠨ ᠨᠠᠶᠢᠷ ᠲᠤ ᠠᠪᠠᠭ᠎ᠠ | ᠬᠤᠰᠢᠭᠤᠨ ᠤ ᠨᠡᠷᠡᠳᠦ ᠪᠦᠭᠡ ᠠᠪᠤᠷᠭᠤ ᠮᠦᠩᠬᠡᠪᠠᠭᠠᠳᠤᠷ ᠢᠷᠡᠵᠦ ᠪᠠᠷᠢᠯᠳᠤᠭᠰᠠᠨ᠂ ᠲᠡᠷᠡ ᠶᠠᠭ ᠨᠠᠷᠠ ᠭᠠᠷᠴᠤ | ᠪᠠᠶᠢᠭᠰᠠᠨ ᠦᠶ᠎ᠡ᠂ ᠪᠠᠷᠤᠭ ᠲᠡᠷᠢᠭᠦᠨ ᠢ ᠨᠢ ᠠᠪᠬᠤ ᠪᠠᠷ ᠢᠷᠡᠭᠰᠡᠨ ᠪᠠᠶᠢᠯᠭᠦᠢ᠂ ᠳᠡᠳ᠋ ᠲᠡᠷᠢᠭᠦᠨ ᠳᠤ ᠨᠠᠳᠠ ᠲᠠᠢ | ᠲᠠᠭᠠᠷᠠᠭᠰᠠᠨ᠂ ᠪᠢ ᠴᠤ ᠤᠷᠤᠵᠦ ᠢᠷᠡᠬᠦ ᠦᠶ᠎ᠡ ᠳᠤᠨᠢ ᠦᠷᠦᠭᠡᠰᠦᠨ ᠬᠠᠨᠴᠤᠢ ᠶᠢᠨ ᠦᠵᠦᠭᠦᠷ ᠠᠴᠠ | ᠠᠪᠤᠭᠰᠠᠨ ᠢᠶᠠᠨ ᠤᠭᠰᠠᠷᠠᠭ᠎ᠠ ᠡᠷᠳᠡᠮ ᠢᠶᠠᠨ ᠬᠢᠵᠦ ᠬᠠᠶᠠᠭᠰᠠᠨ᠂ ᠲᠡᠷᠡ ᠨᠠᠶᠢᠷ ᠲᠤ ᠲᠡᠭᠡᠵᠦ ᠪᠢ ᠲᠡᠷᠢᠭᠦᠯᠡᠭᠰᠡᠨ | ᠶᠤᠮ︾ ᠭᠡᠨ᠎ᠡ᠃ ᠪᠢ ᠵᠠᠯᠭᠠᠭᠠᠳ ᠴᠢ ᠨᠠᠳᠠ ᠳᠤ ᠨᠡᠷᠡᠳᠦ ᠠᠪᠤᠷᠭᠤ ᠶᠢ ᠶᠠᠮᠠᠷ ᠡᠷᠳᠡᠮ ᠢᠶᠠᠷ ᠬᠠᠶᠠᠭᠰᠠᠨ ᠢᠶᠠᠨ | ᠭᠡᠳᠦ ᠶᠢ ᠶᠠᠷᠢᠵᠦ ᠦᠭᠬᠦ ᠶᠢ ᠬᠦᠰᠡᠭᠰᠡᠨ ᠳᠤ ᠲᠡᠷᠡ ᠢᠩᠭᠢᠵᠦ ᠶᠡᠷᠢᠶ᠎ᠡ ᠪᠠᠨ ᠡᠬᠢᠯᠡᠭᠦᠯᠪᠡ᠄ | 1984 ᠤᠨ ᠤ ᠪᠡᠭᠡᠵᠢᠩ ᠳᠤ ᠪᠤᠯᠤᠭᠰᠠᠨ ᠴᠦᠭᠡᠨ ᠲᠤᠭᠠᠳᠤ ᠦᠨᠳᠦᠰᠦᠳᠡᠨ ᠤ ᠶᠡᠭᠡ ᠨᠠᠶᠢᠷ ᠲᠤ | ᠤᠯᠤᠰ ᠤᠨ ᠠᠪᠤᠷᠭᠤ ᠴᠠᠭᠠᠠᠵᠠᠭᠠᠨ ᠲᠠᠢ ᠲᠠᠭᠠᠷᠠᠭᠠᠳ ᠲᠡᠷᠡ ᠨᠠᠮᠠᠶᠢ ᠭᠢᠰᠭᠢᠬᠦ ᠳᠤ ᠪᠢ ᠭᠢᠰᠭᠢᠭᠡ ᠶᠢ ᠨᠢ ᠰᠤᠭᠤᠯᠤᠨ | ︽ᠠᠴᠢᠶ᠎ᠠ ᠡᠷᠳᠡᠮ︾ ᠬᠢᠵᠦ ᠬᠠᠶᠠᠭᠰᠠᠨ ᠪᠦᠭᠡᠳ ᠡᠨᠡ ᠶᠡᠭᠡ ᠨᠠᠶᠢᠷ ᠲᠤ ᠲᠡᠷᠢᠭᠦᠯᠡᠭᠰᠡᠨ ᠭᠡᠵᠦ ᠲᠡᠷᠡ ᠶᠠᠷᠢᠯ᠎ᠠ᠃ | ᠮᠦᠨ ᠨᠠᠶᠢᠷ ᠤᠨ ᠲᠠᠰᠢᠷᠠᠮ ᠳᠤ ᠬᠦᠯᠦᠨ ᠪᠤᠶᠢᠷ ᠤᠨ ᠭᠤᠮᠪᠤᠨᠢᠮᠡ ᠠᠪᠤᠷᠭᠤ ᠲᠡᠷᠢᠭᠦᠯᠡᠭᠰᠡᠨ ᠪᠦᠬᠡ ᠲᠠᠢ ᠪᠠᠷᠢᠯᠳᠤᠵᠦ | ᠦᠵᠡᠬᠦ ᠪᠠᠷ ᠢᠷᠡᠬᠦ ᠳᠤ ᠪᠠᠨᠽᠠᠷ ᠲᠡᠭᠦᠨ ᠢ ︽ᠰᠠᠭᠤᠭ᠎ᠠ ᠴᠤᠬᠢᠭ᠎ᠠ︾ ᠡᠷᠳᠡᠮ ᠢ ᠬᠢᠵᠦ ᠬᠠᠶᠠᠭᠰᠠᠨ ᠢᠶᠠᠨ ᠶᠠᠷᠢᠯ᠎ᠠ᠃ | 1987 ᠤᠨ ᠤ ᠵᠡᠭᠦᠨ ᠦᠵᠦᠮᠦᠴᠢᠨ ᠬᠤᠰᠢᠭᠤ ᠮᠠᠯᠴᠢᠳ ᠤᠨ ᠶᠡᠭᠡ ᠨᠠᠶᠢᠷ ᠢ ᠬᠢᠵᠦ 512 ᠪᠦᠭᠡ | ᠪᠠᠷᠢᠯᠳᠤᠭᠤᠯᠬᠤ ᠳᠤ ᠦᠩᠳᠦ ᠶᠢᠨ ᠰᠤᠳᠤᠠᠷᠳᠡᠨᠢ ᠲᠡᠷᠢᠭᠦᠯᠡᠨ᠂ ᠪᠠᠨᠽᠠᠷ ᠭᠤᠳᠠᠭᠠᠷᠯᠠᠭᠰᠠᠨ ᠪᠠᠶᠢᠪᠠ᠂ ᠲᠤᠰ | ᠤᠳᠠᠭᠠᠨ ᠤ ᠨᠠᠶᠢᠷ ᠲᠤ ᠪᠠᠨᠽᠠᠷ ᠭᠤᠸᠠᠢ ᠠᠪᠤᠷᠭᠤ ᠡᠷᠳᠡᠨᠢᠪᠠᠶᠠᠷ ᠲᠠᠢ ᠤᠨᠤ ᠲᠠᠭᠠᠷᠠᠭᠰᠠᠨ ᠳᠤ᠂ ᠲᠡᠷᠡ ᠲᠤᠳᠠᠭᠤ | ᠡᠯᠭᠦᠭᠡ ᠬᠢᠭᠰᠡᠨ ᠢᠶᠠᠨ ᠡᠷᠳᠡᠨᠢᠪᠠᠶᠠᠷ ᠢ ᠬᠦᠯ ᠢᠶᠠᠨ ᠰᠤᠭᠤᠯᠤᠨ ᠠᠪᠬᠤ ᠲᠠᠢ ᠵᠡᠷᠭᠡ ᠲᠠᠭᠠᠭᠠᠳ ︽ᠦᠰᠭᠡᠢ ᠲᠡᠭᠡᠭᠡ︾ | ᠬᠢᠵᠦ ᠬᠠᠶᠠᠭᠰᠠᠨ ᠶᠤᠮ᠃ | ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠰᠤᠮᠤᠨ ᠤ 1984 ᠤᠨ ᠳᠤ ᠬᠢᠭᠰᠡᠨ 512 ᠪᠦᠬᠡ | ᠲᠠᠢ ᠶᠡᠭᠡ ᠨᠠᠶᠢᠷ ᠲᠤ 32 ᠲᠤ ᠤᠷᠤᠭᠰᠠᠨ᠂ ᠬᠠᠷᠠᠭᠠᠨᠠᠳᠤ ᠶᠢᠨ ᠰᠤᠩᠳᠠᠢ ᠭᠡᠭᠴᠢ ᠲᠤᠮᠤ ᠪᠡᠶ᠎ᠡ ᠬᠦᠨᠳᠦ ᠴᠤᠭᠴᠠ | ᠲᠠᠢ ᠬᠦᠮᠦᠨ ᠲᠠᠢ ᠲᠠᠭᠠᠷᠠᠭᠠᠳ ᠲᠡᠭᠦᠨ ᠢ ᠪᠠᠷᠢᠴᠠ ᠪᠠᠷᠢᠬᠤ ᠲᠠᠢ ᠵᠡᠷᠭᠡ ᠲᠤᠳᠠᠭᠤ ᠠᠳᠬᠤᠭᠤᠯᠤᠭᠠᠳ᠂ | ᠦᠰᠭᠡᠶᠢᠳᠡᠨ ᠴᠤᠬᠢᠭᠠᠳ ᠬᠠᠶᠠᠭᠰᠠᠨ᠂ ᠶᠠᠭ ᠯᠠ ᠬᠡᠤᠬᠡᠳ ᠬᠠᠶᠠᠭᠰᠠᠨ ᠠᠴᠠ ᠠᠮᠠᠷᠬᠠᠨ ᠰᠢᠭ᠋ ᠰᠠᠨᠠᠭᠳᠠᠭᠰᠠᠨ | ᠪᠠᠶᠢᠵᠠᠢ᠃ | 1984 ᠤᠨ ᠤ ᠰᠢᠯᠢᠠᠬᠤᠳᠠ ᠳᠤ ᠪᠤᠯᠤᠭᠰᠠᠨ ᠠᠶᠢᠮᠠᠭ ᠤᠨ ᠮᠤᠩᠭᠤᠯ ᠪᠦᠬᠡ ᠶᠢᠨ ᠨᠢᠭᠡᠴᠡ ᠶᠢᠨ | ᠤᠷᠤᠯᠳᠤᠭᠠᠨ ᠳᠤ ᠠᠪᠠᠭ᠎ᠠ ᠬᠤᠰᠢᠭᠤᠨ ᠤ ᠠᠪᠤᠷᠭᠤ ᠬᠤᠳᠠᠯᠠᠪᠠᠶᠠᠷ ᠢ ᠦᠰᠭᠡᠶᠢᠳᠡᠵᠦ ᠱᠠᠭ᠎ᠠ ᠳᠡᠭᠡᠷ᠎ᠡ ᠨᠢ ᠲᠠᠷᠤᠵᠦ | ᠬᠢᠰᠭᠢᠭᠡᠳ ᠠᠮᠠᠷᠬᠠᠨ ᠬᠠᠶᠠᠭᠰᠠᠨ᠂ 1,90 ᠭᠠᠷᠤᠢ ᠮᠧᠲᠷ ᠦᠨᠳᠦᠷ ᠪᠡᠶ᠎ᠡ ᠬᠦᠨᠳᠦ ᠴᠤᠭᠴᠠ ᠲᠠᠢ | ᠬᠤᠳᠠᠯᠠᠪᠠᠶᠠᠷ ᠶᠢ 1,66 ᠮᠧᠲᠷ ᠬᠢᠷᠢ ᠪᠤᠭᠤᠨᠢ ᠪᠡᠶ᠎ᠡ ᠲᠠᠢ ᠪᠠᠨᠽᠠᠷ ᠬᠠᠶᠠᠨ᠎ᠠ ᠭᠡᠵᠦ ᠬᠡᠨ ᠴᠤ ᠰᠠᠨᠠᠭᠰᠠᠨ ᠦᠭᠡᠢ | ᠪᠠᠶᠢᠬ᠎ᠠ᠂ ᠭᠡᠳᠡᠯ᠎ᠡ ᠪᠦᠬᠡ ᠶᠢᠨ ᠡᠷᠳᠡᠮ ᠮᠡᠭᠡ ᠶᠢ ᠡᠵᠡᠮᠰᠢᠴᠢᠭᠡᠪᠡᠯ ᠶᠠᠮᠠᠷ ᠴᠤ ᠭᠠᠶᠢᠬᠠᠮᠰᠢᠭ ᠶᠢ ᠡᠭᠦᠳᠴᠤ ᠪᠤᠯᠤᠨ᠎ᠠ | ᠭᠡᠳᠡᠭ ᠢ ᠡᠭᠦᠨ ᠠᠴᠠ ᠤᠶᠢᠯᠠᠭᠠᠵᠦ ᠪᠤᠯᠤᠨ᠎ᠠ᠃ | 1983 ᠤᠨ ᠤ ᠰᠢᠯᠤᠭᠤᠨ ᠬᠦᠭᠡ ᠬᠤᠰᠢᠭᠤᠨ ᠤ 512 ᠪᠦᠭᠡ ᠪᠠᠷᠢᠯᠳᠤᠭᠰᠠᠨ ᠨᠠᠶᠠᠨ ᠨᠢᠭᠡ ᠶᠢᠨ ᠱᠠᠩ | ᠲᠠᠢ ᠠᠷᠠᠳ ᠤᠨ ᠶᠡᠭᠡ ᠨᠠᠶᠢᠷ ᠲᠤ ᠭᠦᠷᠴᠤ᠂ ᠠᠷᠪᠠᠨ ᠵᠢᠷᠭᠤᠭ᠎ᠠ ᠳᠤ ᠬᠦᠪᠡᠭᠡᠳᠦ ᠰᠢᠷ᠎ᠠ ᠶᠢᠨ ᠪᠢᠯᠢᠭᠪᠡᠭᠠᠳᠤᠷ ᠢ | ᠦᠰᠭᠡᠢ ᠤᠳᠬᠤᠭ᠎ᠠ ᠬᠢᠵᠦ ᠬᠠᠶᠠᠭᠰᠠᠨ᠂ ᠲᠡᠭᠡᠷ᠎ᠡ ᠨᠠᠢᠮᠠ ᠳᠤ ᠤᠯᠤᠰ ᠤᠨ ᠠᠪᠤᠷᠭᠤ ᠪᠠᠷᠠᠭᠤᠨ ᠦᠵᠦᠮᠦᠴᠢᠨ ᠤ | ᠡᠷᠳᠡᠨᠢᠪᠠᠶᠠᠷ ᠢ ᠬᠠᠰᠢᠶ᠎ᠠ ᠡᠷᠳᠡᠮ ᠬᠢᠵᠦ ᠰᠢᠷᠤᠶᠢᠳᠠᠭᠤᠯᠤᠨ᠂ ᠳᠡᠭᠡᠷ᠎ᠡ ᠲᠦᠷᠪᠡ ᠳᠤ ᠰᠢᠯᠤᠭᠤᠨ ᠭᠦᠬᠡ ᠶᠢᠨ | ᠪᠦᠷᠢᠨᠮᠠᠨᠳᠤᠬᠤ ᠶᠢ ᠵᠡᠭᠦᠨ ᠲᠠᠯ᠎ᠠ ᠪᠠᠷ ᠪᠦᠰᠡᠳᠡᠵᠦ ᠪᠠᠷᠢᠭᠠᠳ ᠴᠤᠬᠢᠭ᠎ᠠ ᠡᠷᠳᠡᠮ ᠬᠢᠵᠦ ᠬᠦᠰᠡᠷᠳᠡᠭᠦᠯᠦᠭᠰᠡᠨ᠂ ᠲᠡᠳ᠋ | ᠲᠡᠷᠢᠭᠦᠨ ᠳᠤ ᠭᠡᠰᠡᠭ ᠤᠨ ᠲᠠᠮᠪᠠ ᠲᠠᠭᠠᠷᠠᠵᠦ ᠬᠠᠶᠠᠭᠠᠳ ᠪᠠᠨᠽᠠᠷ ᠭᠤᠸᠠᠢ ᠲᠡᠷᠢᠭᠦᠯᠡᠭᠡᠳ ᠨᠠᠶᠠᠨ ᠨᠢᠭᠡ ᠶᠢᠨ ᠬᠦᠨᠳᠦ | ᠱᠠᠩ ᠢ ᠲᠤᠰᠴᠤ᠂ ᠨᠤᠲᠤᠭ ᠤᠰᠤᠨ ᠳᠠᠭᠠᠨ ᠲᠤᠮᠤᠬᠠᠨ ᠢᠷᠠᠭᠤ ᠠᠯᠳᠠᠷ ᠢ ᠠᠪᠴᠢᠷᠠᠭᠰᠠᠨ ᠶᠤᠮ᠃ | 1983 ᠤᠨ ᠤ ᠬᠤᠰᠢᠭᠤᠨ ᠤ ᠪᠠᠨ ᠴᠠᠶᠢᠳᠠᠮ ᠤᠨ ᠪᠠᠶᠠᠨ ᠤᠪᠤᠭ᠎ᠠ ᠶᠢᠨ ᠲᠠᠬᠢᠯᠭ᠎ᠠ ᠶᠢᠨ ᠨᠠᠶᠢᠷ ᠤᠨ 128 | ᠪᠦᠭᠡ ᠶᠢᠨ ᠮᠦᠷᠦᠶᠢᠴᠡᠭᠡᠨ ᠳᠤ ᠳᠡᠭᠡᠷ᠎ᠡ ᠲᠦᠷᠪᠡ ᠳᠤ ᠭᠡᠰᠡᠭ ᠤᠨ ᠲᠠᠮᠪᠠ ᠶᠢ ᠬᠢᠰᠭᠢᠭᠡ ᠡᠷᠳᠡᠮ ᠢ ᠨᠢ ᠬᠠᠷᠢᠭᠤᠯᠵᠦ | ᠲᠠᠬᠢᠮ ᠳᠠᠭᠠᠨ ᠬᠠᠪᠴᠢᠵᠦ ᠤᠶᠢᠴᠢᠭᠤᠯᠤᠭᠠᠳ᠂ ᠳᠡᠳ᠋ ᠲᠡᠷᠢᠭᠦᠨ ᠳᠤ ᠪᠠᠶᠠᠠᠬᠦᠭᠡᠪᠦᠷ ᠤᠨ ᠰᠤᠭᠠᠷ ᠲᠠᠭᠠᠷᠠᠵᠦ ᠵᠡᠭᠦᠨ | ᠲᠠᠯ᠎ᠠ ᠶᠢᠨ ᠡᠯᠢᠬᠡᠨ ᠲᠠᠳᠠᠭ᠎ᠠ ᠬᠢᠵᠦ ᠬᠠᠶᠠᠨ ᠲᠡᠷᠢᠭᠦᠯᠡᠭᠡᠳ ᠤᠪᠤᠭᠠᠨ ᠭᠡᠰᠢᠭ ᠭᠦᠷᠳᠡᠪᠡ᠃ ᠮᠦᠨ ᠵᠢᠯ ᠤᠨ | ᠰᠢᠯᠢᠠᠬᠤᠳᠠ ᠶᠢᠨ ᠷᠠᠰᠢᠶᠠᠠᠪᠤᠯᠠᠭ ᠰᠤᠮᠤᠨ ᠤ ᠶᠡᠭᠡ ᠨᠠᠶᠢᠷ ᠬᠢᠬᠦ ᠳᠤ ᠰᠢᠯᠤᠭᠤᠨ ᠴᠠᠭᠠᠨ ᠤ ᠪᠠᠳᠤᠨᠠᠰᠤᠨ᠂ | ᠠᠪᠠᠭ᠎ᠠ ᠶᠢᠨ ᠮᠦᠩᠬᠡᠪᠠᠭᠠᠳᠤᠷ᠂ ᠤᠯᠤᠰ ᠤᠨ ᠠᠪᠤᠷᠭᠤ ᠠᠶᠢᠮᠠᠭ ᠤᠨ ᠪᠦᠬᠡ ᠶᠢᠨ ᠠᠩᠬᠢ ᠶᠢᠨ ᠪᠤᠶᠠᠨᠳᠤ ᠨᠠᠷ | ᠪᠠᠨᠽᠠᠷ ᠢ ᠬᠠᠶᠠᠨ᠎ᠠ ᠭᠡᠵᠦ ᠵᠦᠪᠳᠡᠯᠴᠡᠨ ᠢᠷᠡᠭᠰᠡᠨ ᠪᠠᠶᠢᠵᠠᠢ᠂ ᠢᠩᠭᠢᠭᠡᠳ 32 ᠪᠦᠬᠡ ᠦᠯᠡᠳᠡᠭᠰᠡᠨ ᠤᠷᠤᠢ ᠨᠢ | ᠲᠡᠳᠡ ᠭᠤᠷᠪᠠᠭᠤᠯᠠ ᠪᠠᠨᠽᠠᠷ ᠢ ᠪᠠᠶᠠᠨ ᠤᠪᠤᠭ᠎ᠠ ᠪᠠᠨ ᠲᠠᠬᠢᠭᠠᠳ ᠢᠷᠡᠵᠦ ᠭᠡᠳ᠂ ᠬᠠᠷ᠎ᠠ ᠭᠡᠭᠡ ᠰᠢᠷ᠎ᠠ ᠭᠡᠭᠡ | ᠬᠤᠶᠠᠷ ᠤᠨ ᠬᠤᠭᠤᠷᠤᠨᠳᠤ ᠪᠠᠯᠪᠠᠴᠢ ᠶᠢᠨ ᠷᠠᠰᠢᠶᠠᠨ ᠤ ᠤᠪᠤᠭ᠎ᠠ ᠳᠤ ᠬᠦᠷᠴᠤ᠂ ᠮᠢᠶᠠᠠᠪᠤᠤ ᠲᠡᠷᠢᠭᠦᠳᠡᠨ ᠢ | ᠲᠠᠯᠪᠢᠭᠰᠠᠨ ᠢᠶᠠᠨ ᠪᠠᠨᠽᠠᠷ ᠢ ᠬᠠᠶᠠᠭᠤᠯᠬᠤ ᠶᠢ ᠲᠠᠭᠠᠳᠬᠠᠭᠰᠠᠨ ᠮᠦᠷᠳᠡᠭᠡᠨ ᠤᠷᠤᠭᠰᠢ ᠬᠠᠨᠳᠤᠵᠦ ᠲᠠᠬᠢᠳᠠᠭ | ᠤᠪᠤᠭ᠎ᠠ ᠶᠢ ᠬᠤᠶᠢᠰᠢ ᠬᠠᠷᠠᠵᠦ ᠲᠠᠬᠢᠭᠰᠠᠨ ᠪᠠᠶᠢᠵᠠᠢ᠂ ᠡᠭᠦᠨ ᠢ ᠰᠤᠨᠤᠰᠤᠭᠰᠠᠨ ᠪᠠᠨᠽᠠᠷ ᠮᠠᠷᠭᠠᠰᠢ ᠶᠢᠨ ᠨᠠᠶᠢᠷ ᠲᠤ | ᠪᠤᠳᠤᠯ ᠲᠠᠢ ᠤᠷᠤᠵᠠᠢ᠂ 32 ᠲᠤ ᠪᠤᠶᠠᠨᠳᠤ ᠶᠢ ᠰᠡᠨᠴᠢᠭᠯᠡᠵᠦ ᠬᠡᠢ ᠡᠷᠭᠦᠭᠰᠡᠨ ᠢᠶᠠᠨ ᠲᠤᠷᠤᠭᠰᠢ ᠰᠢᠷᠳᠡᠭ ᠭᠦᠪᠢᠭᠰᠡᠨ | ᠮᠡᠳᠦ ᠨᠦᠳᠦᠵᠦ ᠰᠠᠭᠤᠯᠭᠠᠭᠰᠠᠨ᠂ ᠠᠷᠪᠠᠨ ᠵᠢᠷᠭᠤᠭ᠎ᠠ ᠳᠤ ᠪᠠᠳᠤᠨᠠᠰᠤᠨ ᠢ ᠪᠦᠰᠡᠳᠡᠵᠦ ᠠᠪᠤᠭᠠᠳ ᠬᠢᠰᠬᠢᠵᠦ | ᠬᠠᠶᠠᠭᠠᠳ᠂ ᠳᠡᠭᠡᠷ᠎ᠡ ᠨᠡᠢᠮᠠ ᠳᠤ ᠮᠦᠩᠬᠡᠪᠠᠭᠠᠳᠤᠷ ᠢ ᠴᠤᠬᠢᠭᠠᠳ ᠤᠶᠢᠴᠢᠭᠤᠯᠤᠭᠰᠠᠨ᠂ ᠢᠩᠭᠢᠭᠡᠳ ᠭᠤᠷᠪᠠᠭᠤᠯᠠ ᠶᠢ | ᠴᠤᠪᠤᠭᠤᠯᠤᠨ ᠬᠠᠶᠠᠭᠰᠠᠨ ᠢᠶᠠᠨ ᠲᠡᠳᠡᠨ ᠳᠤ᠄ ︽ᠲᠠᠨᠠᠷ ᠤᠨ ᠨᠠᠳᠠ ᠳᠤ ᠤᠶᠢᠴᠢᠵᠦ ᠪᠠᠶᠢᠬᠤ ᠴᠢᠨᠢ ᠬᠦᠮᠦᠨ ᠤ | ᠤᠪᠤᠭ᠎ᠠ ᠶᠢ ᠪᠤᠷᠤᠭᠤ ᠲᠠᠯ᠎ᠠ ᠠᠴᠠ ᠨᠢ ᠬᠠᠷ᠎ᠠ ᠪᠦᠷᠦᠢ ᠰᠢᠷ᠎ᠠ ᠪᠦᠷᠦᠢ ᠶᠢᠨ ᠦᠶ᠎ᠡ ᠪᠠᠷ ᠲᠠᠬᠢᠭᠰᠠᠨ ᠳᠤ ᠪᠠᠶᠢᠨ᠎ᠠ | ᠰᠢᠤ︾ ᠭᠡᠵᠦ ᠬᠤᠷᠤᠰᠬᠠᠭᠰᠠᠨ ᠭᠡᠳᠡᠭ᠃ ᠡᠨᠡ ᠤᠳᠠᠭᠠᠨ ᠤ ᠨᠠᠶᠢᠷ ᠲᠤ ᠪᠠᠨᠽᠠᠷ ᠲᠡᠷᠢᠭᠦᠯᠡᠵᠦ᠂ ᠮᠦᠨ ᠨᠢᠭᠡ | ᠨᠤᠲᠤᠭ ᠤᠨ ᠨᠡᠷᠡᠳᠦ ᠪᠦᠭᠡ ᠪᠦᠬᠡᠨ᠋ᠠᠷᠳᠡᠨᠢ ᠲᠡᠳ᠋ᠯᠡᠭᠰᠡᠨ ᠪᠠᠶᠢᠵᠠᠢ᠃ | 1985 ᠤᠨ ᠤ ᠠᠶᠢᠮᠠᠭ ᠤᠨ ᠨᠢᠭᠡᠴᠡ ᠶᠢᠨ ᠤᠷᠤᠯᠳᠤᠭᠠᠨ ᠤ ᠲᠤᠬᠤᠮ ᠤᠨ ᠨᠠᠶᠢᠷ ᠬᠢᠵᠦ᠂ 64 ᠪᠦᠭᠡ | ᠪᠠᠷᠢᠯᠳᠤᠭᠤᠯᠪᠠ᠂ ᠡᠭᠦᠨ ᠳᠤ ᠰᠤᠷᠭᠠᠭᠴᠢ ᠮᠠᠨᠳᠤᠯ᠎ᠠ ᠠᠴᠠ ᠪᠠᠨᠽᠠᠷ ᠢ ᠲᠠᠭᠤᠳᠠᠵᠦ᠄ ︽ᠴᠢ ᠦᠯᠵᠡᠶᠢᠪᠠᠶᠠᠷ ᠢ ᠶᠠᠮᠠᠷ | ᠡᠷᠳᠡᠮ ᠢᠶᠠᠷ ᠬᠠᠶᠠᠨ᠎ᠠ ᠪᠤᠢ︖︾ ᠭᠡᠬᠦ ᠳᠤ ᠲᠡᠷᠡ᠄ ︽ ᠪᠢ ᠦᠯᠵᠡᠶᠢᠪᠠᠶᠠᠷ ᠢ ᠴᠤᠬᠢᠭ᠎ᠠ ᠡᠷᠳᠡᠮ ᠢᠶᠠᠷ ᠯᠡ | ᠬᠠᠶᠠᠨ᠎ᠠ᠂ ᠤᠨᠳᠤᠤ ᠡᠷᠳᠡᠮ ᠬᠢᠪᠠᠯ ᠤᠶᠢᠴᠢᠭᠰᠠᠨ ᠢᠶᠠᠷ ᠪᠤᠳᠤᠴᠢᠬᠠ︾ ᠭᠡᠰᠡᠨ ᠪᠠᠶᠢᠵᠠᠢ᠂ ᠢᠩᠭᠢᠭᠡᠳ | ᠲᠠᠭᠠᠭᠤᠯᠤᠭᠴᠢ ᠠᠴᠠ ᠲᠡᠷᠡ ᠬᠤᠶᠠᠷ ᠢ ᠵᠤᠷᠢᠭᠤᠳᠠ ᠲᠠᠭᠠᠷᠠᠭᠤᠯᠵᠠᠢ᠂ ᠪᠠᠨᠽᠠᠷ ᠴᠤ ᠠᠮᠠᠯᠠᠭᠰᠠᠨ ᠶᠤᠰᠤᠭᠠᠷ ︽ | ᠴᠤᠬᠢᠭ᠎ᠠ ᠡᠷᠳᠡᠮ︾ ᠢᠶᠠᠷ ᠢᠶᠠᠨ ᠬᠠᠶᠠᠭᠰᠠᠨ ᠭᠡᠳᠡᠭ᠃ ᠮᠦᠨ ᠨᠠᠶᠢᠷ ᠲᠤ ᠤᠯᠤᠰ ᠤᠨ ᠠᠪᠤᠷᠭᠤ ᠠᠪᠠᠭ᠎ᠠ ᠶᠢᠨ | ᠨᠡᠷᠡᠳᠦ ᠪᠦᠬᠡ ᠮᠦᠩᠬᠡᠪᠠᠭᠠᠳᠤᠷ ᠲᠠᠢ ᠲᠠᠭᠠᠷᠠᠵᠦ᠂ ᠮᠦᠩᠬᠡᠪᠠᠭᠠᠳᠤᠷ ᠪᠠᠨᠽᠠᠷ ᠢ ᠪᠦᠰᠡᠳᠡᠵᠦ ᠠᠪᠤᠭᠰᠠᠨ ᠢᠶᠠᠨ | ᠡᠷᠭᠢᠭᠡᠳ ᠴᠤᠬᠢᠬᠤ ᠳᠤ ᠭᠡᠳᠡᠰᠦ ᠶᠢ ᠨᠢ ᠲᠠᠷᠤᠭᠠᠳ ᠬᠡᠢ ᠲᠤᠩᠭᠤᠷᠤᠭᠠᠳ ᠡᠷᠡᠤ ᠶᠢ ᠨᠢ ᠲᠤᠬᠤ ᠪᠠᠷ ᠢᠶᠠᠨ | ᠡᠷᠭᠦᠭᠡᠳ ᠠᠷᠤ ᠵᠦᠭ ᠢᠶᠠᠨ ᠨᠤᠮᠤᠳᠠᠵᠦ ᠬᠠᠶᠠᠭᠰᠠᠨ ᠪᠠᠶᠢᠵᠠᠢ᠃ | 1987 ᠤᠨ ᠤ ᠤᠷᠤᠨ ᠪᠠᠶᠢᠭᠤᠯᠤᠭᠳᠠᠭᠰᠠᠨ ᠲᠦᠴᠢᠨ ᠵᠢᠯ ᠤᠨ ᠤᠢ ᠶᠢᠨ ᠶᠡᠭᠡ ᠨᠠᠶᠢᠷ ᠤᠨ ᠲᠤᠬᠤᠮ ᠤᠨ | ᠨᠠᠶᠢᠷ ᠲᠤ᠂ ᠲᠠᠩ ᠡᠷᠭᠢᠭᠡᠳ ᠬᠦᠯᠦᠨ ᠪᠤᠶᠢᠷ ᠤᠨ ᠬᠠᠯᠵᠢᠨ ᠢ ᠴᠤᠬᠢᠭ᠎ᠠ ᠡᠷᠳᠡᠮ ᠬᠢᠬᠦ ᠳᠤ ᠲᠡᠷᠡ ᠰᠤᠭᠤᠯᠠᠵᠦ | ᠲᠠᠷᠤᠭᠠᠳ ᠬᠠᠶᠠᠭᠰᠠᠨ ᠶᠤᠮ᠂ ᠡᠭᠦᠨ ᠢ ︽ᠠᠴᠢᠶ᠎ᠠ ᠰᠤᠭᠤᠯᠠᠬᠤ ᠡᠷᠳᠡᠮ︾ ᠭᠡᠨ᠎ᠡ᠃ | ᠲᠡᠭᠡᠷᠡᠬᠢ ᠪᠤᠯ ᠪᠠᠨᠽᠠᠷ ᠭᠤᠸᠠᠢ ᠶᠢᠨ ᠪᠦᠬᠡ ᠶᠢᠨ ᠡᠷᠳᠡᠮ ᠢᠶᠠᠨ ᠬᠢᠭᠰᠡᠨ ᠴᠦᠭᠡᠨ ᠬᠡᠳᠦᠨ ᠨᠠᠶᠢᠷ ᠤᠨ ᠵᠢᠱᠢᠶ᠎ᠠ | ᠲᠡᠳᠦᠢ ᠪᠤᠯᠬᠤ ᠶᠤᠮ᠂ ᠳᠡᠭᠡᠷ᠎ᠡ ᠵᠠᠭᠤᠨ ᠤ ᠨᠠᠶᠠᠭᠠᠳ ᠤᠨ ᠳᠤ ᠲᠡᠷᠡ ᠮᠠᠨᠢ ᠤᠯᠠᠨ ᠤᠳᠠᠭᠠᠨ ᠤ ᠨᠠᠶᠢᠷ ᠲᠤ | ᠤᠷᠤᠯᠴᠠᠨ ᠦᠵᠡᠭᠴᠢᠳ ᠤᠯᠠᠨ ᠢᠶᠠᠨ ᠪᠠᠶᠠᠰᠬᠠᠵᠦ ᠨᠠᠶᠢᠷᠴᠢᠨ ᠲᠦᠮᠡᠨ ᠤ ᠪᠠᠨ ᠶᠠᠷᠢᠶᠠᠨ ᠤ ᠲᠡᠭᠡᠵᠢ᠂ ᠪᠦᠭᠡ ᠶᠢᠨ | ᠵᠤᠭᠤᠭ ᠪᠤᠯᠵᠦ ᠶᠠᠪᠤᠭᠰᠠᠨ ᠶᠤᠮ᠃ ᠮᠢᠨᠤ ᠡᠨᠡ ᠤᠳᠠᠭᠠᠨ ᠤ ᠰᠤᠷᠪᠤᠯᠵᠢᠯᠠᠭ᠎ᠠ ᠶᠢᠨ ᠭᠤᠤᠯ ᠵᠤᠷᠢᠯᠭ᠎ᠠ ᠪᠤᠯ | ᠲᠡᠭᠦᠨ ᠤ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠠᠯ᠎ᠠ ᠪᠠᠷ ᠰᠢᠰᠲ᠋ᠧᠮ ᠲᠠᠢ ᠪᠢᠴᠢᠭᠯᠡᠬᠦ ᠪᠠᠷ ᠤᠷᠤᠯᠳᠤᠭᠰᠠᠨ | ᠤᠬᠠᠭᠠᠨ ᠲᠠᠢ ᠠᠴᠠ ᠪᠢᠰᠢ᠂ ᠠᠯᠳᠠᠷᠳᠤ ᠪᠦᠬᠡ ᠶᠢᠨ ᠢᠶᠠᠨ ᠲᠡᠷᠡ ᠤᠯᠠᠨ ᠨᠠᠶᠢᠷ ᠲᠤ ᠤᠷᠤᠯᠴᠠᠭᠰᠠᠨ ᠠᠮᠵᠢᠯᠳᠠ ᠶᠢ | ᠪᠦᠬᠦᠨ ᠢ ᠳᠡᠮᠳᠡᠭᠯᠡᠵᠦ ᠡᠰᠡ ᠴᠢᠳᠠᠭᠰᠠᠨ ᠢᠶᠠᠨ ᠤᠩᠰᠢᠭᠴᠢ ᠤᠯᠠᠨ᠎ᠠ ᠮᠡᠳᠡᠭᠳᠡᠵᠦ᠂ ᠪᠢᠴᠢᠭᠯᠡᠯ ᠲᠤᠷᠠᠳᠬᠠᠯ ᠢᠶᠠᠨ | ᠲᠡᠭᠦᠰᠭᠡᠶ᠎ᠡ︕ | |