ᠦᠵᠦᠮᠦᠴᠢᠨ ᠶᠡᠭᠡ ᠨᠡᠭᠦᠳᠡᠯ
ᠨᠡᠶᠢᠲᠡᠯᠡᠭᠰᠡᠨ ᠴᠠᠭ᠄
2017/4/25
ᠭᠤ ᠳᠠᠪᠬᠠᠢ                         ᠦᠵᠦᠮᠦᠴᠢᠨ ᠶᠡᠭᠡ ᠨᠡᠭᠦᠳᠡᠯ            ᠠᠭᠤᠯᠭ᠎ᠠ ᠶᠢᠨ ᠳᠣᠪᠴᠢ  ᠄  ᠳᠣᠰ ᠦᠭᠦᠯᠡᠯ ᠤᠨ ᠭᠤᠣᠯ ᠠᠭᠤᠯᠭ᠎ᠠ ᠨᠢ ᠭᠡᠪᠡᠯ ᠥᠪᠡᠷ ᠢ ᠢᠶᠠᠨ ︽ᠣᠢ ᠎ ᠶᠢᠨ ᠢᠷᠡᠭᠡᠳ︾᠎ ᠠᠴᠠ ᠭᠠᠷᠣᠯ ᠲᠠᠢ ᠭᠡᠵᠤ ᠦᠵᠡᠳᠡᠭ᠃ ᠦᠵᠮᠦᠴᠢᠨ ᠠᠶᠢᠮᠠᠭ ᠤᠨ ᠬᠢᠨ ᠳᠡᠭᠡᠷ᠎ᠡ ᠦᠶ᠎ᠡ ᠳᠡᠭᠡᠨ ᠪᠣᠯ ᠪᠠᠷᠤᠭ ᠪᠠᠶᠢᠭᠠᠯ ᠨᠠᠭᠤᠷ᠂ ᠳᠠᠩᠨᠣ᠂ ᠠᠯᠳᠠᠢ ᠬᠠᠩᠭᠠᠢ ᠪᠠᠷ ᠳᠠᠮᠵᠢᠨ᠂ ᠲᠡᠣᠬᠡᠳᠣ ᠴᠢᠨᠠᠷ ᠲᠠᠢ ︽ᠶᠡᠭᠡ ᠨᠡᠭᠦᠳᠡᠯ  ︾ ᠬᠢᠵᠤ ᠢᠷᠡᠭᠰᠡᠨ ᠭᠡᠵᠤ ᠦᠵᠡᠭᠰᠡᠨ ᠪᠠ ᠣᠳᠣᠷ ᠨᠡᠭᠦᠳᠡᠯ ᠢᠶᠠᠷ ᠢᠶᠠᠨ ᠳᠡᠭᠵᠢᠷᠡᠵᠤ᠂ ᠨᠡᠭᠦᠳᠡᠯ ᠠᠶᠠᠯᠠᠯ ᠤᠨ ᠳᠣᠮᠳᠠ ᠪᠠᠨ ᠣᠪᠣᠭ ᠣᠭᠰᠠᠭ᠎ᠠ ᠪᠠᠨ ᠥᠷᠭᠡᠳᠬᠡᠨ ᠴᠢᠳᠠᠭᠰᠠᠨ ᠭᠡᠵᠦ ᠦᠵᠡᠭᠰᠡᠨ ᠪᠠᠶᠢᠨ᠎ᠠ᠃ ᠡᠶᠢᠨᠬᠦ ᠬᠡᠴᠢᠨᠡᠨ ᠣᠳᠠᠭᠠᠨ ᠤ ᠨᠠᠰᠢ ᠴᠠᠰᠢ ᠶᠢᠨ ᠨᠡᠭᠦᠳᠡᠯ ᠪᠣᠶᠣ ᠠᠶᠠᠯᠠᠯ ᠎ ᠪᠠᠷ  ᠳᠠᠮᠵᠢᠨ ᠰᠡᠭᠦᠯᠡᠷ ᠨᠢ ᠰᠠᠶ᠋ᠢ ᠣᠳᠣ ᠶᠢᠨ ᠨᠣᠳᠤᠭ ᠎ ᠳᠠᠭᠠᠨ ᠬᠥᠯ ᠳᠣᠭᠳᠠᠨᠢᠭᠰᠠᠨ ᠭᠡᠵᠤ ᠦᠵᠡᠭᠰᠡᠨ ᠪᠠᠶᠢᠨ᠎ᠠ᠃  ︽ᠦᠵᠦᠮᠦᠴᠢᠨ︾᠎ ᠨᠢ ᠴᠣᠬᠤᠮ ᠠᠯᠢ ᠦᠶ᠎ᠡ ᠠᠴᠠ ᠡᠬᠢᠯᠡᠭᠰᠡᠨ ᠭᠡᠳᠡᠭ ᠨᠢ ᠲᠣᠳᠣ ᠦᠭᠡᠢ ᠪᠣᠯᠪᠠᠴᠦ  ︽ ᠦᠵᠦᠮᠦᠴᠢᠨ︾ ᠬᠡᠮᠡᠬᠦ ᠨᠡᠷᠡᠶᠢᠳᠣᠯ ᠢᠶᠠᠨ  ᠰᠡᠷᠭᠦᠭᠡᠭᠰᠡᠨ ᠠᠴᠠ ᠨᠠᠭᠠᠰᠢ  ᠦᠵᠦᠮᠦᠴᠢᠨ ᠠᠶᠢᠮᠠᠭ  ᠎ ᠨᠢ ᠰᠡᠷᠭᠦᠨ ᠮᠠᠠᠳᠠᠯᠳᠠ ᠶᠢᠨ ᠱᠠᠳᠣᠨ ᠳᠠᠭᠠᠨ ᠰᠢᠯᠵᠢᠭᠰᠡᠨ ᠪᠦᠭᠡᠳ  ᠲᠡᠣᠬᠡᠨ ᠣᠯᠠ ᠮᠥᠷ ᠠᠴᠠ ᠪᠠᠷᠣᠭᠯᠠᠪᠠᠯ ︽ᠶᠡᠭᠡ ᠨᠡᠭᠦᠳᠡᠯ︾᠎ ᠢ ᠠᠳᠠᠭ ᠳᠠᠭᠠᠨ ᠳᠠᠪᠤ ᠠᠴᠠ ᠳᠡᠭᠡᠭᠰᠢᠬᠢ ᠣᠳᠠᠭ᠎ᠠ ᠬᠢᠭᠰᠡᠨ ᠪᠣᠯᠣᠯᠳᠠᠢ ᠭᠡᠬᠦ ᠮᠡᠳᠣ ᠪᠠᠷ ᠦᠭᠦᠯᠡᠭᠰᠡᠨ ᠪᠠᠶᠢᠨ᠎ᠠ  ᠃      ᠵᠠᠩᠭᠢᠯᠭ᠎ᠠ ᠶᠢᠨ ᠦᠭᠡᠰ  ᠄  ᠦᠵᠦᠮᠦᠴᠢᠨ ᠠᠶᠢᠮᠠᠭ  ᠃  ᠲᠡᠣᠬᠡᠨ‌ᠨᠡᠭᠦᠳᠡᠯ ᠤᠨ ᠣᠯᠠ ᠮᠥᠷ ᠪᠠ ᠰᠦᠪᠡᠭᠴᠢᠯᠡᠯᠲᠡ  ᠃      ᠦᠵᠦᠮᠦᠴᠢᠨ ᠤ ᠠᠮᠠᠨ ᠣᠯᠠᠮᠵᠢᠯᠠᠯᠲᠦ ᠲᠡᠣᠬᠡᠨ ᠳᠤ ︽ᠮᠠᠨ ᠤ ᠬᠢᠨ ᠤ ᠳᠡᠭᠡᠳᠣᠰ ᠠᠯᠲᠠᠢ ᠬᠠᠩᠭᠠᠢ ᠠᠴᠠ ᠨᠡᠭᠦᠵᠦ ᠢᠷᠡᠭᠰᠡᠨ  ᠁︾ ᠭᠡᠳᠡᠭ᠃ ᠵᠠᠷᠢᠮ ᠲᠡᠣᠬᠡᠨ ᠲᠡᠮᠳᠡᠭᠯᠡᠯ ᠠᠴᠠ ᠠᠩᠬᠠᠷᠠᠪᠠᠯ ᠦᠵᠦᠮᠦᠴᠢᠨ ᠠᠶᠢᠮᠠᠭ ᠨᠢ ᠠᠯᠢ ᠡᠷᠲᠡᠨ ᠤ ᠨᠢᠭᠡᠨ ᠵᠢᠵᠢᠭ  ︽ᠠᠶᠢᠮᠠᠭ ᠪᠦᠯᠦᠭ  ︾ ᠪᠠᠶᠢᠭᠰᠠᠨ ᠮᠠᠭᠠᠳ ᠦᠭᠡᠢ ᠪᠦᠭᠡᠳ ᠢᠯᠠᠩᠭᠤᠶ᠎ᠠ ᠮᠣᠩᠭᠤᠯ  ᠎ ᠤᠨ ᠲᠥᠷᠦ  ᠭᠦᠷᠦᠨ ᠳᠤ ᠬᠦᠴᠣ  ᠴᠢᠳᠠᠯ ᠢᠶᠠᠨ ᠡᠷᠭᠦᠵᠦ ᠶᠠᠪᠣᠭᠰᠠᠨ ᠪᠠ ᠴᠢᠩᠭᠢᠰ ᠤᠨ ᠬᠦᠪᠡᠭᠦᠳ ᠎ ᠤᠨ ᠬᠠᠷᠢᠶᠠᠨ ᠳᠤ ᠣᠷᠣᠭᠰᠠᠨ ︽ᠣᠢ ᠶᠢᠨ ᠢᠷᠭᠡᠨ ︵ᠣᠶᠢᠷᠠᠳ︶︾ ᠪᠠᠶᠢᠭᠰᠠᠨ ᠭᠡᠳᠡᠭ  ᠰᠣᠳᠣᠯᠯᠤᠭ᠎ᠠ ᠲᠠᠢ ᠶᠤᠮ᠃ ᠭᠡᠪᠡᠴᠣ ᠶᠡᠭᠡ ᠮᠣᠩᠭᠤᠯ ᠤᠨ ᠲᠥᠷᠦ ᠳᠣᠭᠳᠠᠨᠢᠬᠤ ᠶᠢᠨ ᠡᠮᠦᠨ᠎ᠡ ᠬᠤᠶᠢᠨ᠎ᠡ ︽ᠣᠢ ᠶᠢᠨ ᠢᠷᠭᠡᠨ︾ ᠪᠣᠶᠣ ᠭᠢᠷᠭᠢᠰ ᠲᠦᠮᠡᠨ ᠤ ᠬᠦᠷᠢᠶᠡᠨ ᠳᠤ ᠪᠠᠶᠢᠭᠰᠠᠨ ᠠᠴᠠ ᠪᠣᠯᠵᠤ ︽ᠪᠠᠷᠠᠭᠤᠨ ᠲᠦᠮᠡᠨ︾  ᠎ ᠳᠤ ᠪᠠᠶᠢᠭᠰᠠᠨ ᠪᠣᠯᠵᠣᠰᠢ ᠦᠭᠡᠢ ᠭᠡᠵᠤ ᠬᠦᠮᠦᠰ ᠶᠠᠷᠢᠳᠠᠭ ᠶᠤᠮ᠃  ᠮᠥᠷᠳᠡᠯ ᠠᠴᠠ ᠦᠵᠡᠪᠡᠯ  ᠲᠡᠣᠬᠡᠨ ᠳᠡᠭᠡᠷ᠎ᠡ ᠮᠠᠰᠢ ᠣᠯᠠᠨ ᠣᠳᠠᠭᠠᠨ ᠤ ︽ᠶᠡᠭᠡ ᠨᠡᠭᠦᠳᠡᠯ︾᠎ ᠢ ᠬᠥᠭᠡᠭᠡᠵᠤ᠂  ᠲᠦᠮᠡᠨ᠂ ᠣᠳᠤᠭ᠂ ᠳᠡᠳ᠋ ᠮᠢᠩᠭᠠᠨ ᠪᠠ ᠬᠤᠰᠢᠭᠤ ᠵᠠᠬᠢᠷᠭᠠᠨ ᠢᠶᠠᠷ ᠳᠠᠪᠰᠢᠵᠤ ᠶᠠᠪᠣᠭᠰᠠᠨ ᠪᠣᠯᠣᠯᠲᠠᠢ ᠭᠡᠵᠤ ᠪᠣᠳᠣᠭᠳᠠᠨ᠎ᠠ᠃  ᠡᠨᠡ ᠳᠣᠬᠠᠢ ᠳᠣᠣᠷᠠᠬᠢ ᠮᠡᠲᠦ ᠬᠡᠳᠣᠨ ᠲᠠᠯ᠎ᠠ ᠪᠠᠷ ᠳᠣᠪᠴᠢᠯᠠᠨ ᠦᠭᠦᠯᠦᠰᠦᠭᠡᠢ᠃                                           ᠨᠢᠭᠡ᠂ ᠵᠦᠴᠢ ᠲᠣᠯᠢ ᠶᠢᠨ ᠦᠵᠦᠮᠦᠴᠢᠨ      ᠦᠵᠦᠮᠦᠴᠢᠨ ᠪᠠᠷᠤᠭ ︽ᠣᠶᠢᠷᠠᠳ︾᠎ ᠠᠴᠠ ᠣᠯᠪᠠᠭ᠎ᠠ ᠲᠠᠢ ᠠᠶᠢᠮᠠᠭ ᠭᠡᠵᠤ ᠮᠠᠨ ᠤ ᠠᠬᠠᠮᠠᠳ ᠦᠵᠡᠳᠡᠭ ᠶᠤᠮ᠃ ᠡᠨᠡᠬᠦ ᠦᠵᠡᠯᠲᠡ ᠶᠢᠨ ᠭᠤᠣᠯ ᠢᠷᠡᠯᠳᠡ ᠭᠡᠪᠡᠯ ︽ᠮᠣᠩᠭᠤᠯ ᠤᠨ ᠨᠢᠭᠤᠴᠠ ᠳᠣᠪᠴᠢᠶᠠᠨ︾①᠎ ᠳᠤ ︽ ᠁ 1207 ᠣᠨ ᠳᠤ ᠵᠦᠴᠢ ᠪᠠᠷᠠᠭᠤᠨ ᠣᠶᠢᠷᠠᠳ ᠢ ᠣᠷᠣᠭᠤᠯᠣᠨ ᠠᠪᠣᠪᠠ᠃ ᠲᠡᠭᠦᠨ ᠳᠤ ᠲᠠᠩᠨᠣ ᠣᠷᠢᠶᠠᠩᠬᠠᠢ ᠳᠤ ᠨᠣᠳᠣᠭᠯᠠᠵᠤ ᠪᠠᠶᠢᠭᠰᠠᠨ ᠭᠢᠷᠭᠢᠰᠴᠣᠳ ᠤᠨ ᠨᠣᠶᠠᠳ ᠶᠢᠳᠢ ᠢᠨᠠᠯ ᠪᠠᠰᠠ ᠴᠠᠭᠠᠨ ᠰᠢᠩᠬᠤᠳ᠂ ᠴᠠᠭᠠᠨ ᠠᠭᠳᠠᠰ᠂ ᠬᠠᠷ᠎ᠠ ᠪᠣᠯᠭᠠᠨ ᠠᠷᠠᠰᠣ ᠠᠪᠴᠣ ᠢᠷᠡᠨ ᠰᠠᠶᠢᠨ ᠳᠣᠷ᠎ᠠ ᠠᠴᠠ ᠪᠠᠨ ᠵᠦᠴᠢ ᠳᠤ ᠪᠠᠭᠤᠨ ᠥᠭᠴᠣ  ᠁︾  ᠬᠡᠮᠡᠭᠰᠡᠨ ᠳᠡᠮᠳᠡᠭᠯᠡᠯ ᠪᠠᠶᠢᠳᠠᠭ ᠪᠣᠯᠬᠤᠷ ᠦᠵᠦᠮᠦᠴᠢᠨ ᠤ ᠣᠷᠢᠶᠠᠩᠬᠠᠢ ᠨᠠᠷ ᠪᠣᠯ ᠲᠡᠭᠦᠨ ᠳᠤ ᠪᠠᠭᠳᠠᠵᠤ ᠪᠠᠶᠢᠭᠰᠠᠨ ᠪᠣᠯᠵᠣᠰᠢ ᠦᠭᠡᠢ ᠭᠡᠵᠤ ᠡᠷᠳᠡᠮᠲᠡᠳ ᠶᠠᠷᠢᠵᠠᠭᠠᠳᠠᠭ ᠪᠠ ᠴᠢᠩᠭᠢᠰ ᠬᠠᠭᠠᠨ ᠳᠡᠭᠡᠭᠡᠳ ︽ᠬᠤᠳᠤᠭ᠎ᠠ ᠪᠠᠬᠢ ᠶᠢ ᠣᠷᠢᠳᠠᠪᠡᠷ ᠪᠠᠭᠤᠨ ᠥᠭᠴᠣ ᠲᠦᠮᠡᠨ ᠣᠶᠢᠷᠠᠳ ᠢ ᠳᠠᠭᠠᠭᠤᠯᠣᠨ ᠢᠷᠡᠭᠰᠡᠨ ᠭᠡᠵᠤ ᠰᠣᠶᠣᠷᠬᠠᠨ᠂ ᠢᠨᠠᠯᠴᠢ  ᠎ ᠳᠤ ᠴᠡᠴᠡᠶᠢᠬᠡᠨ ᠭᠦᠩᠵᠣ ᠶᠢ ᠥᠭᠴᠣ᠂ ᠢᠨᠠᠯᠴᠢ ᠶᠢᠨ ᠠᠬ᠎ᠠ ᠳᠤ ᠵᠦᠴᠢ ᠶᠢᠨ ᠣᠬᠢᠨ ᠬᠤᠯᠣᠶᠢᠬᠠᠨ ᠢ ᠥᠭᠭᠦᠪᠡ᠃︾ ᠭᠡᠰᠡᠨ ᠪᠠᠶᠢᠳᠠᠭ᠃ ᠮᠥᠨᠴᠣ ︽ ᠁ ᠡᠭᠦᠨ ᠠᠴᠠ ᠡᠬᠢᠯᠡᠨ ᠣᠶᠢᠷᠠᠳ ᠨᠢ ᠴᠢᠩᠭᠢᠰ ᠬᠠᠭᠠᠨ ᠤ ᠠᠯᠳᠠᠨ ᠣᠷᠣᠭᠳᠠᠨ ᠪᠣᠯᠵᠣ᠂ 16 ᠳ᠋ᠣᠭᠠᠷ ᠵᠠᠭᠤᠨ ᠪᠣᠯᠳᠠᠯ᠎ᠠ ᠦᠷᠭᠦᠯᠵᠢᠯᠡᠭᠰᠡᠨ ᠪᠢᠯᠡ᠃︾  ᠭᠡᠰᠡᠨ ᠰᠣᠳᠣᠯᠭᠠᠨ ᠴᠦ ᠪᠠᠶᠢᠳᠠᠭ  ᠶᠤᠮ᠃      ᠰᠡᠭᠦᠯᠡᠷ ᠨᠢ ᠨᠣᠳᠤᠭ ᠣᠰᠣᠨ ᠤ ᠬᠤᠪᠢᠶᠠᠷᠯᠠᠯ ᠠᠴᠠ ᠪᠣᠯᠵᠤ ᠳᠡᠳᠡᠭᠡᠷ ᠠᠶᠢᠮᠠᠭ ᠪᠦᠯᠦᠭ ᠤᠳ ᠨᠢ ᠴᠢᠩᠭᠢᠰ ᠎ ᠤᠨ ᠳᠥᠷᠪᠡᠳᠣᠭᠡᠷ ᠬᠦᠪᠡᠭᠦᠨ ᠳᠣᠯᠣᠢ ᠶᠢᠨ ᠬᠠᠷᠢᠶᠠᠨ ᠳᠤ ᠣᠷᠣᠭᠰᠠᠨ ᠭᠡᠳᠡᠭ ᠦᠨᠳᠦᠰᠦᠯᠡᠯ ᠴᠦ ᠪᠠᠶᠢᠳᠠᠭ ᠶᠤᠮ᠃ ᠳᠠᠬᠢᠭᠠᠳ ᠬᠡᠯᠡᠪᠡᠯ ︽ᠴᠢᠩᠭᠢᠰ ᠬᠠᠭᠠᠨ᠂ ᠪᠠᠭ᠎ᠠ ᠬᠦᠣ ᠳᠣᠯᠣᠢ ᠳᠠᠭᠠᠨ ᠥᠪᠡᠷ ᠤᠨ ᠭᠤᠣᠯ ᠣᠷᠳᠣᠨ ᠁ ᠭᠡᠷ ᠤᠨ ᠬᠤᠭᠰᠢᠯ᠂ ᠭᠤᠣᠯ ᠨᠣᠳᠤᠭ ᠁︾᠎ ᠢᠶᠠᠨ ᠥᠭᠴᠣ ᠵᠠᠬᠢᠷᠠᠭᠤᠯᠣᠭᠰᠠᠨ ᠭᠡᠳᠡᠭ ᠡᠰᠢ ᠪᠠᠷᠢᠮᠲᠡ ᠪᠣᠢ ᠪᠦᠭᠡᠳ ᠲᠡᠷᠡᠬᠦ ︽ᠭᠤᠣᠯ ᠨᠣᠳᠤᠭ︾ ᠭᠡᠳᠡᠭ ᠨᠢ ︽ᠠᠯᠳᠠᠢ᠂ ᠬᠠᠩᠭᠠᠢ ᠶᠢᠨ ᠠᠭᠤᠯᠠ ᠨᠢᠷᠣᠭᠤᠳ ᠪᠠᠷ ᠭᠤᠣᠯᠯᠠᠭᠰᠠᠨ ᠮᠣᠩᠭᠤᠯ ᠤᠨ ᠥᠨᠳᠦᠷᠯᠢᠭ ᠵᠢᠴᠢ ᠲᠡᠭᠦᠨ ᠤ ᠰᠠᠪᠠ ᠭᠠᠵᠠᠷ ᠁ ᠶᠡᠭᠡ ᠭᠤᠪᠢ ᠶᠢᠨ ᠮᠣᠩᠭᠤᠯᠴᠣᠳ ᠪᠦᠷ ᠬᠠᠷᠢᠶᠠᠯᠠᠭᠳᠠᠵᠤ᠂ ᠲᠡᠭᠦᠨ ᠳᠤ ᠦᠵᠦᠮᠦᠴᠢᠨ ᠢ ᠪᠠᠭᠳᠠᠭᠠᠵᠤ ᠪᠠᠶᠢᠪᠠ᠃ ᠲᠡᠷᠡ ᠨᠢ ᠬᠤᠵᠢᠮ ᠎ ᠤᠨ ᠦᠵᠦᠮᠦᠴᠢᠨ ᠤ ᠦᠶ᠎ᠡ ᠣᠯᠠᠷᠢᠨ ᠴᠢᠩᠭᠢᠰ ᠬᠠᠭᠠᠨ᠂ ᠳᠣᠯᠣᠢ ᠶᠢᠨ ᠬᠠᠷᠢᠶ᠎ᠠ ᠵᠠᠬᠢᠷᠠᠣᠯ ᠳᠤ ᠪᠠᠶᠢᠬᠤ ᠶᠢ ᠰᠠᠭᠤᠷᠢᠯᠠᠵᠡᠢ᠃︾ ᠭᠡᠰᠡᠨ ᠵᠠᠷᠢᠮ ᠰᠣᠳᠣᠯᠭᠠᠨ ᠴᠦ ᠪᠠᠶᠢᠳᠠᠭ᠃ ᠣᠣᠯ ᠤᠨ ᠦᠵᠦᠮᠦᠴᠢᠨ ᠪᠠᠷᠠᠭᠤᠨ ᠬᠤᠰᠢᠭᠤᠨ ᠎ ᠤ ᠸᠠᠩ ᠤᠨ ᠣᠷᠳᠣᠨ ᠠᠴᠠ ᠢᠯᠡᠷᠡᠭᠰᠡᠨ ︽ᠡᠷᠳᠡᠨᠢ ᠶᠢᠨ ᠲᠣᠨᠣᠮᠠᠯ ᠨᠡᠷᠡᠲᠦ ︵ᠦᠶ᠎ᠡ ᠵᠠᠯᠭᠠᠮᠵᠢ ᠶᠢᠨ ᠬᠦᠰᠦᠨᠦᠭᠳᠣ ︶︾②᠎ ᠳᠤ ᠥᠪᠡᠷ ᠤᠨ ᠳᠡᠭᠡᠳᠣᠰ ᠢᠶᠠᠨ ᠴᠢᠩᠭᠢᠰ᠂ ᠳᠣᠯᠣᠢ᠂ ᠬᠤᠪᠢᠯᠠᠢ᠂ ᠪᠠᠳᠣᠮᠥᠩᠬᠡ᠂ ᠲᠥᠷᠦᠪᠣᠯᠣᠳ᠂ ᠪᠣᠳᠢ ᠠᠯᠠᠭ ᠪᠠ ᠣᠩᠭᠤᠨ ᠳᠣᠷᠠᠯ ᠁  ︾ ᠭᠡᠬᠦᠴᠢᠯᠡᠨ ᠳᠣᠭᠠᠯᠠᠭᠰᠠᠨ ᠴᠦ ᠪᠠᠶᠢᠳᠠᠭ᠃ ᠡᠭᠦᠨ ᠤ ᠵᠡᠷᠭᠡᠴᠡᠭᠡᠪᠡᠷ  ︽ᠦᠵᠦᠮᠦᠴᠢᠨ ᠨᠢ ᠲᠦᠮᠡᠨ ᠭᠢᠷᠭᠢᠰ ᠤᠨ ᠡᠩᠨᠡᠭᠡᠨ ᠳᠤ ᠪᠠᠶᠢᠯ᠎ᠠ  ᠁︾  ᠭᠡᠵᠤ ᠵᠠᠷᠢᠮ  ᠬᠦᠮᠦᠰ ᠦᠵᠡᠳᠡᠭ ᠨᠢ ᠪᠠᠰᠠ ᠵᠥᠪ ᠪᠠᠶᠢᠵᠤ ᠪᠣᠯᠬᠤ ᠶᠤᠮ᠃  ᠳᠠᠭᠤ ᠳᠤᠨᠢ ᠳᠣᠷᠠᠳᠬᠤ ᠳᠤ ᠬᠡᠳᠣᠶᠢᠪᠡᠷ ᠦᠵᠦᠮᠦᠴᠢᠨ ᠢ ᠵᠥᠪᠬᠡᠨ‌ᠨᠢᠭᠡᠨ ︽ᠣᠳᠤᠭ︾ ᠲᠡᠳᠣᠢ ᠪᠠᠶᠢᠯ᠎ᠠ ᠭᠡᠳᠡᠭ ᠪᠣᠯᠪᠠᠴᠦ ᠦᠵᠦᠮᠦᠴᠢᠨ ᠠᠷᠠᠳ ᠤᠨ ᠠᠮᠠᠨ ᠣᠯᠠᠮᠵᠢᠯᠠᠯ ᠳᠤ ᠶᠠᠷᠢᠶᠠᠨ ᠳᠤ ᠦᠵᠦᠮᠦᠴᠢᠨ ᠨᠣᠶᠠᠨ ᠣᠩᠭᠤᠨᠳᠣᠷᠠᠯ ᠢ ︽ᠳᠡᠳ᠋ ᠮᠢᠩᠭᠠᠨ ᠤ ᠵᠡᠷᠭᠡ ᠲᠠᠢ ᠪᠠᠶᠢᠭᠰᠠᠨ  ᠁︾ ᠭᠡᠰᠡᠨ ᠶᠠᠷᠢᠶ᠎ᠠ ᠪᠣᠯ ᠪᠠᠶᠢᠳᠠᠭ ᠶᠤᠮ᠃ ᠶᠠᠭᠤ ᠪᠣᠯᠪᠠᠴᠦ ᠴᠢᠩᠭᠢᠰ ᠬᠠᠭᠠᠨ ᠪᠦᠬᠦ ᠮᠣᠩᠭᠤᠯ ᠢ ︽ᠭᠤᠷᠪᠠᠨ ᠲᠦᠮᠡᠨ︾ ᠪᠣᠯᠭᠠᠨ ᠵᠠᠬᠢᠷᠣᠬᠤ ᠦᠶᠡᠰ ᠲᠤ ᠦᠵᠦᠮᠦᠴᠢᠨ ᠨᠢ ︽ᠣᠶᠢᠷᠠᠳ︾ ᠪᠣᠶᠣ ︽ᠪᠠᠷᠠᠭᠤᠨ ᠲᠦᠮᠡᠨ︾᠎ ᠳᠤ ᠪᠠᠭᠳᠠᠵᠣ ᠪᠠᠶᠢᠭᠰᠠᠨ ᠭᠡᠳᠡᠭ  ᠎ ᠨᠢ ᠣᠷᠣ ᠲᠠᠢ ᠪᠦᠭᠡᠳ ᠲᠡᠷᠡᠬᠦ ︽ᠪᠠᠷᠠᠭᠤᠨ ᠭᠠᠷ ᠤᠨ ᠲᠦᠮᠡᠨ ᠨᠢ ᠠᠯᠳᠠᠢ ᠠᠭᠤᠯᠠ ᠶᠢ ᠳᠡᠷᠡᠯᠨ᠎ᠡ ᠁︾ ᠭᠡᠰᠡᠨ ᠲᠠᠶᠢᠯᠠᠪᠦᠷᠢ ᠪᠠᠶᠢᠳᠠᠭ ᠠᠴᠠ ᠪᠣᠳᠣᠪᠠᠯ ᠦᠵᠦᠮᠦᠴᠢᠨ ᠤ ᠠᠩᠬᠠᠳᠠᠭᠴᠢ ᠶᠡᠭᠡ ᠨᠡᠭᠦᠳᠡᠯ ᠨᠢ ᠪᠣᠯ ᠳᠠᠷᠣᠢ ᠪᠠᠶᠢᠭᠠᠯ ᠳᠠᠯᠠᠢ ᠬᠠᠪᠢ ᠠᠴᠠ ᠠᠯᠳᠠᠢ ᠣᠷᠣᠭᠤ ᠰᠢᠯᠵᠢᠭᠰᠡᠨ ᠠᠩᠬᠠᠨ ᠎ ᠤ ᠶᠡᠭᠡ ᠨᠡᠭᠦᠳᠡᠯ ᠪᠣᠯᠬᠤ ᠪᠦᠭᠡᠳ ᠲᠡᠷᠡᠬᠦ ᠴᠠᠭ ᠦᠶ᠎ᠡ ᠶᠢ  ︽ᠵᠦᠴᠢ ᠳᠣᠯᠣᠢ ᠶᠢᠨ ᠦᠵᠦᠮᠦᠴᠢᠨ  ︾  ᠭᠡᠵᠤ ᠪᠣᠯᠬᠤ ᠶᠤᠮ᠃                                        ᠬᠤᠶᠠᠷ᠂ ᠠᠯᠲᠠᠢ ᠬᠠᠩᠭᠠᠢ ᠶᠢᠨ ᠦᠵᠦᠮᠦᠴᠢᠨ      ᠦᠵᠦᠮᠦᠴᠢᠨ ᠠᠶᠢᠮᠠᠭ ᠢ ᠣᠣᠯ ᠨᠢ ᠠᠯᠲᠠᠢ ᠬᠠᠩᠭᠠᠢ ᠪᠠᠷ ᠨᠣᠳᠣᠭᠯᠠᠵᠤ᠂ ︽ᠪᠠᠷᠠᠭᠤᠨ ᠮᠣᠩᠭᠤᠯ︾᠎ ᠲᠤ ᠪᠠᠶᠢᠭᠰᠠᠨ ᠭᠡᠳᠡᠭ ᠳᠣᠬᠠᠢ ᠮᠠᠨ ᠤ ᠬᠤᠰᠢᠭᠤᠨ ᠤ ᠲᠡᠣᠬᠡ ᠰᠣᠳᠣᠯᠣᠭᠠᠴᠢ ᠫᠡ᠊᠂ ᠳᠣᠭᠠᠷ᠂ ᠨ᠊᠂ ᠲᠡᠮᠡᠴᠡᠯᠳᠣ᠂ ᠳ᠋ᠠᠷᠠᠬ᠎ᠠ ᠨᠡᠷ ᠪᠠ ᠵᠣ᠂ ᠳᠡᠮᠪᠡᠷᠢᠯ᠂ ᠨ᠊᠂ ᠪᠦᠬᠡᠬᠠᠳᠠ᠂ ᠣ᠂ ᠶᠣᠨᠳᠣᠨ ᠨᠡᠷ ᠦᠵᠡᠳᠡᠭ  ᠶᠤᠮ᠃ ᠢᠯᠠᠩᠭᠤᠶ᠎ᠠ ᠳᠡᠭᠡᠷ᠎ᠡ ᠵᠠᠭᠤᠨ ᠤ ᠨᠠᠶᠠᠭᠠᠳ ᠣᠨ ᠳᠤ ᠮᠣᠩᠭᠤᠯ ᠣᠯᠣᠰ ᠤᠨ ᠡᠷᠳᠡᠮᠲᠡᠨ ᠰ᠊᠂ ᠫᠦᠷᠦᠪᠵᠠᠪ  ᠪᠢᠴᠢᠭᠰᠡᠨ ᠦᠭᠦᠯᠡᠯ ᠎ ᠳᠡᠭᠡᠨ᠄ ︽ᠨᠢᠭᠤᠴᠠ ᠳᠣᠪᠴᠢᠶᠠᠨ᠂ ᠬᠦᠬᠡ ᠰᠣᠳᠣᠷ ᠤᠨ ᠠᠯᠢ ᠠᠯᠢᠨ ᠳᠤᠨᠢ  ᠴᠦ ᠭᠢᠷᠬᠢᠰ ᠲᠦᠮᠡᠨ ᠤ ᠨᠣᠶᠠᠨ ᠪᠠ ᠮᠢᠩᠭᠠᠨ ᠤ ᠨᠣᠶᠠᠨ᠂ ᠣᠢ ᠶᠢᠨ ᠢᠷᠡᠭᠡᠳ ᠤᠨ ᠨᠣᠶᠠᠳ ᠢ ᠢᠷᠡᠭᠰᠡᠨ ᠳᠤ ᠴᠢᠩᠭᠢᠰ ᠬᠠᠭᠠᠨ ᠵᠦᠴᠢ ᠶᠢ ᠰᠣᠶᠣᠷᠬᠠᠵᠤ ᠣᠢ ᠶᠢᠨ ᠢᠷᠡᠭᠡᠳ ᠢ ᠡᠳᠡᠭᠡᠷ ᠢᠷᠡᠭᠡᠳ ᠢ ᠴᠢᠮᠠᠳᠣ ᠥᠭᠭᠦᠶ᠎ᠡ︕ ᠭᠤᠴᠢᠨ ᠵᠢᠷᠭᠤᠭᠠᠨ ᠶᠡᠭᠡ ᠣᠯᠣᠰ᠂ ᠳᠠᠯᠠᠨ ᠬᠤᠶᠠᠷ ᠪᠠᠭ᠎ᠠ ᠠᠶᠢᠮᠠᠭ᠃ ᠳᠣᠪᠴᠢᠶᠠᠨ ᠠᠴᠠ ᠬᠤᠶᠢᠳ᠂ ᠣᠩᠭᠤᠳ᠂ ᠶᠦᠷᠺᠡᠨ ᠮᠢᠩᠭᠠᠨ᠂ ᠦᠵᠦᠮᠦᠴᠢᠨ ᠭᠡᠬᠦ ᠮᠡᠳᠣ ᠪᠠᠷ ᠮᠢᠩᠭᠠᠨ ᠤ ᠳᠣᠬᠠᠢ ᠳᠣᠷᠠᠳᠣᠵᠡᠢ᠃︾ ᠭᠡᠰᠡᠨ ᠰᠣᠳᠣᠯᠣᠯᠭ᠎ᠠ ᠴᠦ ᠪᠠᠶᠢᠳᠠᠭ᠃ ᠢᠩᠭᠢᠬᠦᠯᠡᠷ ᠦᠵᠦᠮᠦᠴᠢᠨ ᠠᠶᠢᠮᠠᠭ ᠨᠢ ᠲᠡᠷᠡ ᠦᠶᠡᠰ ︽᠁ ᠳᠠᠯᠠᠨ ᠬᠤᠶᠠᠷ ᠪᠠᠭ᠎ᠠ ᠠᠶᠢᠮᠠᠭ ᠪᠣᠶᠣ ᠭᠢᠷᠭᠢᠰ᠂ ᠣᠢ ᠶᠢᠨ ᠢᠷᠡᠭᠡᠳ ᠳᠤ ᠪᠠᠭᠳᠠᠵᠣ︾  ᠪᠠᠶᠢᠭᠠᠳ ᠰᠡᠭᠦᠯᠡᠷ ᠨᠢ ᠵᠦᠴᠢ ᠶᠢᠨ ᠬᠠᠷᠢᠶᠠᠨ ᠳᠤ ᠣᠷᠣᠵᠤ ᠢᠷᠡᠭᠰᠡᠨ ᠭᠡᠳᠡᠭ ᠨᠢ ᠢᠯᠡᠬᠡᠨ ᠪᠠᠶᠢᠨ᠎ᠠ᠃ ᠲᠡᠷᠡ ᠮᠥᠷᠲᠡᠭᠡᠨ ᠦᠵᠦᠮᠦᠴᠢᠨ ᠨᠢ ᠠᠯᠲᠠᠢ ᠬᠠᠩᠭᠠᠢ  ᠂ ᠪᠣᠭᠳᠠ ᠬᠠᠩᠭᠠᠢ᠂ ᠪᠣᠯᠭᠠᠨ ᠬᠠᠩᠭᠠᠢ ᠢᠶᠠᠷ ᠮᠠᠯᠵᠢᠵᠣ ᠪᠠᠶᠢᠭᠰᠠᠨ ᠢ ᠭᠡᠳᠡᠭ ᠢ ᠬᠡᠨ ᠴᠦ ᠦᠭᠡᠶᠢᠰᠭᠡᠬᠦ ᠶᠢᠨ ᠠᠷᠭ᠎ᠠ ᠦᠭᠡᠢ ᠶᠤᠮ᠃ ᠳᠣᠬᠠᠶᠢᠯᠠᠪᠠᠯ ᠦᠵᠦᠮᠦᠴᠢᠨ ᠤ ᠳᠡᠭᠡᠳᠣᠰ ᠠᠴᠠ ︽ᠠᠯᠲᠠᠢ ᠬᠠᠩᠭᠠᠢ᠂ ᠦᠵᠦᠮ ᠤᠨ ᠴᠠᠭᠠᠨ ᠠᠭᠤᠯᠠᠨ ᠠᠴᠠ ᠨᠡᠭᠦᠵᠤ ᠢᠷᠡᠯ᠎ᠡ︾ ᠭᠡᠵᠤ ᠶᠠᠷᠢᠵᠠᠭᠠᠳᠠᠭ᠃ ︽ᠶᠡᠭᠡ ᠪᠣᠭᠳᠠ ᠪᠣᠯᠭᠠᠨ ᠬᠠᠩᠭᠠᠢ︾ ᠭᠡᠰᠡᠨ ᠬᠤᠰᠢᠭᠤᠨ ︵ᠦᠵᠦᠮᠦᠴᠢᠨ ᠠᠶᠢᠮᠠᠭ︶᠎ ᠤ ᠰᠦᠯᠳᠡ ᠳᠠᠭᠤᠣ ᠪᠠᠶᠢᠳᠠᠭ᠃  ᠳᠠᠬᠢᠭᠠᠳ ᠬᠡᠯᠡᠪᠡᠯ ᠵᠡᠭᠦᠨ ᠦᠵᠦᠮᠦᠴᠢᠨ ᠬᠤᠰᠢᠭᠤ ᠪᠠᠰᠠ 2010 ᠣᠨ ᠳᠤ  ᠯᠣ᠂ ᠲᠡᠮᠦᠷ᠂ ᠣ᠂ ᠶᠣᠨᠳᠣᠨ᠂ ᠯᠾ᠊᠂ ᠪᠠᠳᠦᠮᠥᠩᠬᠡ ᠵᠡᠷᠭᠡ ᠬᠦᠮᠦᠰ ᠢᠶᠠᠷ ᠪᠦᠷᠢᠯᠳᠦᠭᠰᠡᠨ ︽ᠣᠣᠭᠠᠯ ᠨᠣᠳᠤᠭ ᠢᠶᠠᠨ ᠬᠠᠶᠢᠨ ᠰᠣᠷᠪᠣᠯᠵᠢᠯᠠᠬᠤ ᠭᠠᠯ ᠠᠶᠠᠨ︾᠎ ᠢ ᠵᠣᠬᠢᠶᠠᠨ ᠪᠠᠶᠢᠭᠤᠯᠵᠤ᠂ ᠮᠣᠩᠭᠤᠯ ᠣᠯᠣᠰ ᠤᠨ ᠪᠠᠶᠠᠨ ᠥᠯᠥᠭᠡᠢ ᠠᠶᠢᠮᠠᠭ ᠢᠶᠠᠷ ᠬᠤᠶᠠᠷ ᠣᠳᠠᠭ᠎ᠠ ᠬᠦᠷᠴᠣ ᠬᠠᠶᠢᠨ ᠰᠣᠷᠪᠣᠯᠵᠢᠯᠭ᠎ᠠ ᠬᠢᠭᠰᠡᠨ ᠪᠦᠭᠡᠳ ᠰᠣᠷᠪᠣᠯᠵᠢᠯᠠᠭᠰᠠᠨ ᠤ ᠳ᠋ᠦᠩ ᠳᠤ ᠳᠡᠳᠡᠭᠡᠷ  ᠦᠵᠦᠮᠦᠴᠢᠨ ᠤ ᠳᠡᠭᠡᠳᠣᠰ ᠤᠨ ᠬᠡᠯᠡᠳᠡᠭ ᠳᠣᠮᠤᠭ ᠤᠨ ︽ ᠬᠤᠨᠢ ᠮᠠᠶᠢᠯᠠᠭᠴᠢ᠂ ᠳᠥᠷᠥᠭᠡ ᠬᠠᠩᠭᠢᠨᠠᠭᠴᠢ᠂ ᠴᠠᠭᠠᠨ ᠠᠭᠤᠯᠠ ᠁  ᠵᠡᠷᠭᠡ ᠳᠠᠭᠤᠣ ᠴᠣᠣ ᠲᠠᠢ ᠠᠭᠤᠯᠠ ᠣᠰᠣ ᠨᠢ ᠮᠥᠨ ᠣᠣᠯ  ᠎ ᠤᠨ ᠨᠡᠷ᠎ᠡ ᠳᠣᠮᠢᠶ᠎ᠠ ᠪᠠᠷ ᠢᠶᠠᠨ ᠪᠠᠶᠢᠭᠰᠠᠭᠠᠷ ᠪᠠᠶᠢᠨ᠎ᠠ︾  ᠭᠡᠵᠦ ᠲᠣᠳᠣᠯᠠᠭᠰᠠᠨ ᠪᠠᠶᠢᠨ᠎ᠠ᠃ ᠢᠩᠭᠢᠬᠦᠯᠡᠷ  ︽ᠠᠯᠳᠠᠢ︾ ᠪᠣᠯ ᠨᠠᠭᠠᠲᠦ ᠵᠠᠬ᠎ᠠ ᠲᠠᠭᠠᠨ ᠦᠵᠦᠮᠦᠴᠢᠨ ᠤ ᠮᠠᠯᠵᠢᠯ ᠤᠨ ᠣᠣᠭᠠᠨ ᠨᠣᠲᠤᠭ ᠪᠣᠯᠬᠤᠷ ᠲᠡᠷᠡ ᠦᠶ᠎ᠡ  ᠎ ᠶᠢ ᠬᠤᠶᠠᠳᠣᠭᠠᠷ ᠣᠳᠠᠭᠠᠨ ᠤ  ᠶᠡᠭᠡ ᠨᠡᠭᠦᠳᠡᠯ ᠭᠡᠬᠦ ᠪᠣᠶᠣ ︽ᠠᠯᠳᠠᠢ ᠬᠠᠩᠭᠠᠢ ᠶᠢᠨ ᠦᠵᠦᠮᠦᠴᠢᠨ︾ ᠭᠡᠬᠦ  ᠎ ᠳᠤ ᠪᠣᠯᠣᠮᠠᠷ ᠪᠠᠶᠢᠨ᠎ᠠ  ᠃                                         ᠭᠤᠷᠪᠠ᠂ ᠳᠠᠶᠠᠨ ᠬᠠᠭᠠᠨ ᠤ ᠦᠵᠦᠮᠦᠴᠢᠨ      ᠪᠠᠳᠣᠮᠥᠩᠬᠡ ᠳᠠᠶᠠᠨ ᠬᠠᠭᠠᠨ ᠪᠣᠯ ᠦᠵᠦᠮᠦᠴᠢᠨ ᠤ ᠳᠡᠭᠡᠳᠣᠰ ᠪᠣᠯᠬᠤ ᠨᠢ ᠮᠠᠷᠭᠤᠭᠠᠨ ᠦᠭᠡᠢ ᠶᠤᠮ᠃  ᠪᠢᠴᠢᠭ ᠲᠡᠮᠳᠡᠭᠯᠡᠯ ᠠᠴᠠ ᠦᠵᠡᠪᠡᠯ 1480 ᠣᠨ ᠤ ᠲᠥᠯᠥᠪ ᠲᠤ ︽ᠳᠠᠶᠠᠨ ᠬᠠᠭᠠᠨ ᠪᠣᠶᠣ ᠲᠡᠭᠦᠨ ᠤ ᠠᠬᠠᠮᠠᠳ ᠬᠦᠪᠡᠭᠦᠨ ᠲᠥᠷᠦᠪᠣᠯᠣᠳ ᠤᠨ ᠳᠠᠭᠠᠭᠤᠯᠭ᠎ᠠ ᠪᠠᠷ ᠁︾ ᠦᠵᠦᠮᠦᠴᠢᠨ ᠠᠶᠢᠮᠠᠭ ᠨᠢ ᠠᠯᠲᠠᠢ ᠬᠠᠩᠭᠠᠢ ᠠᠴᠠ ᠰᠠᠯᠣᠵᠣ᠂ ᠠᠭᠠᠵᠢᠮ ᠢᠶᠠᠷ ᠡᠮᠦᠨᠡᠰᠢᠯᠡᠨ᠂ ᠪᠠᠷᠣᠭᠯᠠᠪᠠᠯ ᠭᠠᠯᠠᠪ ᠱᠠᠩᠬᠤ ᠶᠢᠨ ᠭᠤᠪᠢ ᠶᠢ ᠲᠣᠭᠤᠯᠣᠨ᠂ ᠰᠢᠨᠵᠢᠶᠠᠩ᠂ ᠬᠦᠬᠡᠨᠠᠭᠤᠷ᠂ ᠳᠠᠯᠠᠨ ᠬᠠᠷ᠎ᠠ ᠶᠢᠨ ᠠᠷᠣ ᠪᠠᠷ ᠠᠶᠠᠯᠠᠨ ᠵᠡᠭᠦᠨᠰᠢᠯᠡᠵᠦ᠂ ᠠᠯᠣᠰ ᠬᠤᠯᠠ ᠶᠢᠨ  ᠠᠶᠠᠯᠠᠯ ᠨᠡᠭᠦᠳᠡᠯ ᠬᠢᠵᠤ ᠶᠠᠪᠣᠭᠰᠠᠭᠠᠷ ︽ᠭᠤᠪᠢ ᠶᠢᠨ ᠡᠮᠦᠨᠡᠳᠣ︾᠎ ᠳᠤ  ᠨᠡᠭᠦᠵᠦ ᠢᠷᠡᠨ᠂ ᠣᠳᠣ ᠶᠢᠨ ᠪᠠᠶᠢᠭ᠎ᠠ ᠨᠣᠳᠤᠭ ᠢ ᠰᠣᠩᠭᠤᠨ ᠰᠠᠭᠤᠭᠰᠠᠨ ᠪᠣᠯᠣᠯᠳᠠᠢ ᠭᠡᠵᠤ ᠬᠦᠮᠦᠰ ᠦᠵᠡᠳᠡᠭ ᠶᠤᠮ᠃ ᠣᠴᠢᠷ ᠨᠢ ︽ᠠᠯᠲᠠᠨ ᠳᠣᠪᠴᠢ︾ ᠵᠡᠷᠭᠡ ᠨᠣᠮ ᠰᠣᠳᠣᠷ ᠲᠤ ︽ ᠁ 1510 ᠣᠨ ᠳᠤ ᠳᠠᠶᠠᠨ ᠬᠠᠭᠠᠨ᠂ ᠪᠠᠷᠠᠭᠤᠨ ᠲᠦᠮᠡᠨ ᠢ ᠳᠠᠶᠢᠯᠠᠬᠤ ᠳᠤ ᠁ ᠦᠵᠦᠮᠦᠴᠢᠨ ᠡᠯᠳᠦᠩᠭᠡ ᠪᠠᠭᠰᠢ ᠲᠥᠯᠥᠭᠡ ᠦᠵᠡᠨ᠂ ᠳᠠᠷᠣᠯᠭ᠎ᠠ ᠬᠢᠨ ᠥᠭᠴᠣ ᠪᠠᠶᠢᠭᠰᠠᠨ ᠁︾  ᠭᠡᠰᠡᠨ ᠪᠠᠷᠢᠮᠲᠠ ᠪᠠᠶᠢᠳᠠᠭ ᠳᠤ ᠣᠷᠣᠰᠢᠨ᠎ᠠ᠃  ᠶᠠᠭ ᠲᠡᠷᠡ ᠦᠶᠡᠰ ᠢ ︽ᠳᠠᠶᠠᠨ ᠬᠠᠭᠠᠨ ᠤ ᠨᠣᠶᠠᠷᠬᠠᠯ ᠤᠨ ᠲᠥᠪ ᠨᠢ ᠴᠠᠬᠠᠷ ᠲᠤ ᠪᠠᠶᠢᠭᠰᠠᠨ ᠠᠴᠠ ᠪᠠᠨ ᠣᠷᠳᠣᠰ ᠳᠡᠰᠢ ᠨᠡᠭᠦᠯᠭᠡᠪᠡ ᠁︾ ᠭᠡᠰᠡᠨ ᠦᠭᠡ ᠪᠠᠶᠢᠳᠠᠭ ᠠᠴᠠ ᠪᠣᠳᠣᠪᠠᠯ ᠦᠵᠦᠮᠦᠴᠢᠨ ᠨᠢ  ᠲᠡᠷᠡ ᠴᠠᠭ ᠲᠤ ︽ ᠵᠡᠭᠦᠨ ︵ᠴᠠᠬᠠᠷ  ︶ ᠲᠦᠮᠡᠨ︾  ᠎ ᠤ ᠳᠣᠳᠣᠷ᠎ᠠ ᠪᠠᠭᠳᠠᠵᠤ ᠪᠠᠶᠢᠭᠰᠠᠨ ᠭᠡᠵᠦ ᠦᠵᠡᠨ᠎ᠡ᠃ ᠡᠶᠢᠮᠣ ᠠᠴᠠ ᠲᠡᠷᠡ ᠴᠠᠭ ᠢ ᠭᠤᠷᠪᠠᠳᠣᠭᠠᠷ ᠣᠳᠠᠭᠠᠨ ᠤ  ᠶᠡᠭᠡ ᠨᠡᠭᠦᠳᠡᠯ ᠪᠣᠶᠣ  ︽ᠳᠠᠶᠠᠨ ᠬᠠᠭᠠᠨ ᠤ ᠦᠵᠦᠮᠦᠴᠢᠨ︾  ᠪᠠᠶᠢᠵᠡᠢ ᠭᠡᠵᠦ ᠦᠵᠡᠨ᠎ᠡ᠃                                         ᠳᠥᠷᠪᠡ᠂ ᠪᠣᠳᠢ ᠠᠯᠠᠭ ᠤᠨ ᠦᠵᠦᠮᠦᠴᠢᠨ      ᠲᠡᠣᠬᠡ ᠶᠢᠨ ᠪᠠᠷᠢᠮᠳᠠ ᠠᠴᠠ ᠦᠵᠡᠪᠡᠯ ︽ ᠪᠣᠳᠢ ᠠᠯᠠᠭ ᠬᠠᠭᠠᠨ︾᠎ ᠤ ᠦᠶᠡᠰ ᠪᠣᠯᠬᠤ ᠳᠤ ᠦᠵᠦᠮᠦᠴᠢᠨ ᠎ ᠨᠢ  ᠬᠡᠯᠡᠯᠭᠡᠨ ᠦᠭᠡᠢ ︽ᠲᠥᠪ ᠲᠦᠮᠡᠨ︾ ᠪᠣᠶᠣ ︽ᠴᠠᠬᠠᠷ ᠲᠦᠮᠡᠨ︾᠎ ᠤ ᠳᠣᠳᠣᠷᠠᠬᠢ ᠨᠢᠭᠡᠨ ︽ᠣᠳᠤᠭ ︵ᠬᠤᠰᠢᠭᠤ︶︾᠎ ᠤᠨ ᠵᠣᠬᠢᠶᠠᠨ ᠪᠠᠶᠢᠭᠤᠯᠣᠯᠳᠠ ᠪᠣᠯᠴᠢᠬᠠᠭᠰᠠᠨ ᠪᠣᠯᠣᠯᠳᠠᠢ ᠭᠡᠵᠤ ᠪᠣᠳᠣᠨ᠎ᠠ᠃ ᠣᠴᠢᠷ ᠨᠢ ᠲᠡᠮᠳᠡᠭᠯᠡᠯ ᠎ ᠳᠤ ︽ᠪᠣᠳᠢ ᠠᠯᠠᠭ ᠬᠠᠭᠠᠨ᠂ ᠪᠢᠯᠢᠭ ᠤᠨ ᠣᠯᠠᠷᠢᠯ ᠤᠨ ᠬᠤᠨᠢᠨ ᠵᠢᠯ ᠤᠨ ᠳᠣᠯᠣᠭᠠᠨ ᠰᠠᠷᠡᠶᠢᠨ ᠠᠷᠪᠠᠨ᠎ᠠ ︵ᠠᠷᠭ᠎ᠠ ᠶᠢᠨ ᠣᠯᠠᠷᠢᠯ ᠤᠨ 1547 ᠣᠨ︶᠂ ᠵᠣᠲᠠᠯᠠᠩ ᠥᠨᠳᠥᠷ ︵ ᠥᠨᠥᠳᠣᠷ ᠤᠨ ᠮᠣᠩᠭᠤᠯ ᠣᠯᠣᠰ ᠤᠨ ᠰᠦᠬᠡᠪᠠᠭᠠᠳᠣᠷ ᠠᠶᠢᠮᠠᠭ ᠤᠨ ᠵᠣᠲᠠᠯ ᠬᠠᠨ ᠮᠥᠨ ᠪᠣᠯᠪᠠᠣ︶᠎ ᠤᠨ ᠡᠩᠭᠡᠷ ᠲᠤ ᠨᠠᠰᠣ ᠪᠠᠷᠠᠪᠠ︾ ᠭᠡᠰᠡᠨ ᠪᠠᠶᠢᠳᠠᠭ ᠎ ᠠᠴᠠ ᠦᠵᠡᠪᠡᠯ᠂ ᠪᠣᠳᠢ ᠠᠯᠠᠭ ᠤᠨ ᠦᠶᠡᠰ ᠦᠵᠦᠮᠦᠴᠢᠨ ᠨᠢ ᠪᠠᠷᠤᠭ ᠣᠳᠣ ᠶᠢᠨ ᠡᠨᠡᠬᠦ ᠨᠣᠳᠤᠭ ᠳᠠᠭᠠᠨ ᠰᠠᠭᠤᠵᠤ ᠪᠠᠶᠢᠭᠰᠠᠨ ᠪᠣᠯᠣᠯᠳᠠᠢ ᠭᠡᠵᠤ ᠳᠥᠰᠥᠪᠯᠡᠵᠦ ᠪᠣᠯᠣᠨ᠎ᠠ᠃  ᠣᠴᠢᠷ ᠨᠢ ︽ᠪᠣᠳᠢ ᠠᠯᠠᠭ︾᠎ ᠤᠨ ᠬᠤᠪᠢᠳᠠᠨ ᠥᠮᠴᠢᠯᠡᠵᠤ ᠪᠠᠶᠢᠭᠰᠠᠨ ︽ᠳᠠᠪᠣᠨ ᠶᠡᠭᠡ ᠬᠠᠷᠢᠶᠠᠳᠣ ᠨᠣᠳᠤᠭ︾ ᠭᠡᠳᠡᠭ ᠳᠤᠨᠢ ᠣᠳᠣ ᠶᠢᠨ  ᠮᠣᠩᠭᠤᠯ ᠣᠯᠣᠰ ᠤᠨ ᠰᠦᠬᠡᠪᠡᠭᠠᠳᠣᠷ ᠠᠶᠢᠮᠠᠭ ᠤᠨ ︽ᠵᠣᠳᠠᠯ ᠬᠠᠨ︾᠎ ᠠᠴᠠ ᠡᠮᠦᠨᠡᠰᠢ  ᠎ ᠪᠠᠨ᠂ ᠣᠣᠯ ᠤᠨ ᠰᠢᠯᠢ ᠶᠢᠨ ᠭᠤᠣᠯ᠂ ᠵᠣᠣ ᠣᠳᠠ ᠠᠶᠢᠮᠠᠭ᠂ ᠵᠢᠷᠢᠮ ᠠᠶᠢᠮᠠᠭ ᠤᠨ ᠬᠤᠶᠢᠳᠣ ᠵᠠᠬ᠎ᠠ ᠬᠦᠷᠲᠡᠯ᠎ᠡ ᠬᠢ ᠥᠷᠭᠡᠨ ᠬᠡᠪᠴᠢᠶᠡᠨ ᠤ ᠨᠣᠳᠤᠭ ᠴᠦᠮ ᠪᠠᠭᠳᠠᠵᠤ ᠪᠠᠶᠢᠭᠰᠠᠨ ᠭᠡᠵᠤ ᠡᠷᠳᠡᠮᠲᠡᠳ ᠦᠵᠡᠳᠡᠭ ᠪᠠᠶᠢᠨ᠎ᠠ  ᠃ ᠳᠡᠭᠡᠪᠡᠯ ᠦᠵᠦᠮᠦᠴᠢᠨ ᠨᠢ ᠬᠡᠯᠡᠯᠭᠡᠨ ᠦᠭᠡᠢ ᠲᠡᠭᠦᠨ ᠳᠤ ᠪᠠᠭᠳᠠᠵᠤ ᠪᠠᠶᠢᠭᠰᠠᠨ ᠶᠤᠮ᠃ ᠥᠭᠡᠷ᠎ᠡ ᠪᠠᠷ ᠬᠡᠯᠡᠪᠡᠯ ᠲᠡᠷᠡ ᠦᠶᠡᠰ ᠪᠣᠯ ᠳᠠᠷᠣᠢ ᠦᠵᠦᠮᠦᠴᠢᠨ ᠨᠢ ᠯᠢᠭᠳᠡᠨ ᠬᠠᠭᠠᠨ᠂ ᠲᠦᠮᠡᠨ ᠵᠠᠰᠠᠭᠳᠣ ᠬᠠᠭᠠᠨ ᠤ ᠵᠠᠬᠢᠷᠣᠯᠳᠠ ᠪᠠᠷ  ︽ᠡᠮᠦᠨᠡᠰᠢ ᠳᠠᠶᠢᠯᠠᠨ ᠣᠮᠠᠷᠠᠰᠢ ᠪᠠᠶᠢᠯᠳᠣᠵᠤ︾ ᠪᠠᠶᠢᠭᠰᠠᠨ ᠴᠠᠭ ᠬᠤᠭᠤᠴᠠᠭ᠎ᠠ ᠪᠠᠶᠢᠭᠰᠠᠨ ᠪᠣᠶᠣ ᠳᠠᠶᠢᠨ ᠪᠠᠶᠢᠯᠳᠣᠭᠠᠨ ᠤ ᠠᠷᠣ ᠲᠠᠯ᠎ᠠ ᠶᠢ  ᠬᠠᠩᠭᠠᠭᠴᠢ ᠪᠠᠶᠢᠭᠰᠠᠨ ᠴᠠᠭ ᠦᠶ᠎ᠡ ᠪᠣᠯᠣᠯᠳᠠᠢ ᠭᠡᠵᠤ ᠦᠵᠡᠨ᠎ᠡ᠃ ᠮᠥᠨᠴᠣ ᠲᠦᠷᠦᠭᠦᠴᠦᠳ ᠢᠶᠠᠨ ᠲᠠᠭᠠᠨ᠂ ᠠᠷᠣ ᠥᠪᠥᠷ  ᠵᠡᠭᠦᠨ ᠪᠠᠷᠠᠭᠤᠨ ᠢᠶᠠᠷ ᠰᠡᠯᠭᠦᠨ ᠨᠡᠭᠦᠵᠤ᠂ ᠠᠶᠢᠮᠠᠭ ᠣᠳᠤᠭ ᠪᠠ ᠨᠣᠳᠤᠭ ᠣᠰᠣ ᠪᠠᠨ ᠬᠠᠮᠠᠭᠠᠯᠠᠵᠤ ᠪᠠᠶᠢᠭᠰᠠᠨ ᠴᠠᠭ ᠦᠶ᠎ᠡ ᠪᠣᠯᠬᠤᠷ ᠲᠡᠷᠡ ᠴᠠᠭ ᠦᠶ᠎ᠡ ᠶᠢ ᠳᠥᠷᠪᠡᠳᠣᠭᠡᠷ ᠣᠳᠠᠭᠠᠨ ᠤ  ᠶᠡᠭᠡ ᠨᠡᠭᠦᠳᠡᠯ ᠭᠡᠬᠦ ᠨᠢ ᠵᠥᠪ ᠪᠦᠭᠡᠳ ︽ᠪᠣᠳᠢ ᠠᠯᠭ ᠤᠨ ᠦᠵᠦᠮᠦᠴᠢᠨ︾  ᠭᠡᠬᠦ ᠳᠤ ᠪᠣᠯᠣᠨ᠎ᠠ ᠭᠡᠵᠦ ᠪᠣᠳᠣᠨ᠎ᠠ᠃                                               ᠲᠠᠪᠤ᠂ ᠣᠩᠭᠤᠨᠳᠣᠷᠠᠯ ᠤᠨ ᠦᠵᠦᠮᠦᠴᠢᠨ       ︽ᠪᠣᠳᠢ ᠠᠯᠠᠭ ᠬᠠᠭᠠᠨ︾᠎ ᠤ ᠬᠦᠪᠡᠭᠦᠨ ︽ᠣᠩᠭᠤᠨᠳᠣᠷᠠᠯ  ︾᠎ ᠤᠨ ᠦᠶᠡᠰ ᠳᠤ ᠦᠵᠦᠮᠦᠴᠢᠨ ᠠᠶᠢᠮᠠᠭ  ᠎ ᠨᠢ ᠮᠢᠩᠭᠠᠨ  ᠎ ᠤ ᠵᠣᠬᠢᠶᠠᠨ ᠪᠠᠶᠢᠭᠤᠯᠣᠯᠲᠠ ᠪᠠᠶᠢᠭᠰᠠᠨ ᠭᠡᠵᠤ ᠦᠵᠡᠨ᠎ᠡ᠃  ᠠᠶᠠᠭᠦᠶᠢᠳᠡᠪᠡᠯ ᠠᠯᠢ ᠡᠷᠲᠡ ᠠᠴᠠ ︽ ᠦᠵᠦᠮᠦᠴᠢᠨ︾  ᠠᠶᠢᠮᠠᠭ ᠭᠡᠵᠦ ᠪᠠᠶᠢᠭᠰᠠᠨ ᠴᠦ ᠪᠣᠯᠵᠣᠰᠢ ᠦᠭᠡᠢ ᠶᠤᠮ᠃  ᠨᠥᠬᠦᠷ ᠪᠦᠬᠡᠬᠠᠳᠠᠨ ᠶᠢᠨ  ᠬᠡᠯᠡᠬᠦ ᠎ ᠪᠠᠷ᠄ ︽ᠡᠾᠡᠷᠢᠰᠲ᠋ᠣᠰ  ᠎ ᠤᠨ ᠱᠠᠰᠢᠨ ᠤ ︽ᠠᠷᠢᠭᠤᠨ ᠨᠣᠮ  ︾  ᠎ ᠳᠠᠬᠢ ︽ ᠦᠵᠡᠮᠡᠷ︾ ᠭᠡᠰᠡᠨ ᠦᠭᠡ  ᠪᠠᠶᠢᠭ᠎ᠠ ᠎ ᠶᠢ ︽ᠦᠵᠦᠮᠦᠴᠢᠨ︾ ᠭᠡᠰᠡᠨ ᠦᠭᠡ  ᠪᠣᠯᠪᠠᠣ ᠭᠡᠮᠡᠨ ᠴᠢᠨᠳᠠᠮᠣᠨᠢ ᠠᠪᠣᠭᠠᠢ ᠰᠣᠳᠣᠯᠠᠪᠠ  ᠁︾ ᠭᠡᠰᠡᠨ ᠪᠠᠶᠢᠳᠠᠭ ᠢ ᠪᠠᠰᠠ ᠠᠩᠬᠠᠷᠠᠬᠤ ᠴᠢᠬᠤᠯᠠ ᠲᠠᠢ ᠪᠠᠶᠢᠨ᠎ᠠ᠃ ᠮᠣᠩᠭᠤᠯ ᠣᠯᠣᠰ ᠤᠨ ᠡᠷᠳᠡᠮᠲᠡᠨ ᠫᠦᠷᠦᠪᠵᠠᠪ ᠤᠨ ︽ᠬᠤᠳᠣᠭᠤᠶᠢᠳ ᠤᠨ ᠣᠭᠰᠠᠭ᠎ᠠ ᠭᠠᠷᠣᠯ  ᠪᠠ ᠲᠡᠣᠬᠡ ᠶᠢᠨ ᠠᠰᠠᠭᠤᠳᠠᠯ︾ ᠭᠡᠳᠡᠭ ᠦᠭᠦᠯᠡᠯ ᠳᠡᠭᠡᠨ᠄ ︽ ᠴᠢᠩᠭᠢᠰ ᠬᠠᠭᠠᠨ  ᠮᠣᠩᠭᠤᠯ ᠤᠨ ᠬᠠᠭᠠᠠᠲᠦ ᠲᠥᠷᠦ ᠶᠢ ᠪᠠᠶᠢᠭᠤᠯᠣᠭᠰᠠᠨ 1206 ᠣᠨ  ᠎ ᠤ ᠲᠥᠷᠦ ᠶᠢᠨ ᠶᠡᠭᠡ ᠶᠣᠰᠣᠯᠠᠯ ᠎ ᠳᠤ ᠣᠷᠣᠯᠴᠠᠭᠰᠠᠨ ᠭᠤᠴᠢᠨ ᠵᠢᠷᠭᠤᠭᠠᠨ ᠣᠯᠣᠰ᠂ ᠳᠠᠯᠠᠨ ᠬᠤᠶᠠᠷ ᠠᠶᠢᠮᠠᠭ ᠤᠳ ᠤᠨ ᠲᠣᠳᠣᠷ᠎ᠠ ᠦᠵᠦᠮᠦᠴᠢᠨ ᠮᠢᠩᠭᠠᠨ ᠁︾ ᠭᠡᠮᠡᠨ  ᠳᠣᠷᠠᠳᠣᠭᠰᠠᠨ ᠪᠠᠶᠢᠪᠠ᠃ ᠣᠩᠭᠤᠨᠳᠣᠷᠠᠯ ᠪᠣᠯ ᠮᠥᠨᠴᠣ ᠴᠣᠷ ᠤᠨ ᠭᠠᠭᠴᠠ ᠦᠰᠦᠭ ᠲᠡᠮᠳᠡᠭᠯᠡᠯ ᠪᠦᠬᠦᠢ ᠦᠵᠦᠮᠦᠴᠢᠨ ᠤ ᠠᠬᠠᠯᠠᠭᠴᠢ ᠨᠣᠶᠠᠨ ᠪᠣᠯᠣᠨ᠎ᠠ᠃ ᠴᠢᠩ ᠣᠯᠣᠰ ᠤᠨ ︽ᠢᠯᠡᠳᠭᠡᠯ ᠱᠠᠰᠢᠲᠠᠷ︾ ᠭᠡᠳᠡᠭ ᠲᠤ ︽ ᠁ ᠣᠩᠭᠤᠨᠳᠣᠷᠠᠯ ᠥᠪᠡᠷ ᠤᠨ ᠬᠠᠷᠢᠶᠠᠳᠣ ᠪᠠᠨ ᠦᠵᠦᠮᠦᠴᠢᠨ ᠬᠡᠮᠡᠨ ᠨᠡᠷᠡᠶᠢᠣᠪᠡᠢ᠃︾  ᠭᠡᠰᠡᠨ ᠠᠴᠠ ᠪᠣᠳᠣᠪᠠᠯ ᠣᠩᠭᠤᠨᠳᠣᠷᠠᠯ ᠤᠨ ᠦᠶ᠎ᠡ ᠳᠤ ᠦᠵᠦᠮᠦᠴᠢᠨ ᠨᠢᠭᠡᠨᠳᠡ ᠪᠡᠶ᠎ᠡ ᠪᠠᠨ ᠳᠠᠭᠠᠭᠠᠭᠰᠠᠨ ᠠᠶᠢᠮᠠᠭ ᠪᠠᠶᠢᠪᠠ ᠭᠡᠳᠡᠭ ᠨᠢ ᠢᠯᠡᠷᠬᠡᠢ ᠪᠠᠶᠢᠨ᠎ᠠ᠃  ᠲᠡᠶᠢᠨᠬᠦ ᠣᠩᠭᠤᠨᠳᠣᠷᠠᠯ ᠤᠨ ᠡᠵᠢᠮᠰᠢᠯ ᠤᠨ ᠴᠠᠭ ᠬᠤᠭᠤᠴᠠᠭᠠᠨ ᠳᠤ ᠪᠠᠰᠠᠨ ᠨᠢᠭᠡᠨ ᠣᠳᠠᠭᠠᠨ ᠤ ᠶᠡᠭᠡ ᠨᠡᠭᠦᠳᠡᠯ ᠬᠢᠭᠰᠡᠨ ᠣᠯᠠ ᠮᠥᠷ ᠪᠣᠢ᠃  ᠲᠡᠷᠡ ᠨᠢ ᠳᠠᠷᠣᠢ ᠨᠡᠶᠢᠳᠡ ᠶᠢᠨ ᠣᠨ ᠳᠣᠭᠠᠯᠠᠯ ᠤᠨ 1623 ᠣᠨ ᠤ ᠲᠥᠯᠥᠪ ᠳᠤ ᠣᠩᠭᠤᠨᠳᠣᠷᠠᠯ ᠪᠣᠶᠣ ᠲᠡᠭᠦᠨ ᠤ ᠬᠦᠣ ᠳᠣᠷᠵᠢ ᠰᠡᠴᠡᠨ ᠤ ᠳᠠᠭᠠᠭᠤᠯᠭ᠎ᠠ ᠪᠠᠷ ᠦᠵᠦᠮᠦᠴᠢᠨ  ᠎ ᠨᠢ ᠳᠣᠬᠠᠢ ᠶᠢᠨ ᠦᠶ᠎ᠡ ᠶᠢᠨ ︽ᠴᠠᠬᠠᠷ︾ ᠬᠠᠷᠢᠶᠠᠨ ᠠᠴᠠ ᠰᠠᠯᠵᠦ᠂  ᠲᠠᠪᠣᠳᠣᠭᠠᠷ ᠣᠳᠠᠭᠠᠨ ᠤ ᠶᠡᠭᠡ ᠨᠡᠭᠦᠳᠡᠯ  ᠎ ᠢᠶᠠᠨ ᠬᠢᠵᠤ᠂  ᠳᠣᠬᠠᠢ ᠶᠢᠨ ᠦᠶ᠎ᠡ ᠶᠢᠨ  ︽ ᠰᠠᠳᠣᠨ︾ — ᠮᠣᠩᠭᠤᠯ ᠣᠯᠣᠰ ᠤᠨ ᠱᠣᠯᠣᠢ ᠰᠡᠴᠡᠨ ᠬᠠᠨ ︵ ᠠᠶᠢᠮᠠᠭ︶᠎ ᠢ ᠳᠦᠰᠢᠨ ︽ᠠᠷᠣ ᠬᠠᠩᠭᠠᠢ ᠪᠠᠷ ᠮᠠᠯᠵᠢᠪᠠ︾ ᠭᠡᠳᠡᠭ ᠶᠤᠮ᠃ ᠰᠡᠭᠦᠯᠡᠷ ᠨᠢ ᠪᠠᠷᠤᠭ 1635 ᠣᠨ ᠤ ᠲᠥᠯᠥᠪ ᠲᠤ ᠳᠠᠶᠢᠴᠢᠩ ᠭᠦᠷᠦᠨ ᠳᠤ ᠲᠠᠭᠠᠨ᠂ ᠪᠣᠴᠠᠨ ᠨᠡᠭᠦᠵᠤ ᠢᠷᠡᠭᠡᠳ  ᠂ ᠣᠣᠯ  ᠎ ᠤᠨ ᠰᠠᠭᠤᠵᠤ ᠪᠠᠶᠢᠭᠰᠠᠨ ᠨᠣᠳᠤᠭ ᠣᠰᠣ ᠪᠠᠨ ᠡᠵᠢᠯᠡᠨ ᠰᠠᠭᠤᠵᠡᠢ᠃ ᠲᠡᠶᠢᠮᠣ ᠪᠣᠯᠬᠤᠷ ᠲᠡᠷᠡ ᠴᠠᠭ ᠦᠶ᠎ᠡ ᠶᠢ  ᠦᠵᠦᠮᠦᠴᠢᠨ ᠤ  ᠲᠠᠪᠣᠳᠣᠭᠠᠷ ᠣᠳᠠᠭᠠᠨ ᠤ ᠶᠡᠭᠡ ᠨᠡᠭᠦᠳᠡᠯ ᠭᠡᠬᠦ ᠪᠣᠶᠣ  ︽ᠣᠩᠭᠤᠳᠣᠷᠠᠯ ᠤᠨ ᠦᠵᠦᠮᠦᠴᠢᠨ  ︾ ᠭᠡᠬᠦ ᠳᠤ ᠪᠣᠯᠬᠤ ᠶᠤᠮ᠃                                      ᠵᠢᠷᠭᠤᠭ᠎ᠠ᠂ ᠥᠨᠥᠳᠣᠷ ᠤᠨ ᠦᠵᠦᠮᠦᠴᠢᠨ      ᠵᠢᠷᠭᠤᠭᠠᠳᠣᠭᠠᠷ ᠣᠳᠠᠭᠠᠨ ᠤ ᠶᠡᠭᠡ ᠨᠡᠭᠦᠲᠡᠯ ᠨᠢ  ᠳᠠᠷᠣᠢ 1945 ᠣᠨ  ᠎ ᠳᠤ ᠳᠡᠯᠡᠬᠡᠢ ᠶᠢᠨ ᠬᠤᠶᠠᠳᠣᠭᠠᠷ ᠶᠡᠭᠡ ᠳᠠᠶᠢᠨ ᠤ ᠦᠶᠡᠰ ᠲᠤ ᠣᠣᠯ ᠤᠨ ᠦᠵᠦᠮᠦᠴᠢᠨ ᠵᠡᠭᠦᠨ  ᠭᠠᠷᠠᠣᠨ ᠬᠤᠰᠢᠭᠤᠨ ᠤ ᠶᠡᠬᠡᠩᠬᠢ ᠠᠶᠢᠯ ᠡᠷᠦᠬᠡ ᠎ ᠤᠳ ᠨᠢ ᠳᠣᠷᠵᠢ ᠸᠠᠩ ᠤᠨ ᠳᠠᠭᠠᠭᠤᠯᠭ᠎ᠠ ᠪᠠᠷ ᠮᠣᠩᠭᠤᠯ ᠣᠯᠣᠰ ᠳᠤ ᠨᠡᠭᠦᠨ ᠣᠷᠣᠵᠤ ᠨᠣᠳᠣᠭᠯᠠᠭᠰᠠᠨ ᠪᠠ ᠮᠥᠨ ᠣᠣᠯ ᠤᠨ ᠦᠵᠦᠮᠦᠴᠢᠨ ᠪᠠᠷᠠᠭᠤᠨ ᠬᠤᠰᠢᠭᠤᠨ ᠤ ᠪᠠᠰᠠ ᠨᠢᠭᠡ ᠬᠡᠰᠡᠭ ᠠᠶᠢᠯ ᠡᠷᠦᠬᠡ ᠤᠳ  ᠴᠦ ᠮᠥᠨ ᠮᠣᠩᠭᠤᠯ ᠣᠯᠣᠰ ᠲᠤ ᠨᠡᠭᠦᠨ ᠬᠦᠷᠴᠣ ᠨᠣᠳᠣᠭᠰᠢᠪᠠ᠃ ᠲᠡᠭᠡᠭᠡᠳ ᠨᠣᠳᠤᠭ ᠲᠠᠭᠠᠨ ᠦᠯᠳᠡᠭᠰᠡᠨ ᠦᠵᠦᠮᠦᠴᠢᠨ ᠵᠡᠭᠦᠨ  ᠭᠠᠷᠠᠣᠨ ᠬᠤᠰᠢᠭᠤᠨ ᠤ ᠭᠡᠰᠡᠭ  ᠪᠦᠯᠦᠭ ᠠᠶᠢᠯ ᠤᠳ ᠪᠠ ᠦᠵᠦᠮᠦᠴᠢᠨ ᠪᠠᠷᠠᠭᠤᠨ ᠭᠠᠷᠠᠣᠨ ᠬᠤᠰᠢᠭᠤᠨ ᠤ  ᠨᠢᠭᠡ ᠪᠦᠯᠦᠭ ᠠᠶᠢᠯ ᠡᠷᠦᠬᠡ ᠨᠢ ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠠᠷᠢᠶ᠎ᠠ᠂ ᠰᠢᠯᠢ ᠶᠢᠨ ᠭᠤᠣᠯ ᠠᠶᠢᠮᠠᠭ ᠤᠨ ︽ᠵᠡᠭᠦᠨ ᠬᠤᠯᠪᠣᠭᠠᠳᠣ ᠬᠤᠰᠢᠭᠤ︾ ᠭᠡᠮᠡᠨ ᠨᠡᠷᠡᠶᠢᠳᠴᠣ ᠪᠠᠶᠢᠭᠰᠠᠨ ᠢᠶᠠᠨ ᠳᠠᠬᠢᠭᠠᠳ ᠳᠡᠭᠡᠷ᠎ᠡ ᠵᠠᠭᠤᠨ ᠤ ᠳᠠᠪᠢᠭᠠᠳ ᠣᠨ ᠪᠣᠯᠬᠤ ᠳᠤ ᠥᠪᠣᠷ ᠮᠣᠩᠭᠤᠯ ᠎ ᠤᠨ ᠰᠢᠯᠢ ᠶᠢᠨ ᠭᠤᠣᠯ ᠠᠶᠢᠮᠠᠭ ᠳᠤ ᠵᠠᠭᠦᠨ ᠪᠠᠷᠠᠭᠤᠨ ᠬᠤᠶᠠᠷ ᠦᠵᠦᠮᠦᠴᠢᠨ ᠬᠤᠰᠢᠭᠤ ᠪᠣᠯᠭᠠᠨ ᠬᠤᠪᠢᠶᠠᠵᠤ᠂ ᠣᠳᠣ ᠪᠣᠯᠬᠤ ᠳᠤ ᠨᠢᠭᠡᠨᠳᠡ ᠵᠠᠭᠤᠨ ᠢ ᠰᠣᠨᠳᠠᠯᠠᠭᠰᠠᠨ ᠲᠡᠣᠬᠡ ᠲᠠᠢ ᠪᠣᠯᠵᠡᠢ᠃ ᠲᠡᠳᠡᠨᠡᠷ ᠬᠠᠮᠢᠭ᠎ᠠ ᠪᠠᠶᠢᠭᠰᠠᠨ ᠴᠦ ᠮᠥᠨᠬᠦ  ︽ᠦᠵᠦᠮᠦᠴᠢᠨ︾ ᠬᠡᠮᠡᠬᠦ ᠨᠡᠷ᠎ᠡ ᠲᠤᠭ ᠢᠶᠠᠨ ᠳᠡᠭᠡᠵᠢᠯᠡᠵᠤ ᠶᠠᠪᠣᠨ᠎ᠠ᠃ ᠡᠨᠡ ᠪᠣᠯ ᠮᠥᠨᠴᠣ ᠲᠡᠣᠬᠡᠨ ᠳᠡᠭᠡᠷᠡᠬᠢ ᠶᠡᠭᠡ ᠨᠡᠭᠦᠳᠡᠯ  ᠪᠣᠯᠬᠤᠷ ᠲᠡᠭᠦᠨ ᠢ ᠵᠢᠷᠭᠤᠭᠠᠳᠣᠭᠠᠷ  ᠣᠳᠠᠭᠠᠨ ᠤ ᠶᠡᠭᠡ ᠨᠡᠭᠦᠳᠡᠯ ᠭᠡᠬᠦ ᠪᠣᠶᠣ ︽ᠥᠨᠥᠳᠣᠷ ᠤᠨ ᠦᠵᠦᠮᠦᠴᠢᠨ  ︾  ᠭᠡᠵᠤ ᠬᠡᠯᠡᠵᠤ ᠪᠣᠯᠣᠨ᠎ᠠ᠃      ᠮᠢᠨᠣ ᠡᠳᠡᠭᠡᠷ ᠰᠦᠪᠡᠭᠴᠢᠯᠡᠯᠳᠡ ᠪᠣᠯ ᠨᠠᠳᠠᠳᠣ ᠣᠯᠳᠠᠵᠦ ᠪᠦᠬᠦᠢ ᠮᠠᠲᠷᠢᠶᠠᠯ  ᠎ ᠢᠶᠠᠨ ᠦᠨᠳᠦᠰᠦᠯᠡᠨ᠂ ᠲᠡᠣᠬᠡᠨ ︽ᠶᠡᠭᠡ ᠨᠡᠭᠦᠳᠡᠯ︾ ᠪᠠ ᠵᠠᠮ ᠱᠣᠭᠤᠮ ᠢ  ᠪᠠᠷᠣᠭᠯᠠᠭᠰᠠᠨ ᠳᠡᠳᠣᠢ ᠪᠣᠯᠬᠤᠷ ᠲᠡᠶᠢᠮᠣ ᠣᠨᠣᠪᠴᠢᠲᠠᠢ ᠪᠢᠰᠢ ᠪᠠᠶᠢᠵᠤ ᠮᠡᠳᠡᠨ᠎ᠡ᠃ ᠳᠦᠭᠦᠮ ᠢᠶᠠᠷ ᠬᠡᠯᠡᠪᠡᠯ  ︽ᠦᠵᠦᠮᠦᠴᠢᠨ︾ ᠭᠡᠳᠡᠭ ᠠᠶᠢᠮᠠᠭ ᠤᠨ ᠲᠦᠷᠦᠭᠦᠴᠣᠳ ᠪᠣᠯ ᠶᠡᠷᠦ ᠎ ᠠᠴᠠ ᠬᠠᠭᠠᠨ ᠲᠠᠶᠢᠵᠢ ᠢᠵᠡᠭᠤᠷ ᠲᠠᠢ᠂ ᠪᠣᠷᠵᠢᠬᠢᠨ ᠣᠪᠣᠭ ᠤᠨ ᠨᠣᠶᠠᠳ ᠪᠠᠶᠢᠭᠰᠠᠨ ᠪᠠ  ᠵᠠᠭᠤ ᠭᠠᠷᠣᠢ ᠣᠪᠣᠭ ᠣᠭᠰᠠᠭ᠎ᠠ ᠶᠢ ᠬᠠᠮᠣᠷᠣᠭᠰᠠᠨ ᠶᠡᠬᠡᠬᠡᠨ ᠠᠶᠢᠮᠠᠭ ᠪᠣᠯᠣᠭᠰᠠᠨ ᠪᠠᠶᠢᠳᠠᠯ ᠲᠠᠢ ᠪᠦᠭᠡᠳ ︽ᠪᠠᠶᠢᠭᠠᠯ ᠳᠠᠯᠠᠢ︾᠎ ᠶᠢᠨ ᠬᠦᠪᠡᠭᠡᠨ ᠤ ᠠᠩᠴᠢᠨ ᠭᠥᠷᠥᠭᠡᠴᠢᠨ ᠪᠣᠶᠣ ᠡᠰᠡᠭᠦᠯ᠎ᠡ  ︽ᠣᠢ ᠶᠢᠨ ᠢᠷᠭᠡᠨ︾ ᠪᠠᠶᠢᠪᠠ ᠭᠡᠳᠡᠭ ᠢ ᠢᠲᠡᠭᠡᠵᠦ ᠪᠣᠯᠣᠮᠠᠷ ᠪᠠᠶᠢᠨ᠎ᠠ  ᠃  ᠳᠡᠭᠡᠷᠡᠬᠢ ᠶᠠᠪᠣᠴᠠ ᠶᠢ ᠪᠠᠷᠣᠭᠴᠠᠯᠠᠪᠠᠯ ᠦᠵᠦᠮᠦᠴᠢᠨ ᠨᠢ  ᠠᠯᠳᠠᠢ ᠬᠠᠩᠭᠠᠢ ᠪᠠᠷ ᠬᠤᠯᠬᠢᠨ ᠨᠡᠭᠦᠵᠦ᠂  ᠪᠠᠷᠠᠰ ᠬᠥᠯ᠂ ᠰᠢᠨᠵᠢᠶᠠᠩ  ᠂ ᠬᠦᠬᠡᠨᠠᠭᠤᠷ ᠪᠠᠷ ᠡᠮᠦᠨᠡᠰᠢᠯᠡᠨ᠂  ︽ᠮᠣᠨᠢ ᠠᠭᠤᠯᠠᠨ︾᠎ ᠤᠨ ᠠᠷᠣ ᠥᠪᠣᠷ ᠢᠶᠠᠷ ᠠᠶᠠᠯᠠᠨ ᠨᠡᠭᠦᠵᠤ᠂ ᠣᠳᠣ ᠶᠢᠨ  ︽ᠨᠣᠳᠤᠭ ᠣᠰᠣ︾  ᠎ ᠶᠢ ᠰᠣᠩᠭᠤᠭᠰᠠᠨ ᠪᠠᠶᠢᠬ᠎ᠠ ᠭᠡᠵᠤ  ᠦᠵᠡᠵᠦ ᠪᠠᠶᠢᠭ᠎ᠠ ᠪᠦᠭᠡᠳ ᠳᠠᠶᠢᠨ ᠳᠠᠵᠢᠨ ᠤ ᠦᠢᠮᠡᠭᠡᠨ ᠠᠴᠠ ᠵᠠᠶᠢᠯᠠᠵᠤ᠂ ᠬᠠᠯᠬ᠎ᠠ ᠶᠢᠨ ᠠᠷᠣ ᠬᠠᠩᠭᠠᠢ ᠪᠠᠷ ᠬᠦᠷᠴᠣ᠂ ᠨᠢᠭᠡ ᠦᠶ᠎ᠡ ᠮᠠᠯᠵᠢᠨ ᠰᠠᠭᠤᠭᠰᠠᠨ ᠭᠡᠳᠡᠭ ᠪᠣᠶᠣ ᠴᠢᠩ ᠣᠯᠣᠰ ᠤᠨ ᠦᠶ᠎ᠡ ᠳᠤ ᠳᠠᠬᠢᠭᠠᠳ ᠪᠣᠴᠠᠨ ᠨᠡᠭᠦᠵᠤ᠂ ᠬᠠᠭᠤᠴᠢᠨ ᠨᠣᠳᠤᠭ ᠳᠠᠭᠠᠨ ᠬᠦᠷᠦᠭᠰᠡᠨ ᠭᠡᠳᠡᠭ ᠶᠤᠮ᠃ ᠮᠥᠨᠴᠣ ᠳᠡᠯᠡᠬᠡᠢ ᠶᠢᠨ ᠬᠤᠶᠠᠳᠣᠭᠠᠷ ᠶᠡᠭᠡ ᠳᠠᠶᠢᠨ ᠤ ᠦᠶ᠎ᠡ ᠳᠤ  ᠦᠵᠦᠮᠦᠴᠢᠨ ᠤ ᠨᠢᠭᠡ ᠪᠦᠯᠦᠭ ᠨᠢ ᠮᠣᠩᠭᠤᠯ ᠣᠯᠣᠰ ᠤᠨ ᠳᠣᠷᠣᠨᠠᠳᠣ ᠠᠶᠢᠮᠠᠭ᠂ ᠰᠦᠬᠡᠪᠠᠭᠠᠳᠣᠷ ᠠᠶᠢᠮᠠᠭ ᠪᠠᠷ ᠬᠦᠷᠴᠦ ᠨᠣᠳᠣᠭᠰᠢᠨ ᠰᠠᠭᠤᠭᠰᠠᠨ ᠭᠡᠳᠡᠭ ᠶᠤᠮ᠃ ᠳᠣᠬᠠᠶᠢᠯᠠᠪᠠᠯ ᠡᠨᠡᠬᠦ ᠲᠡᠣᠬᠡᠨ ᠴᠠᠭ ᠬᠤᠭᠤᠴᠠᠭᠠᠨ ᠎ ᠳᠤ ᠦᠵᠦᠮᠦᠴᠢᠨ ᠠᠶᠢᠮᠠᠭ ᠨᠢ ︽ᠯᠢᠭᠳᠡᠨ ᠬᠤᠳᠣᠭᠳᠣ ᠬᠠᠭᠠᠨ︾ ᠪᠠ ︽ᠲᠦᠮᠡᠡ ᠵᠠᠰᠠᠭᠳᠣ ᠬᠠᠭᠠᠨ︾᠎ ᠢ ᠲᠠᠭᠠᠨ ᠂ ᠣᠮᠠᠷᠠᠰᠢ ᠵᠠᠶᠢᠯᠠᠨ ᠡᠮᠦᠨᠡᠰᠢ ᠨᠡᠭᠦᠨ ᠴᠢᠨᠠᠭᠰᠢᠯᠠᠪᠠᠯ ᠬᠢᠲᠠᠳ ᠣᠷᠣᠨ ᠤ ᠯᠢᠶᠣᠳᠦᠩ ᠣᠯᠳᠣᠷᠠᠭ ᠬᠦᠷᠲᠡᠯ᠎ᠡ ᠪᠠᠶᠢᠯᠳᠣᠵᠤ ᠶᠠᠪᠣᠭᠰᠠᠠ ᠲᠡᠣᠬᠡ ᠲᠠᠢ ᠪᠣᠯᠬᠤᠷ ᠦᠵᠦᠮᠦᠴᠢᠨ ᠠᠶᠢᠮᠠᠭ ᠤᠨ ᠶᠡᠭᠡ ᠨᠡᠭᠦᠳᠡᠯ ᠪᠣᠯ ᠳᠠᠭᠤᠣ ᠲᠠᠢ ᠴᠣᠣ ᠎ ᠲᠠᠢ ᠮᠥᠷᠲᠡᠭᠡᠨ ᠨᠡᠭᠦᠬᠦ ᠳᠣᠰᠣᠮ ᠢᠶᠠᠨ ᠬᠥᠭᠵᠢᠨ ᠳᠡᠭᠵᠢᠷᠡᠭᠰᠡᠨ ᠵᠡᠷᠭᠡ ᠣᠠᠴᠠᠯᠢᠭ ᠲᠠᠢ  ᠶᠡᠭᠡ ᠨᠡᠭᠦᠳᠡᠯ ᠶᠤᠮ᠃    ᠠᠰᠢᠭᠯᠠᠭᠰᠠᠨ ᠨᠣᠮ ᠤᠳ᠄         ①  ᠮᠠᠠᠰᠠᠩ ᠤᠨ ᠲᠠᠯᠠᠪᠣᠷᠢᠯᠠᠭᠰᠠᠨ ︽ᠮᠣᠩᠭᠤᠯ ᠨᠢᠭᠤᠴᠠ ᠳᠣᠪᠴᠢᠶᠠᠨ︾᠂         ②  ᠷᠠᠰᠢᠫᠣᠩᠰᠤᠭ ᠤᠨ ︽ᠪᠣᠯᠣᠷ ᠡᠷᠢᠬᠡ︾᠂           ③  ᠪᠣᠯᠠᠭ ᠨᠠᠷ ᠤᠨ ᠬᠠᠷᠭᠠᠭᠤᠯᠣᠭᠰᠠᠨ ︽ ᠬᠣ᠂ ᠠᠯᠳᠠᠨ ᠳᠣᠪᠴᠢ  ︾᠂         ④  ᠲᠦᠪᠳᠦᠨ ᠳᠡᠮᠡᠪᠡᠷᠢᠯ ᠨᠡᠷ ᠤᠨ ︽ᠴᠢᠩ ᠣᠯᠣᠰ ᠤᠨ ᠦᠶ᠎ᠡ ᠶᠢᠨ ᠦᠵᠦᠮᠦᠴᠢᠨ ᠵᠡᠭᠦᠨ ᠬᠤᠰᠢᠭᠤ︾᠂᠃         ⑤  ᠪᠠᠷᠠᠭᠤᠨ ᠦᠵᠦᠮᠦᠴᠢᠨ ᠤ ︽ᠪᠠᠷᠠᠭᠤᠨ ᠦᠵᠦᠮᠦᠴᠢᠨ ᠬᠤᠰᠢᠭᠤᠨ ᠤ ᠲᠡᠣᠬᠡ  ᠎ ᠶᠢᠨ ᠡᠮᠬᠢᠳᠭᠡᠯ ︵3︶︾᠂         ⑥  ᠨᠠᠮᠰᠠᠷᠠᠢ ᠶᠢᠨ ︽ᠳᠠᠶᠢᠴᠢᠩ ᠣᠯᠣᠰ ᠤᠨ ᠦᠶ᠎ᠡ ᠶᠢᠨ ᠮᠣᠩᠭᠤᠯ ᠤᠨ ᠲᠡᠣᠬᠡ︾᠂         ⑦  ᠵᠡᠭᠦᠨ ᠦᠵᠦᠮᠦᠴᠢᠨ ᠤ ︽ᠡᠵᠢᠨᠠᠭᠤᠷ ᠰᠡᠳᠭᠦᠯ  ︵2006᠂ 2︶︾  ᠂         ⑧  ᠪᠣᠣ ᠶᠢᠨ ᠵᠣ᠋ ᠨᠡᠷ ᠤᠨ ︽ᠬᠠᠯᠬ᠎ᠠ ᠳᠣᠪᠴᠢᠶᠠᠨ ︵ᠳᠣᠣᠷᠠᠳᠣ︶︾  ᠂         ⑨  ︽ᠪᠦᠭᠦᠳᠡ ᠨᠡᠶᠢᠷᠠᠮᠳᠠᠬᠤ ᠮᠣᠩᠭᠤᠯ ᠣᠯᠣᠰ ᠤᠨ ᠲᠡᠣᠬᠡ Ⅰ︵ᠳᠣᠣᠷᠠᠳᠣ︶︾  ᠃                                                        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号