ᠤᠷᠢᠶᠠᠩᠬᠠᠨ ᠤ᠂ ᠶᠤᠨᠳᠤᠨ | | ᠤᠯᠤᠰ ᠤᠨ ᠠᠪᠤᠷᠭᠤ — ᠦᠯᠵᠡᠶᠢᠪᠠᠭᠠᠳᠤᠷ ᠤᠨ ᠰᠤᠳᠨᠠᠮ | | | ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠬᠦᠷᠢᠶ᠎ᠡ ᠰᠦᠮ᠎ᠡ ᠶᠢᠨ ᠭᠡᠭᠡᠨ ᠭᠤᠷᠪᠠᠨ ᠬᠤᠷᠢᠨ ᠤ | ᠪᠦᠭᠡᠨᠡᠷ ᠬᠤᠷᠢᠨ ᠤ ᠪᠠᠶᠠᠨ ᠤᠪᠤᠭ᠎ᠠ — ᠤᠯᠠᠨ ᠬᠦᠭᠡᠪᠦᠷ ᠢᠶᠠᠷ ᠨᠤᠲᠤᠭ ᠲᠠᠢ ᠤᠷᠢᠶᠡᠩᠬᠠᠨ ᠤᠪᠤᠭᠳᠤ ᠪᠦᠭᠡᠨᠡᠷ | ᠠᠶᠢᠮᠠᠭ ᠤᠨ ᠦᠯᠵᠡᠶᠢᠪᠠᠭᠠᠳᠤᠷ ᠤᠨ ᠰᠤᠳᠨᠠᠮ ᠪᠤᠯ ᠭᠠᠯ ᠵᠠᠯᠠᠭᠤ ᠨᠠᠰᠤᠨ ᠳᠠᠭᠠᠨ ᠪᠦᠬᠡ ᠶᠢᠨ ᠲᠠᠪᠴᠠᠩ ᠳᠡᠭᠡᠷ᠎ᠡ | ᠤᠯᠤᠰ ᠤᠷᠤᠨ ᠳᠠᠭᠠᠨ ᠨᠡᠷ᠎ᠡ ᠪᠠᠨ ᠮᠠᠨᠳᠤᠭᠤᠯᠵᠦ ᠶᠠᠪᠤᠭᠰᠠᠨ ᠴᠤᠤᠳᠠᠢ ᠪᠦᠬᠡᠴᠢᠨ ᠶᠠᠪᠤᠵᠠᠢ᠃ ᠲᠡᠷᠡ 1932 | ᠤᠨ ᠤ ᠬᠠᠷ᠎ᠠ ᠪᠡᠴᠢᠨ ᠵᠢᠯ ᠪᠦᠭᠡᠨᠡᠷ ᠠᠶᠢᠮᠠᠭ ᠤᠨ ᠨᠢᠭᠡᠨ ᠨᠡᠯᠢᠶᠡᠳ ᠪᠠᠶᠠᠯᠢᠭ ᠠᠶᠢᠯ ᠪᠤᠯᠬᠤ ᠦᠯᠵᠡᠶᠢᠪᠠᠭᠠᠳᠤᠷ ᠤᠨ | ᠬᠤᠶᠠᠳᠤᠭᠠᠷ ᠬᠦᠪᠡᠭᠦᠨ ᠪᠤᠯᠤᠨ ᠵᠠᠶᠠᠭᠠᠵᠠᠢ᠃ ᠠᠷᠪᠠᠨ ᠬᠡᠳᠦᠳᠡᠢ ᠳᠡᠭᠡᠨ ᠬᠦᠷᠢᠶ᠎ᠡ ᠰᠦᠮ᠎ᠡ ᠳᠤ ᠯᠠᠮᠠ ᠪᠤᠯᠵᠦ | ᠱᠠᠪᠢᠯᠠᠭᠰᠠᠨ ᠢᠶᠠᠨ ᠴᠢᠯᠦᠭᠡᠯᠡᠭᠳᠡᠭᠰᠡᠨ ᠤ ᠲᠠᠷᠠᠭ᠎ᠠ ᠬᠠᠷ᠎ᠠ ᠪᠤᠯᠤᠭᠰᠠᠨ ᠶᠤᠮ᠃ 1956 ᠤᠨ ᠳᠤ ᠬᠦᠬᠡᠬᠤᠳᠠ ᠳᠤ | ᠤᠷᠤᠨ ᠤ ᠪᠡᠶ᠎ᠡ ᠲᠠᠮᠢᠷ ᠤᠨ ᠠᠩᠭᠢ ᠳᠤ ᠤᠷᠤᠯᠴᠠᠭᠰᠠᠨ ᠪᠦᠭᠡᠳ 1965 ᠤᠨ ᠳᠤ ᠭᠡᠷ ᠪᠦᠯᠢ ᠶᠢᠨ | ᠨᠦᠬᠦᠴᠡᠯ ᠠᠴᠠ ᠪᠤᠯᠵᠦ ᠠᠯᠳᠠᠠᠬᠢᠯᠢ ᠨᠢᠭᠡᠳᠦᠯ ᠤᠨ ᠪᠠᠳᠠᠷᠠᠬᠤ ᠪᠠᠷᠢᠭᠠᠳᠠ ᠳᠠᠭᠠᠨ ᠪᠤᠴᠠᠵᠦ ᠢᠷᠡᠭᠰᠡᠨ ᠶᠤᠮ᠃ | ᠠᠪᠤᠷᠭᠤ ᠰᠤᠳᠨᠠᠮ ᠢ ᠨᠤᠲᠤᠭ ᠤᠰᠤᠨ ᠤ ᠲᠡᠭᠦᠤ ᠨᠠᠷ ᠨᠢ ︽ᠦᠨᠳᠦᠷ ᠠᠮᠠ︾ ᠭᠡᠵᠦ ᠬᠦᠨᠳᠤᠯᠡᠨ | ᠳᠠᠭᠤᠳᠠᠳᠠᠭ ᠶᠤᠮ᠃ ᠲᠡᠷᠡ ᠬᠠᠷᠠᠬᠠᠨ ᠪᠠᠭ᠎ᠠ ᠠᠴᠠ ᠪᠠᠨ ᠪᠡᠶ᠎ᠡ ᠶᠢᠨ ᠲᠠᠮᠢᠷ ᠤᠨ ᠬᠦᠳᠡᠯᠭᠡᠭᠡᠨ ᠳᠤ ᠲᠤᠷ᠎ᠠ ᠪᠠᠬ᠎ᠠ | ᠲᠠᠢ ᠪᠠᠶᠢᠵᠦ᠂ ᠬᠤᠷᠢᠨ ᠬᠡᠳᠦᠨ ᠨᠠᠰᠤᠨ ᠠᠴᠠ ᠪᠠᠨ ᠪᠦᠬᠡ ᠪᠠᠷᠢᠯᠳᠤᠬᠤ᠂ ᠰᠠᠭᠰᠤᠨ ᠪᠦᠮᠪᠦᠭᠡ ᠨᠠᠭᠠᠳᠬᠤ᠂ ᠰᠢᠳᠠᠷ | ᠳᠠᠯᠪᠢᠬᠤ ᠵᠡᠷᠭᠡ ᠳᠤ ᠨᠡᠷ᠎ᠡ ᠭᠠᠷᠤᠭᠰᠠᠨ ᠶᠤᠮ᠃ ᠢᠯᠠᠩᠭᠤᠶ᠎ᠠ ᠮᠤᠩᠭᠤᠯ ᠪᠦᠬᠡ ᠪᠤᠶᠤ ᠲᠤᠮᠳᠠᠳᠤ ᠮᠠᠶ᠋ᠢᠭ ᠤᠨ | ᠪᠦᠬᠡ ᠶᠢᠨ ᠮᠡᠷᠭᠡᠵᠢᠯ ᠢ ᠡᠵᠡᠮᠰᠢᠭᠰᠡᠨ ᠢᠶᠠᠷ ᠤᠯᠤᠰ ᠤᠷᠤᠨ ᠠᠶᠢᠮᠠᠭ ᠲᠠᠭᠠᠨ ᠨᠡᠷ᠎ᠡ ᠭᠠᠷᠤᠭᠰᠠᠨ ᠠᠯᠳᠠᠷᠳᠤ ᠪᠦᠬᠡ | ᠪᠤᠯᠤᠭᠰᠠᠨ ᠶᠤᠮ᠃ ᠡᠭᠦᠨ ᠢᠶᠠᠷ ᠪᠠᠷᠠᠬᠤ ᠦᠭᠡᠢ ᠵᠢᠷᠠᠭᠠᠳ ᠤᠨ ᠪᠤᠯᠬᠤ ᠳᠤ ᠲᠤᠮᠳᠠᠳᠤ ᠮᠠᠶ᠋ᠢᠭ ᠤᠨ ᠪᠦᠭᠡ ᠶᠢᠨ | 17 ᠨᠡᠷ᠎ᠡ ᠤᠯᠤᠰ ᠤᠨ ᠠᠪᠤᠷᠭᠤ ᠶᠢᠨ ᠨᠢᠭᠡ ᠨᠢ ᠪᠤᠯᠤᠭᠰᠠᠨ ᠪᠠᠶᠢᠳᠠᠭ᠃ ᠲᠡᠭᠦᠨ ᠤ ᠪᠦᠬᠡ ᠶᠢᠨ ᠮᠡᠷᠭᠡᠵᠢᠯ ᠤᠨ | ᠤᠨᠴᠠᠯᠢᠭ ᠪᠤᠯ ᠪᠦᠬᠡ ᠶᠢᠨ ᠡᠷᠳᠡᠮ ᠬᠢᠬᠦ᠂ ᠡᠷᠳᠡᠮ ᠶᠡᠭᠦᠯᠡᠵᠦ ᠬᠠᠷᠢᠭᠤᠯᠬᠤ ᠪᠠ ᠪᠦᠬᠡ ᠲᠠᠭᠠᠷᠠᠭᠤᠯᠬᠤ ᠵᠡᠷᠭᠡ ᠳᠤ | ᠴᠠᠭᠠᠷᠠᠭᠰᠠᠨ ᠪᠠᠶᠢᠳᠠᠭ᠃ ᠡᠶᠢᠮᠦ ᠪᠠᠷ ᠵᠢᠷᠠᠭᠠᠳ ᠤᠨ ᠤ ᠡᠬᠢᠨ ᠳᠤ ᠱᠠᠨᠰᠢ ᠮᠤᠵᠢ ᠳᠤ ᠪᠦᠬᠡ ᠶᠢᠨ ᠪᠠᠭᠰᠢ ᠪᠠᠷ | ᠵᠠᠯᠠᠭᠳᠠᠵᠦ ᠶᠠᠪᠤᠭᠰᠠᠨ ᠲᠡᠤᠬᠡ ᠲᠠᠢ ᠶᠤᠮ᠃ | ᠰᠤᠶᠤᠯ ᠤᠨ ᠬᠤᠪᠢᠰᠬᠠᠯ ᠤᠨ ᠰᠠᠮᠠᠭᠤᠷᠠᠯ ᠤᠨ ᠦᠶ᠎ᠡ᠂ ᠶᠡᠭᠡ ᠪᠦᠬᠡ ᠮᠠᠨᠢ ︽ᠤᠯᠠᠭᠠᠨᠬᠦᠤ ᠶᠢᠨ ᠠᠪᠤᠷᠭᠤ | ᠪᠦᠬᠡᠴᠢᠨ︾᠂ ︽ᠪᠠᠶᠠᠨ ᠮᠠᠯᠴᠢᠨ︾ ᠭᠡᠵᠦ ᠴᠤᠬᠢᠭᠳᠠᠨ᠂ ᠬᠢᠯᠢᠰ ᠢᠶᠠᠷ ᠬᠠᠯᠠ ᠲᠠᠮᠤ ᠠᠮᠰᠠᠵᠦ ᠦᠩᠭᠡᠷᠡᠵᠠᠢ ᠃ | ᠲᠠᠯᠠᠭᠠᠳ ᠤᠨ ᠳᠤ ᠲᠦᠴᠢᠭᠡᠳ ᠨᠠᠰᠤᠨ ᠳᠠᠭᠠᠨ ᠬᠡᠳᠦ ᠤᠳᠠᠭᠠᠨ ᠤ ᠶᠡᠭᠡ ᠪᠠᠭ᠎ᠠ ᠨᠠᠶᠢᠷ ᠲᠤ ᠰᠠᠶᠢᠨ ᠪᠠᠷᠢᠯᠳᠤᠵᠦ | ᠶᠠᠪᠤᠭᠰᠠᠨ ᠶᠤᠮ᠃ ᠬᠤᠵᠢᠮ ᠨᠢ ᠠᠶᠢᠮᠠᠭ ᠪᠠ ᠦᠵᠦᠮᠦᠴᠢᠨ ᠬᠤᠶᠠᠷ ᠬᠤᠰᠢᠭᠤᠨ ᠳᠤ ᠨᠠᠶᠢᠷ ᠬᠢᠬᠦ ᠪᠦᠷᠢ ᠠᠪᠤᠷᠭᠤ | ᠰᠤᠳᠨᠠᠮ ᠢ ᠪᠦᠬᠡ ᠶᠢᠨ ᠪᠠᠭᠰᠢ ᠪᠠᠷ ᠵᠠᠯᠠᠳᠠᠭ ᠪᠠᠶᠢᠭᠰᠠᠨ᠂ ᠲᠡᠷᠡ ᠬᠦᠷᠦᠭᠰᠡᠨ ᠨᠠᠶᠢᠷ ᠲᠤ ᠦᠵᠦᠮᠦᠴᠢᠨ ᠪᠦᠬᠡᠴᠤᠳ | ᠲᠡᠷᠢᠭᠦᠨ ᠳᠡᠳ᠋ ᠢ ᠠᠯᠳᠠᠳᠠᠭ ᠦᠭᠡᠢ ᠪᠦᠭᠡᠳ ᠭᠠᠳᠠᠨ᠎ᠠ ᠶᠢᠨ ᠨᠡᠷ᠎ᠡ ᠴᠤᠤᠳᠠᠢ ᠪᠦᠬᠡᠴᠤᠳ ᠢ ᠤᠨᠴᠠᠯᠢᠭ ᠳᠤᠨᠢ | ᠲᠤᠬᠢᠷᠡᠭᠤᠯᠤᠨ ᠤᠶᠢᠴᠢᠭᠤᠯᠳᠠᠭ ᠪᠠᠶᠢᠵᠠᠢ᠃ | ᠠᠪᠤᠷᠭᠤ ᠰᠤᠳᠨᠠᠮ ᠪᠤᠯ ᠤᠯᠤᠰ ᠤᠨ ᠨᠡᠷ᠎ᠡ ᠠᠯᠳᠠᠷᠳᠤ ᠲᠠᠮᠢᠷᠴᠢᠨ ᠪᠦᠭᠡᠳ ᠨᠤᠲᠤᠭ ᠤᠷᠤᠨ ᠤ ᠪᠠᠶ᠎ᠡ | ᠲᠠᠮᠢᠷ ᠤᠨ ᠦᠢᠯᠡᠰ ᠤᠨ ᠵᠢᠳᠭᠦᠯᠳᠡᠨ ᠮᠦᠨ᠃ ᠲᠡᠷᠡ ᠦᠵᠦᠮᠦᠴᠢᠨ ᠪᠦᠭᠡ ᠶᠢᠨ ᠡᠷᠳᠡᠮ ᠮᠡᠷᠭᠡᠵᠢᠯ ᠢ | ᠤᠨᠤᠯᠵᠢᠭᠤᠯᠤᠨ ᠳᠡᠭᠡᠭᠰᠢᠯᠡᠭᠦᠯᠵᠦ᠂ ᠪᠠᠶᠠᠯᠢᠭᠵᠢᠭᠤᠯᠤᠨ ᠭᠦᠭᠵᠢᠭᠦᠯᠦᠭᠰᠡᠨ ᠶᠤᠮ᠃ ᠲᠡᠷᠡ ᠫᠡ᠊ ᠲᠡᠮᠦᠷ ᠤᠨ ᠬᠠᠮᠳᠤ | ︽ᠦᠵᠦᠮᠦᠴᠢᠨ ᠪᠦᠬᠡ︾ ᠭᠡᠬᠦ ᠨᠤᠮ ᠢ ᠨᠤᠤᠷᠬᠠᠯᠠᠨ ᠪᠢᠴᠢᠵᠦ᠂ ᠨᠤᠮ ᠳᠠᠭᠠᠨ ᠦᠵᠦᠮᠦᠴᠢᠨ ᠪᠦᠬᠡ ᠶᠢᠨ ᠭᠤᠷᠪᠠᠨ | ᠵᠠᠭᠤ ᠭᠠᠷᠤᠢ ᠰᠠᠭᠤᠷᠢ ᠡᠷᠳᠡᠮ ᠬᠢᠴᠡ ᠶᠢ ᠦᠭᠦᠯᠡᠭᠰᠡᠨ ᠨᠢ ᠬᠤᠪᠤᠷ ᠨᠠᠨᠳᠢᠨ ᠦᠪ ᠬᠦᠷᠦᠩᠭᠡ ᠪᠤᠯᠬᠤ ᠪᠦᠭᠡᠳ | ᠲᠡᠷᠡ ᠪᠠᠰᠠ ᠦᠵᠦᠮᠦᠴᠢᠨ ᠮᠤᠩᠭᠤᠯ ᠪᠦᠬᠡ ᠶᠢᠨ ᠰᠠᠭᠤᠷᠢ ᠡᠷᠳᠡᠮ ᠪᠠ ᠡᠷᠳᠡᠮ ᠶᠡᠭᠦᠯᠡᠬᠦ ᠠᠷᠭ᠎ᠠ ᠮᠡᠷᠭᠡᠵᠢᠯ ᠨᠢ | 550 ᠵᠦᠢᠯ ᠪᠠᠶᠢᠳᠠᠭ ᠭᠡᠵᠦ ᠰᠤᠳᠤᠯᠤᠭᠰᠠᠨ ᠢ ᠦᠨᠡᠯᠡᠭᠦᠰᠢᠳᠠᠢ ᠪᠠᠶᠢᠳᠠᠭ᠃ ᠲᠡᠷᠡ ᠮᠦᠷᠳᠡᠭᠡᠨ ᠪᠠᠰᠠ ᠮᠤᠩᠭᠤᠯ | ᠪᠦᠬᠡ ᠶᠢᠨ ᠲᠡᠤᠬᠡ ᠪᠠ ᠦᠵᠦᠮᠦᠴᠢᠨ ᠪᠦᠬᠡ ᠶᠢᠨ ᠡᠷᠳᠡᠮ ᠮᠡᠭᠡ ᠶᠢᠨ ᠲᠤᠬᠠᠢ ᠲᠤᠰᠬᠠᠢ ᠰᠤᠳᠤᠯᠭᠠᠨ ᠬᠢᠭᠰᠡᠨ ᠨᠢ | ᠮᠤᠩᠭᠤᠯ ᠪᠦᠬᠡ ᠶᠢ ᠰᠤᠳᠤᠯᠬᠤ ᠠᠩᠬᠠᠨ ᠤ ᠰᠠᠭᠤᠷᠢ ᠶᠢ ᠲᠠᠯᠪᠢᠵᠦ᠂ ᠪᠡᠶ᠎ᠡ ᠲᠠᠮᠢᠷ ᠪᠦᠬᠡ ᠶᠢᠨ ᠦᠢᠯᠡᠰ ᠲᠤ | ᠤᠶᠤᠨ ᠤᠬᠠᠭᠠᠨ ᠬᠦᠴᠦᠨ ᠴᠢᠳᠠᠯ ᠢᠶᠠᠨ ᠦᠵᠡᠭᠦᠯᠵᠦ ᠶᠠᠪᠤᠵᠠᠢ᠃ | ᠰᠤᠳᠨᠠᠮ ᠪᠤᠯ ᠨᠡᠷ᠎ᠡ ᠬᠦᠨᠳᠤᠳᠠᠢ ᠬᠦᠮᠦᠨ ᠪᠤᠯᠤᠭᠰᠠᠨ ᠤ ᠬᠤᠪᠢ ᠳᠤ᠂ 1981 ᠤᠨ ᠠᠴᠠ ᠨᠠᠰᠢ ᠵᠡᠭᠦᠨ | ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠰᠢᠯᠢ ᠶᠢᠨ ᠭᠤᠤᠯ ᠠᠶᠢᠮᠠᠭ ᠤᠨ | ᠤᠯᠤᠰ ᠲᠦᠷᠦ ᠶᠢᠨ ᠵᠦᠪᠯᠡᠯᠭᠡᠨ ᠤ ᠭᠡᠰᠢᠭᠦᠨ᠂ ᠵᠡᠭᠦᠨ ᠦᠵᠦᠮᠦᠴᠢᠨ ᠬᠤᠰᠢᠭᠤᠨ ᠤ ᠰᠤᠶᠤᠯ ᠲᠡᠤᠬᠡ ᠶᠢᠨ | ᠨᠡᠶᠢᠭᠡᠮᠯᠢᠭ ᠤᠨ ᠡᠷᠬᠢᠯᠡᠭᠴᠢ ᠭᠡᠰᠢᠭᠦᠨ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠬᠠᠷᠢᠭᠤᠴᠠᠵᠦ᠂ ᠨᠡᠶᠢᠭᠡᠮᠯᠢᠭ ᠢ | ᠡᠭᠦᠰᠭᠡᠨ ᠪᠠᠶᠢᠭᠤᠯᠤᠭᠴᠢ ᠶᠢᠨ ᠨᠢᠭᠡᠨ ᠪᠠᠶᠢᠵᠦ᠂ ᠦᠵᠦᠮᠦᠴᠢᠨ ᠤ ᠪᠠᠨ ᠰᠤᠶᠤᠯ ᠲᠡᠤᠬᠡ ᠶᠢᠨ ᠦᠢᠯᠡᠰ ᠲᠤ ᠤᠶᠤᠨ | ᠵᠢᠳᠭᠦᠯ ᠢᠶᠠᠨ ᠭᠠᠷᠭᠠᠭᠰᠠᠨ ᠢ ᠠᠳᠡ ᠲᠤᠷᠠᠳᠤᠭᠤᠰᠢᠳᠠᠢ ᠶᠤᠮ᠃ | ᠠᠪᠤᠷᠭᠤ ᠰᠤᠳᠨᠠᠮ ᠤᠨ ᠵᠠᠯᠠᠭᠤ ᠰᠠᠶᠢᠬᠠᠨ ᠨᠠᠰᠤᠨ ᠳᠠᠭᠠᠨ ᠬᠢᠯᠠᠷᠠᠭᠤᠯᠵᠦ ᠶᠠᠪᠤᠭᠰᠠᠨ ᠲᠡᠤᠬᠡ ᠠᠴᠠ | ᠲᠤᠪᠴᠢᠯᠠᠨ ᠳᠡᠮᠳᠡᠭᠯᠡᠶ᠎ᠡ᠄ | ᠤᠯᠤᠰ ᠤᠨ ᠲᠠᠰ ᠤᠨ ᠪᠠ ᠤᠷᠤᠨ ᠤ ᠲᠡᠰ ᠤᠨ ᠤᠷᠤᠯᠳᠤᠭᠠᠨ ᠳᠤ᠄ | 1956 ᠤᠨ ᠤ ᠪᠡᠭᠡᠵᠢᠩ ᠳᠤ ᠪᠤᠯᠤᠭᠰᠠᠨ ᠪᠦᠬᠦ ᠤᠯᠤᠰ ᠤᠨ ᠲᠤᠮᠳᠠᠳᠤ ᠮᠠᠶ᠋ᠢᠭ ᠤᠨ ᠪᠦᠬᠡ ᠶᠢᠨ ᠠᠪᠤᠷᠭᠤ | ᠰᠢᠯᠭᠠᠷᠠᠭᠤᠯᠬᠤ ᠠᠩᠬᠠᠳᠤᠭᠠᠷ ᠤᠷᠤᠯᠳᠤᠭᠠᠨ ᠳᠤ 87 ᠺᠢᠯᠦᠭᠷᠠᠮ ᠠᠴᠠ ᠳᠡᠭᠡᠭᠰᠢ ᠲᠠᠰ ᠤᠨ ᠪᠠᠷᠢᠯᠳᠤᠭᠠᠨ ᠳᠤ | ᠲᠡᠷᠢᠭᠦᠯᠡᠵᠦ᠂ ᠤᠯᠤᠰ ᠤᠨ ᠠᠪᠤᠷᠭᠤ ᠪᠤᠯᠵᠦ ᠠᠯᠳᠠᠨ ᠮᠧᠲ᠋ᠠᠯ ᠲᠤᠰᠴᠤ᠂ ᠨᠤᠲᠤᠭ ᠤᠷᠤᠨ ᠳᠠᠭᠠᠨ ᠠᠩᠬ᠎ᠠ | ᠤᠳᠠᠭᠠᠨ ᠤ ᠢᠷᠠᠭᠤ ᠠᠯᠳᠠᠷ ᠢ ᠡᠭᠦᠳᠦᠭᠰᠡᠨ ᠶᠤᠮ᠃ ᠲᠤᠰ ᠤᠷᠤᠯᠳᠤᠭᠠᠨ ᠳᠤ ᠬᠠᠮᠳᠤ ᠶᠠᠪᠤᠭᠰᠠᠨ ᠨᠢᠭᠡ ᠨᠤᠲᠤᠭ | ᠲᠠᠢ᠂ ᠨᠡᠷ᠎ᠡ ᠠᠯᠳᠠᠷᠳᠤ ᠬᠦᠮᠦᠨ ᠪᠦᠭᠡᠳ ᠤᠷᠢᠶᠠᠩᠬᠠᠨ ᠤᠪᠤᠭᠳᠤ ᠬᠡᠤᠬᠡᠨ ᠤ ᠡᠷᠬᠢᠮᠪᠠᠳᠤ 87 ᠺᠢᠯᠦᠭᠷᠠᠮ ᠠᠴᠠ | ᠳᠡᠭᠡᠭᠰᠢ ᠳᠡᠳ᠋ ᠬᠦᠨᠳᠤ ᠲᠠᠰ ᠳᠤ ᠲᠦᠷᠪᠡ ᠳᠤ ᠤᠷᠤᠵᠦ᠂ ᠤᠯᠤᠰ ᠤᠨ ᠨᠢᠭᠡᠳᠦᠭᠡᠷ ᠲᠡᠰ ᠤᠨ ᠰᠢᠯᠢᠳᠡᠭ ᠲᠠᠮᠢᠷᠴᠢᠨ | ᠴᠤᠯᠠ ᠤᠯᠤᠭᠰᠠᠨ ᠢ ᠲᠠᠭᠠᠯᠳᠤᠭᠤᠯᠤᠨ ᠳᠡᠮᠳᠡᠭᠯᠡᠪᠡ᠃ | 1956 ᠤᠨ ᠤ 6 ᠰᠠᠷ᠎ᠠ ᠳᠤ᠂ ᠬᠦᠬᠡᠬᠤᠳᠠ ᠳᠤ ᠬᠢᠭᠰᠡᠨ ᠤᠷᠤᠨ ᠤ ᠮᠤᠩᠭᠤᠯ ᠪᠦᠭᠡ ᠵᠢᠨᠰᠢᠯᠢᠳᠡᠭ 64 | ᠪᠦᠬᠡ ᠪᠠᠷᠢᠯᠳᠤᠭᠤᠯᠤᠭᠰᠠᠨ ᠤᠷᠤᠯᠳᠤᠭᠠᠨ ᠳᠤ᠂ ᠦ᠊᠂ ᠰᠤᠳᠨᠠᠮ ᠠᠪᠤᠷᠭᠤᠯᠠᠵᠦ᠂ ᠠᠯᠳᠠᠨ ᠮᠧᠲ᠋ᠠᠯ ᠢᠶᠠᠷ | ᠱᠠᠩᠨᠠᠭᠳᠠᠨ᠂ ᠰᠢᠯᠤᠭᠤᠨ ᠴᠠᠭᠠᠨ ᠬᠤᠰᠢᠭᠤᠨ ᠤ ᠠᠭᠸᠠᠨᠳᠠᠮᠪᠠ ᠳᠡᠳ᠋ᠯᠡᠪᠡ᠃ | ᠭᠤᠷᠪᠠᠨ ᠲᠠᠰ ᠬᠤᠪᠢᠶᠠᠨ ᠪᠠᠷᠢᠯᠳᠤᠭᠰᠠᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠤᠮᠳᠠ ᠲᠠᠰ ᠤᠨ | ᠪᠠᠷᠢᠯᠳᠤᠭᠠᠨ ᠳᠤ ᠪᠦᠮᠪᠦᠭᠡ ᠢᠳᠡᠮ ᠲᠡᠷᠢᠭᠦᠯᠡᠵᠦ᠂ ᠦᠯᠵᠡᠶᠢᠪᠠᠭᠠᠳᠤᠷ ᠤᠨ ᠰᠤᠳᠨᠠᠮ ᠳᠡᠳ᠋ᠯᠡᠭᠰᠡᠨ ᠶᠤᠮ᠃ 1960 | ᠤᠨ ᠤ 6 ᠰᠠᠷ᠎ᠠ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠰᠤᠷᠭᠠᠨ ᠬᠦᠮᠦᠵᠢᠯ ᠤᠨ ᠠᠷᠠᠳ ᠤᠨ | ᠪᠠᠭᠠᠳᠤᠷᠴᠤᠳ ᠤᠨ ᠬᠤᠷᠠᠯ ᠳᠤ ᠰᠤᠩᠭᠤᠬᠳᠠᠨ ᠤᠷᠤᠯᠴᠠᠵᠦ᠂ ᠠᠯᠳᠠᠨ ᠮᠧᠲ᠋ᠠᠯ ᠢᠷᠠᠭᠤ ᠠᠯᠳᠠᠷ ᠤᠨ ᠦᠨᠡᠮᠯᠡᠯ ᠢᠶᠠᠷ | ᠬᠦᠬᠢᠭᠦᠯᠦᠭᠳᠡᠨ ᠱᠠᠩᠨᠠᠭᠳᠠᠭᠰᠠᠨ ᠢ ᠤᠨᠴᠤᠭᠤᠶᠢᠯᠠᠨ ᠳᠡᠮᠳᠡᠭᠯᠡᠯᠠ᠃ | 1963 ᠤᠨ ᠤ ᠵᠤᠨ᠂ ᠵᠡᠭᠦᠨ ᠦᠵᠦᠮᠦᠴᠢᠨ ᠬᠤᠰᠢᠭᠤ ᠠᠷᠠᠳ ᠤᠨ ᠶᠡᠭᠡ ᠨᠠᠶᠢᠷ ᠢᠶᠠᠨ ᠬᠢᠵᠦ᠂ 512 | ᠪᠦᠬᠡ ᠶᠢᠨ ᠲᠡᠮᠡᠴᠡᠭᠡᠨ ᠳᠤ ᠰᠤᠳᠨᠠᠮ ᠭᠤᠸᠠᠢ ᠳᠡᠭᠡᠷ᠎ᠡ ᠨᠠᠢᠮᠠ ᠳᠤ ᠤᠷᠤᠭᠰᠠᠨ ᠪᠢᠯᠡ᠃ | 1972 ᠤᠨ ᠤ 7 ᠰᠠᠷ᠎ᠠ ᠳᠤ ᠪᠤᠯᠤᠭᠰᠠᠨ ᠠᠯᠳᠠᠨᠬᠢᠯᠢ ᠨᠢᠭᠡᠳᠦᠯ ᠤᠨ ᠬᠤᠶᠠᠳᠤᠭᠠᠷ ᠤᠳᠠᠭᠠᠨ ᠤ | ᠠᠷᠠᠳ ᠤᠨ ᠶᠡᠭᠡ ᠨᠠᠶᠢᠷ ᠬᠢᠵᠦ᠂ 128 ᠨᠡᠷ᠎ᠡ ᠪᠦᠬᠡ ᠪᠠᠷᠢᠯᠳᠤᠭᠤᠯᠤᠭᠠᠳ᠂ ᠲᠦᠴᠢᠨ ᠨᠠᠰᠤᠳᠠᠢ ᠠᠪᠤᠷᠭᠤ | ᠰᠤᠳᠨᠠᠮ ᠲᠡᠷᠢᠭᠦᠯᠡᠵᠦ᠂ ᠪᠠᠶᠠᠨᠬᠠᠩᠭᠠᠢ ᠪᠠᠷᠢᠭᠠᠳᠠ ᠶᠢᠨ ᠦᠨᠳᠦᠷ ᠳᠠᠪᠬᠠᠢ ᠳᠡᠳ᠋ᠯᠡᠪᠡ᠃ ᠮᠦᠨ ᠵᠢᠯ ᠤᠨ ᠨᠠᠢᠮᠠᠨ | ᠰᠠᠷ᠎ᠠ ᠳᠤ ᠰᠢᠯᠤᠭᠤᠨ ᠬᠦᠬᠡ ᠬᠤᠰᠢᠭᠤ ᠶᠡᠭᠡ ᠨᠠᠶᠢᠷ ᠬᠢᠵᠦ᠂ 512 ᠪᠦᠬᠡ ᠪᠠᠷᠢᠯᠳᠤᠭᠤᠯᠤᠭᠰᠠᠨ ᠳᠤ ᠰᠤᠳᠨᠠᠮ | ᠭᠤᠸᠠᠢ ᠳᠡᠭᠡᠷ᠎ᠡ ᠨᠡᠢᠮᠠ ᠳᠤ ᠤᠷᠤᠵᠠᠢ᠃ | 1973 ᠤᠨ ᠤ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠢᠶᠠᠨ ᠬᠢᠵᠦ᠂ 512 | ᠪᠦᠬᠡ ᠪᠠᠷᠢᠯᠳᠤᠭᠤᠯᠤᠭᠰᠠᠨ ᠳᠤ ᠲᠡᠷᠡ ᠴᠤ᠋ ᠵᠢᠷᠭᠠᠯ ᠳᠤ ᠪᠠᠭᠤᠵᠦ ᠦᠭᠭᠦᠭᠡᠳ ᠳᠡᠭᠡᠷ᠎ᠡ ᠨᠡᠢᠮᠠ ᠳᠤ ᠤᠷᠤᠭᠰᠠᠨ | ᠪᠠᠶᠢᠨ᠎ᠠ᠃ |