ᠤᠷᠢᠶᠠᠩᠬᠠᠨ ᠤ᠂ ᠶᠤᠨᠳᠤᠨ | | ᠦᠵᠦᠮᠦᠴᠢᠨ ᠠᠳᠤᠭᠤᠨ ᠳᠠᠬᠢ ᠵᠠᠭᠠᠯ ᠵᠢᠰᠦᠮ ᠤᠨ ᠲᠤᠬᠠᠢ | ᠦᠵᠦᠮᠦᠴᠢᠨ ᠠᠳᠤᠭᠤᠨ ᠤ ᠦᠩᠭᠡ ᠵᠢᠰᠦᠮ ᠳᠤ ᠪᠡᠯᠭᠡᠳᠡᠯ ᠤᠨ ᠦᠩᠭᠡ ᠵᠢᠰᠦᠮ ᠤᠯᠠᠨ ᠲᠠᠯ᠎ᠠ ᠪᠠᠷ | ᠢᠯᠡᠷᠡᠳᠡᠭ ᠨᠡᠶᠢᠳᠡ ᠶᠢᠨ ᠰᠢᠨᠵᠢ ᠤᠨᠴᠠᠯᠢᠭ ᠲᠠᠢ ᠶᠤᠮ᠃ ᠡᠭᠦᠨ ᠳᠤ ᠠᠳᠤᠭᠤᠨ ᠤ ᠵᠠᠭᠠᠯ ᠵᠢᠰᠦᠮ ᠪᠤᠯ | ᠬᠦᠮᠦᠰ ᠤᠨ ᠠᠩᠬᠠᠷᠤᠯ ᠢ ᠶᠡᠬᠡᠳᠡ ᠲᠠᠳᠠᠵᠦ᠂ ᠮᠠᠯᠴᠢᠳ ᠵᠠᠭᠠᠯ ᠲᠠᠢ ᠠᠳᠤᠭᠤ ᠶᠢ ᠠᠳᠤᠭᠤ ᠦᠰᠬᠦ ᠪᠡᠯᠭᠡ | ᠰᠢᠨᠵᠢᠳᠠᠢ ᠭᠡᠵᠦ ᠦᠵᠡᠳᠡᠭ ᠶᠤᠮ᠃ ᠵᠡᠭᠦᠨ ᠦᠵᠦᠮᠦᠴᠢᠨ ᠬᠤᠰᠢᠭᠤᠨ ᠤ ᠪᠠᠶᠠᠠᠵᠢᠯᠠᠭᠠ ᠭᠠᠴᠠᠭ᠎ᠠ ᠶᠢᠨ ᠠᠳᠤᠭᠤᠨ | ᠰᠦᠷᠦᠭ ᠨᠢ ᠵᠠᠭᠠᠯ ᠲᠠᠢ ᠠᠳᠤᠭᠤ ᠶᠢ ᠦᠷᠡᠵᠢᠭᠦᠯᠦᠨ ᠦᠰᠭᠡᠵᠦ ᠪᠠᠶᠢᠭ᠎ᠠ ᠲᠠᠷᠬᠠᠨ ᠤᠷᠤᠨ ᠭᠡᠵᠦ ᠦᠵᠡᠯᠳᠡᠢ᠂ | ᠠᠳᠡ ᠪᠢ ᠠᠬᠠᠮᠠᠳ ᠮᠠᠯᠴᠢᠨ ᠰᠢᠷᠠᠨᠤᠳ ᠤᠪᠤᠭᠳᠤ ᠤᠷᠳᠤᠨᠠᠰᠤᠳᠤ ᠶᠢᠨ ᠰᠢᠷᠡᠮᠦᠨ ᠭᠤᠸᠠᠢ ᠲᠠᠢ ᠶᠠᠷᠢᠯᠴᠠᠵᠦ᠂ | ᠠᠳᠤᠭᠤᠨ ᠤ ᠵᠠᠭᠠᠯ ᠵᠢᠰᠦᠮ ᠤᠨ ᠨᠠᠷᠢᠨ ᠢᠯᠭᠠᠯ ᠢ ᠲᠤᠲᠤᠷᠠᠭᠤᠯᠤᠭᠰᠠᠨ ᠳᠠᠭᠠᠨ ᠪᠠᠭ᠋ᠠᠳᠤᠵᠦ ᠤᠯᠠᠨ ᠲᠠᠢ | ᠬᠤᠪᠢᠶᠠᠯᠴᠠᠬᠤ ᠳᠤ ᠤᠷᠮᠠᠳᠠᠢ ᠪᠠᠶᠢᠨ᠎ᠠ᠃ ᠤᠷᠢᠳᠠᠪᠠᠷ ᠪᠢᠳᠡ ᠵᠠᠭᠠᠯ ᠵᠢᠰᠦᠮ ᠤᠨ ᠲᠤᠬᠠᠢ ᠲᠤᠮᠤᠭ᠂ ᠤᠯᠠᠮᠵᠢᠯᠠᠯᠳᠤ | ᠬᠠᠭᠤᠴᠢ ᠬᠦᠦᠷᠨᠢᠭᠡ᠂ ᠤᠳᠤᠬᠢ ᠪᠠᠶᠢᠳᠠᠯ ᠵᠡᠷᠭᠡ ᠲᠠᠯ᠎ᠠ ᠪᠠᠷ ᠬᠤᠷᠢᠶᠠᠩᠭᠤᠶᠢᠯᠠᠨ ᠲᠦᠭᠦᠮ ᠦᠬᠦᠯᠡᠰᠦᠭᠡᠢ᠄ | ᠨᠢᠭᠡ᠂ ᠵᠠᠭᠠᠯ ᠵᠢᠰᠦᠮ ᠤᠨ ᠲᠤᠬᠠᠢ ᠦᠵᠦᠮᠦᠴᠢᠨ ᠲᠤᠮᠤᠭ ᠲᠤ᠄ | ᠡᠷᠳᠡ ᠤᠷᠢᠳᠦ ᠴᠠᠭ ᠲᠤ᠂ ᠪᠤᠭᠳᠠ ᠴᠢᠩᠭᠢᠰ ᠤᠨ ᠬᠤᠶᠠᠷ ᠵᠠᠭᠠᠯ ᠬᠡᠨᠳᠠᠢ ᠬᠠᠨ ᠪᠤᠷᠬᠠᠨ ᠬᠠᠯᠳᠣᠨ ᠠᠴᠠ | ᠪᠡᠯᠴᠢᠭᠡᠷ ᠤᠨ ᠰᠣᠷᠭᠤᠭ ᠣᠰᠣᠨ ᠤ ᠲᠤᠩᠭᠠᠯᠠᠭ ᠢ ᠲᠠᠭᠠᠨ ᠶᠠᠪᠤᠭᠰᠠᠭᠠᠷ ᠡᠪᠡᠰᠣᠳᠣ ᠲᠠᠯ᠎ᠠ ᠪᠠᠷ ᠢᠷᠡᠵᠦ᠂ ᠤᠯᠠᠭᠠᠢ | ᠭᠤᠤᠯ ᠤᠨ ᠣᠷᠣᠰᠬᠠᠯ ᠠᠴᠠ ᠤᠮᠳᠠᠯᠠᠨ᠂ ᠴᠠᠪᠴᠢᠷ ᠤᠨ ᠪᠡᠯᠴᠢᠭᠡᠷ ᠲᠤ ᠲᠠᠰᠣᠭᠰᠡᠨ ᠪᠠᠶᠢᠵᠡᠢ᠃ ᠨᠢᠭᠡᠨ ᠡᠳᠦᠷ | ᠶᠡᠭᠡ ᠵᠠᠭᠠᠯ ᠨᠢ ᠡᠬᠡ ᠨᠤᠳᠤᠭ ᠡᠯᠢᠭᠡᠨ ᠰᠦᠷᠦᠭ ᠢᠶᠠᠨ ᠰᠠᠨᠠᠭᠠᠯᠵᠠᠵᠦ ᠪᠤᠴᠠᠬᠤ ᠭᠡᠰᠡᠨ ᠳᠤ ᠲᠡᠭᠦᠤ ᠵᠠᠭᠠᠯ ᠨᠢ᠄ ︽ | ᠤᠯᠠᠭᠠᠢ ᠶᠢᠨ ᠭᠤᠷᠪᠠᠨ ᠤᠷᠣᠰᠬᠠᠯ ᠤᠨ ᠣᠰᠣ ᠨᠢ ᠶᠠᠭᠠᠬᠢᠭᠰᠡᠨ ᠲᠤᠩᠭᠠᠯᠠᠭ ᠪᠤᠢ᠂ ᠤᠡᠭᠭᠤᠨ ᠭᠤᠷᠪᠠᠨ | ᠴᠠᠪᠴᠢᠷ ᠤᠨ ᠡᠪᠡᠰᠦ ᠨᠢ ᠶᠠᠭᠠᠬᠢᠭᠰᠡᠨ ᠰᠣᠷᠭᠤᠭ ᠪᠤᠢ︕︾ ᠭᠡᠵᠦ ᠲᠠᠳᠠᠭᠠᠯᠵᠠᠭᠰᠡᠨ ᠢᠶᠠᠷ ᠶᠡᠭᠡ ᠵᠠᠭᠠᠯ ᠨᠢ | ᠲᠡᠭᠦᠤ ᠪᠠᠨ ᠬᠦᠯᠢᠶᠡᠵᠦ᠂ ᠲᠡᠭᠦᠤ ᠵᠠᠭᠠᠯ ᠨᠢ ᠤᠯᠠᠭᠠᠢ ᠭᠤᠤᠯ ᠢ ᠰᠢᠷᠳᠡᠭᠰᠡᠨ ᠲᠦᠷᠬᠦ ᠪᠠᠷ ᠬᠡᠷᠦᠬᠡ ᠬᠤᠶᠠᠷ ᠬᠠᠳᠠ | ᠪᠤᠯᠤᠨ ᠬᠤᠪᠢᠯᠣᠭᠰᠡᠨ ᠨᠢ ᠲᠡᠷᠡ ᠶᠣᠮ ᠭᠡᠨ᠎ᠡ᠂ ᠡᠵᠡᠨ ᠤ ᠬᠤᠶᠠᠷ ᠵᠠᠭᠠᠯ ᠠᠳᠡ ᠨᠤᠳᠤᠭᠰᠢᠭᠰᠡᠨ ᠢᠶᠠᠷ | ᠦᠵᠦᠮᠦᠴᠢᠨ ᠨᠤᠳᠤᠭ ᠲᠤ ᠵᠠᠭᠠᠯ ᠵᠢᠰᠦᠮ ᠤᠨ ᠠᠳᠣᠭᠤ ᠤᠯᠠᠨ ᠭᠠᠷᠳᠠᠭ ᠪᠠ ᠠᠳᠤᠭᠤᠨ ᠰᠦᠷᠦᠭ ᠦᠨᠢᠷ | ᠦᠰᠦᠯᠳᠠ ᠲᠠᠢ ᠪᠠᠶᠢᠳᠠᠭ ᠨᠢ ᠲᠡᠭᠦᠨ ᠠᠴᠠ ᠪᠤᠯᠤᠭᠰᠠᠨ ᠭᠡᠳᠡᠭ᠃ ᠡᠨᠡ ᠬᠡᠷᠦᠭᠡ ᠬᠠᠳᠠ ᠡᠳᠦᠭᠡ ᠪᠠᠶᠠᠠᠭᠤᠪᠢ | ᠭᠠᠴᠠᠭ᠎ᠠ ᠶᠢᠨ ᠨᠤᠲᠤᠭ ᠲᠤ ᠪᠠᠶᠢᠬᠤ ᠪᠦᠭᠡᠳ ᠯᠠᠮᠠ ᠶᠢᠨ ᠬᠦᠷᠢᠶ᠎ᠡ ᠠᠴᠠ ᠵᠡᠭᠦᠨ ᠤᠷᠤᠭᠰᠢ ᠭᠤᠴᠢᠨ ᠭᠠᠵᠠᠷ ᠤᠨ | ᠵᠠᠶᠢᠳᠠᠢ ᠳᠤ ᠪᠤᠢ᠃ | ᠵᠠᠭᠠᠯ ᠭᠡᠳᠡᠭ ᠪᠤᠯ ᠠᠳᠤᠭᠤᠨ ᠤ ᠨᠢᠭᠡ ᠵᠦᠢᠯ ᠤᠨ ᠵᠢᠰᠦᠮ ᠤᠨ ᠬᠡᠯᠪᠡᠷᠢ ᠪᠠ ᠲᠠᠭᠤᠳᠠᠯᠭ᠎ᠠ ᠪᠤᠯᠤᠨ᠎ᠠ᠂ | ᠵᠠᠭᠠᠯ ᠳᠡᠮᠳᠡᠭ ᠨᠢ ᠰᠠᠷᠠᠯ ᠮᠤᠷᠢᠨ ᠳᠤ ᠭᠤᠤᠯᠳᠠᠭᠤ ᠭᠠᠷᠳᠠᠭ ᠪᠦᠭᠡᠳ ᠮᠤᠨᠳᠠᠭᠠᠨ ᠠᠴᠠ ᠲᠤᠷᠤᠭᠰᠢ ᠬᠤᠶᠠᠷ | ᠲᠠᠯᠤ ᠪᠠᠨ ᠲᠠᠭᠠᠭᠰᠠᠨ ᠬᠦᠨᠳᠡᠯᠡᠨ ᠪᠤᠶᠤ ᠡᠯᠳᠡᠪ ᠬᠡᠯᠪᠡᠷᠢ ᠶᠢᠨ ᠵᠢᠷᠤᠭᠠᠰᠤ ᠮᠡᠳᠦ ᠪᠠᠶᠢᠵᠦ᠂ ᠲᠡᠭᠡᠷ᠎ᠡ ᠠᠴᠠ ᠪᠠᠨ | ᠲᠤᠷᠤᠭᠰᠢ ᠪᠠᠨ ᠵᠢᠷᠤᠭᠠᠰᠤ ᠪᠤᠶᠤ ᠬᠡ ᠨᠢ ᠪᠠᠭᠠᠰᠴᠦ ᠨᠠᠷᠢᠰᠤᠨ᠎ᠠ᠂ ᠬᠠᠷ᠎ᠠ ᠭᠤᠤᠯ ᠲᠠᠢ ᠬᠤᠯᠠ ᠪᠤᠶᠤ ᠬᠤᠸᠠ | ᠰᠠᠷᠠᠯ ᠮᠤᠷᠢᠨ ᠳᠤ ᠡᠯᠪᠡᠭ ᠬᠠᠷᠠᠭᠳᠠᠳᠠᠭ᠂ ᠴᠠᠭᠠᠨ ᠰᠠᠷᠠᠯ ᠮᠤᠷᠢᠨ ᠳᠤ ᠢᠯᠡᠷᠡᠬᠦ ᠨᠢ ᠬᠠᠷᠢᠨ ᠨᠢ ᠬᠤᠪᠤᠷ ᠪᠠᠶᠢᠳᠠᠭ᠂ | ᠡᠶᠢᠮᠦᠷᠬᠦ ᠵᠠᠭᠠᠯ ᠲᠠᠢ ᠮᠤᠷᠢ ᠶᠢ ᠲᠡᠭᠷᠢ ᠶᠢᠨ ᠰᠡᠳᠡᠷᠳᠦ ᠬᠦᠯᠦᠭ ᠬᠡᠮᠡᠨ ᠪᠡᠯᠭᠡᠰᠢᠶᠡᠵᠦ ᠶᠠᠷᠢᠳᠠᠭ ᠰᠠᠨ᠂ ᠡᠶᠢᠮᠦᠷᠬᠦ | ᠲᠡᠭᠷᠢ ᠶᠢᠨ ᠰᠡᠳᠡᠷᠳᠤ ᠮᠤᠷᠢ ᠭᠠᠷᠪᠠᠯ ᠠᠳᠤᠭᠤ ᠦᠰᠦᠨ᠎ᠡ ᠭᠡᠳᠡᠭ ᠶᠤᠮ᠃ | ᠬᠤᠶᠠᠷ᠂ ᠵᠠᠭᠠᠯ ᠵᠢᠰᠦᠮ ᠤᠨ ᠬᠠᠭᠤᠴᠢ ᠬᠦᠷᠨᠢᠭᠡ | ᠦᠵᠦᠮᠦᠴᠢᠨ ᠠᠳᠤᠭᠤᠨ ᠳᠤ ᠵᠠᠭᠠᠯ ᠵᠢᠰᠦᠮ ᠨᠢ ᠲᠠᠰᠤᠷᠠᠯ ᠦᠭᠡᠢ ᠢᠯᠡᠷᠡᠳᠡᠭ ᠢᠶᠠᠷ ᠦᠯᠦ ᠪᠠᠷᠠᠮ ᠡᠨᠡᠬᠦ | ᠦᠯᠵᠡᠢ ᠪᠡᠯᠭᠡ ᠪᠠᠷ ᠠᠳᠤᠭᠤᠳ ᠨᠢ ᠴᠦ ᠶᠡᠭᠡ ᠦᠰᠳᠡᠭ ᠪᠠᠶᠢᠭᠰᠠᠨ ᠶᠤᠮ ᠪᠠᠶᠢᠨ᠎ᠠ᠂ ᠲᠡᠤᠬᠡ ᠲᠡᠮᠳᠡᠭᠯᠡᠯ ᠬᠢᠭᠡᠳ | ᠬᠠᠭᠤᠴᠢ ᠶᠠᠷᠢᠶ᠎ᠠ ᠠᠴᠠ ᠦᠵᠡᠭᠰᠡᠨ ᠴᠤ ᠡᠳᠡᠭᠡᠷ ᠤᠴᠢᠷ ᠦᠨᠡᠮᠰᠢᠭᠦᠰᠢᠳᠡᠢ ᠪᠠᠶᠢᠨ᠎ᠠ᠃ | ⑴ ︽ᠲᠦᠮᠡᠨ ᠴᠠᠭᠠᠨ ᠠᠳᠣᠭᠤ ᠲᠠᠢ ᠪᠠᠶᠠᠨ ᠰᠧᠭᠮᠢᠳ︾ ᠭᠡᠬᠦ ᠬᠠᠭᠤᠴᠢ ᠶᠠᠷᠢᠶᠠᠨ ᠳᠤ᠄ | ᠤᠷᠢᠳᠦ ᠦᠵᠦᠮᠦᠴᠢᠨ ᠪᠡᠶᠢᠯᠡ ᠶᠢᠨ ᠬᠤᠰᠢᠭᠤᠨ ᠤ ᠲᠦᠮᠡᠨ ᠴᠠᠭᠠᠨ ᠠᠳᠣᠭᠤ ᠲᠠᠢ ᠪᠠᠶᠠᠨ ᠰᠧᠭᠮᠢᠳ ᠤᠨ | ᠭᠡᠳᠡᠭ ᠠᠶᠢᠯ ᠪᠠᠶᠢᠵᠡᠢ᠃ ᠰᠧᠭᠮᠢᠳ ᠢ ᠭᠤᠷᠪᠠᠨ ᠴᠡᠩᠭᠡᠯᠳᠠᠢ ᠬᠠᠪᠢ ᠪᠠᠷ ᠶᠠᠪᠤᠵᠦ ᠪᠠᠶᠢᠳᠠᠯ᠎ᠠ᠂ ᠡᠮᠦᠨ᠎ᠡ ᠨᠢ ᠠᠯᠳᠠᠨ | ᠤᠨᠠᠭ᠎ᠠ ᠶᠠᠪᠤᠵᠦ ᠪᠠᠶᠢᠭᠠᠳ ᠭᠠᠭᠴᠠ ᠬᠤᠮᠤᠤᠯ ᠤᠨᠠᠭᠠᠳ ᠬᠦᠶᠦᠵᠦ ᠤᠳᠤᠭᠰᠡᠨ ᠪᠠᠶᠢᠵᠡᠢ᠃ ᠲᠡᠷᠡ ᠬᠤᠮᠤᠤᠯ ᠢ | ᠠᠪᠴᠢᠷᠠᠵᠦ ᠲᠠᠯᠠᠯᠠᠭᠠᠨ ᠳᠠᠭᠠᠨ ᠲᠠᠬᠢᠭᠰᠡᠨ ᠢᠶᠠᠷ ᠡᠳᠡᠨ ᠤ ᠠᠳᠣᠭᠤ ᠨᠢ ᠶᠡᠭᠡ ᠦᠰᠦᠭᠰᠡᠨ ᠭᠡᠳᠡᠭ᠃ ᠭᠡᠪᠡᠴᠤ | ᠲᠡᠷᠡ ᠤᠨᠠᠭ᠎ᠠ ᠭᠠᠭᠴᠠ ᠬᠤᠮᠤᠤᠯ ᠤᠨᠠᠭᠠᠭᠰᠡᠨ ᠢᠶᠠᠷ ᠰᠧᠭᠮᠢᠳ ᠤᠨ ᠨᠢᠭᠡ ᠯᠡ ᠦᠶ᠎ᠡ ᠳᠤ ᠠᠳᠣᠭᠤ ᠪᠠᠷ ᠵᠤᠵᠠᠭᠠᠨ | ᠪᠤᠯᠤᠭᠰᠡᠨ ᠭᠡᠨ᠎ᠡ᠃ | ᠰᠧᠭᠮᠢᠳ ᠤᠨ ᠠᠳᠣᠭᠤᠨ ᠳᠤ ᠵᠠᠭᠠᠯ ᠲᠠᠢ ᠰᠠᠷᠠᠯ ᠵᠢᠰᠦᠮ ᠤᠨ ᠬᠤᠶᠠᠷ ᠡᠷᠳᠡᠨᠢ ᠶᠢᠨ ᠬᠦᠯᠦᠭ ᠢᠯᠡᠷᠡᠭᠰᠡᠨ | ᠶᠤᠮ ᠭᠡᠨ᠎ᠡ᠃ ᠰᠧᠭᠮᠢᠳ ᠤᠨ ᠳᠤ ᠠᠳᠣᠭᠤᠴᠢᠨ ᠪᠠᠶᠢᠭᠰᠡᠨ ᠨᠢᠭᠡ ᠬᠦᠮᠦᠨ᠂ ᠮᠠᠨᠵᠦ ᠶᠢᠨ ᠬᠠᠭᠠᠨ ᠤ ᠵᠠᠷᠯᠢᠭ ᠢᠶᠠᠷ | ᠦᠵᠦᠮᠦᠴᠢᠨ ᠤ ᠲᠦᠮᠡᠨ ᠴᠠᠭᠠᠨ ᠠᠳᠣᠭᠤ ᠲᠠᠢ ᠰᠧᠭᠮᠢᠳ ᠪᠠᠶᠠᠨ ᠤ ᠰᠦᠷᠦᠭ ᠠᠴᠠ ᠵᠠᠭᠠᠯ ᠲᠠᠢ ᠡᠷᠳᠡᠨᠢ ᠶᠢᠨ | ᠬᠦᠯᠦᠭ ᠢ ᠰᠢᠨᠵᠢᠵᠦ ᠤᠯᠤᠭᠠᠳ ᠪᠤᠴᠠᠬᠤ ᠳᠠᠭᠠᠨ ᠪᠡᠭᠡᠵᠢᠩ ᠳᠤ ᠬᠠᠭᠠᠰᠬᠠᠨ ᠡᠳᠦᠷ ᠶᠠᠪᠤᠭᠠᠳ ᠬᠦᠷᠴᠤ ᠬᠠᠭᠠᠨ | ᠳᠤ ᠡᠷᠭᠦᠭᠰᠡᠨ ᠭᠡᠳᠡᠭ᠂ ᠨᠦᠬᠦᠭᠡ ᠨᠢᠭᠡ ᠵᠠᠭᠠᠯ ᠲᠠᠢ ᠰᠠᠷᠠᠯ ᠮᠤᠷᠢ ᠨᠢ ᠴᠢᠨ᠋ᠸ᠎ᠠ ᠳᠤ ᠢᠳᠡᠭᠳᠡᠭᠰᠡᠨ ᠭᠡᠯᠴᠡᠳᠡᠭ ᠪᠢᠯᠡ᠃ | | ᠰᠧᠭᠮᠢᠳ ᠤᠨ ᠠᠳᠣᠭᠤ ᠶᠡᠭᠡ ᠦᠰᠴᠤ ᠲᠦᠮᠡ ᠭᠦᠷᠥᠭᠰᠡᠨ ᠴᠢᠨᠢ ᠬᠤᠶᠠᠷ ᠪᠣᠭᠳᠠ ᠶᠢᠨ ᠠᠷᠣ ᠠᠴᠠ | ᠰᠧᠶᠡᠯᠵᠢ ᠶᠢᠨ ᠭᠤᠤᠯ ᠵᠦᠭ ᠴᠣᠪᠣᠵᠣ ᠣᠰᠣ ᠣᠣᠭᠤᠵᠣ ᠪᠠᠶᠢᠰᠠᠭᠠᠷ ᠪᠣᠭᠳᠠ ᠶᠢᠨ ᠣᠷᠣᠢ ᠣᠨᠢ ᠭᠠᠷᠴᠣ᠂ | ᠬᠤᠶᠠᠷ ᠪᠣᠭᠳᠠ ᠭᠡᠬᠦ ᠪᠣᠯᠣᠭᠰᠠᠨ ᠭᠡᠳᠡᠭ᠃ ᠭᠤᠶᠤᠨ ᠤ ᠠᠷᠤ ᠶᠢᠨ ᠭᠤᠤ ︵ᠪᠠᠰᠠ ᠭᠠᠯ ᠡᠩᠭᠡᠷ ᠭᠡᠳᠡᠭ︶ ᠳᠤ | ᠭᠠᠷᠤᠭᠰᠡᠨ ᠤᠨᠠᠭ᠎ᠠ ᠪᠤᠯ ᠰᠠᠶᠢᠨ ᠮᠤᠷᠢ ᠪᠤᠯᠳᠠᠭ ᠶᠤᠮ ᠭᠡᠨ᠎ᠡ᠃ ᠨᠢᠭᠡ ᠡᠳᠦᠷ ᠰᠧᠭᠮᠢᠳ ᠤᠨ ᠬᠢ ᠠᠳᠣᠭᠤᠨ | ᠳᠠᠭᠠᠨ ᠰᠠᠶᠢᠨ ᠮᠤᠷᠢ ᠲᠦᠷᠦᠭᠦᠯᠦᠨ᠎ᠡ ᠭᠡᠵᠦ ᠡᠨᠡᠬᠦ ᠭᠤᠤ ᠳᠤ ᠠᠳᠣᠭᠤ ᠪᠠᠨ ᠡᠳᠦᠷ ᠰᠦᠨᠢ ᠬᠤᠶᠡᠷ ᠬᠤᠷᠢᠭᠠᠳ | ᠭᠡᠭᠦᠳ ᠨᠢ ᠤᠨᠠᠭᠠᠯᠠᠭᠰᠡᠨ ᠦᠭᠡᠢ ᠪᠤᠯᠬᠤᠷ ᠤᠰᠤᠨ ᠵᠦᠭ ᠲᠠᠯᠪᠢᠳᠠᠭ ᠶᠤᠮ ᠪᠠᠶᠢᠨ᠎ᠠ᠃ ᠭᠤᠤ ᠠᠴᠠ ᠭᠠᠷᠤᠭᠰᠠᠨ | ᠡᠨᠡᠤᠭᠡᠨ ᠬᠤᠭᠤᠷᠤᠨᠳᠤ ᠭᠤᠷᠪᠠᠨ ᠵᠠᠭᠤ ᠭᠠᠷᠤᠢ ᠭᠡᠭᠦᠦ ᠤᠨᠠᠭᠠᠯᠠᠭᠰᠡᠨ ᠪᠠᠶᠢᠵᠠᠢ᠃ ᠭᠡᠳᠡᠯ᠎ᠡ ᠭᠤᠶᠤᠨ ᠤ ᠠᠷᠤ ᠶᠢᠨ | ᠭᠤᠤ ᠶᠢᠨ ᠲᠤᠤᠷᠠᠳᠣ ᠠᠮᠠᠨ ᠳᠤ ᠨᠢᠭᠡ ᠯᠡ ᠬᠡᠬᠦᠦ ᠤᠨ᠋ᠨᠭᠠᠯᠠᠵᠦ ᠬᠤᠴᠤᠷᠤᠭᠰᠠᠨ ᠶᠤᠮ ᠭᠡᠨ᠎ᠡ᠂ ᠱᠤᠳᠣᠩ | ᠪᠤᠭᠤᠷᠤᠯ ᠤᠨᠠᠭ᠎ᠠ ᠭᠠᠷᠤᠭᠰᠡᠨ ᠨᠢ ᠬᠤᠵᠢᠮ ᠨᠢ ᠶᠡᠭᠡᠯ᠎ᠡ ᠨᠠᠷᠡᠳᠡᠢ ᠭᠦᠶᠦᠳᠡᠭ ᠮᠤᠷᠢ ᠪᠤᠯᠤᠭᠰᠡᠨ ᠬᠡᠯᠴᠡᠳᠡᠭ᠃ | ⑵ ︽ᠵᠢᠪᠬᠤᠭᠠᠳᠤ ᠠᠳᠤᠭᠤᠴᠢᠨ ᠯᠾᠠᠰᠦ᠋ᠷᠦᠩᠵᠠᠪ︾ ᠭᠡᠬᠦ ᠦᠬᠦᠯᠡᠯ ᠳᠤ᠄ | ᠮᠠᠨᠳᠤᠬᠤᠪᠤᠯᠠᠭ ᠮᠠᠯᠵᠢᠯ ᠤᠨ ᠲᠠᠯᠠᠪᠠᠢ ᠶᠢᠨ ᠲᠤᠰᠤᠨᠨᠠᠭᠤᠷ ᠪᠠᠷᠢᠭᠠᠳᠠ ᠶᠢᠨ ᠠᠳᠤᠭᠤᠴᠢᠨ | ᠯᠾᠠᠰᠦ᠋ᠷᠦᠩᠵᠠᠪ ᠢᠶᠠᠷ ᠬᠠᠮᠳᠤ ᠨᠠᠶᠢᠳᠠ ᠶᠢᠨ ᠠᠳᠤᠭᠤᠨ ᠰᠦᠷᠦᠭ ᠢ ᠠᠷᠠᠴᠢᠯᠠᠨ ᠮᠠᠯᠵᠢᠵᠦ᠂ ᠠᠳᠤᠭᠤᠨ | ᠰᠦᠷᠦᠭ ᠢᠶᠠᠨ ᠮᠢᠩᠭ᠎ᠠ ᠶᠢᠨ ᠲᠤᠭ᠎ᠠ ᠶᠢ ᠲᠠᠪᠠᠭᠤᠯᠤᠨ ᠦᠰᠭᠡᠵᠦ ᠶᠠᠪᠤᠵᠠᠢ᠂ ᠲᠡᠭᠦᠨ ᠤ ᠲᠤᠷᠠᠰᠬᠤ ᠪᠠᠷ᠂ ᠮᠢᠩᠭᠠᠨ | ᠴᠠᠭᠠᠨ ᠰᠦᠷᠦᠭ ᠠᠴᠠ ᠨᠢ ᠤᠨᠴᠤᠭᠤᠢ ᠳᠡᠮᠳᠡᠭ ᠲᠠᠢ ᠬᠤᠶᠠᠷ ᠵᠠᠭᠠᠯ ᠰᠠᠷᠡᠯ ᠤᠨᠠᠭ᠎ᠠ ᠢᠯᠡᠷᠡᠭᠰᠡᠨ ᠶᠤᠮ ᠭᠡᠨ᠎ᠡ᠂ | ᠦᠵᠦᠮᠦᠴᠢᠨ ᠪᠤᠭᠤᠷᠤᠯ ᠤᠳ ᠡᠭᠦᠨ ᠢ ᠡᠵᠡᠨ ᠴᠢᠩᠭᠢᠰ ᠤᠨ ᠬᠤᠶᠠᠷ ᠵᠠᠭᠠᠯ ᠤᠨ ᠪᠦᠷᠢᠯᠸ᠎ᠠ᠂ ᠡᠶᠢᠮᠦᠷᠬᠦ ᠵᠠᠭᠠᠯ ᠲᠠᠢ | ᠮᠤᠷᠢ ᠶᠢ ᠲᠡᠭᠷᠢ ᠶᠢᠨ ᠰᠡᠳᠡᠷᠳᠦ ᠬᠦᠯᠦᠭ ᠬᠡᠮᠡᠨ ᠪᠡᠯᠭᠡᠰᠢᠶᠡᠵᠦ ᠶᠠᠷᠢᠳᠠᠭ ᠰᠠᠨ᠂ ᠡᠨᠡᠬᠦ ᠵᠦᠩᠨᠠᠯ ᠪᠡᠯᠭᠡᠳᠡᠯ ᠢᠶᠠᠷ | ᠨᠢᠭᠡ ᠶᠢ ᠨᠢ ᠨᠠᠶᠢᠷ ᠤᠨ ᠲᠡᠷᠢᠭᠦᠨ ᠪᠦᠭᠡ ᠡᠷᠢᠶᠡᠠᠭᠤᠪᠢ ᠶᠢᠨ ᠴᠢᠮᠠᠳ ᠤᠨ ᠱᠠᠩᠨᠠᠯ ᠳᠤ ᠬᠦᠷᠭᠡᠭᠰᠡᠨ ᠪᠦᠭᠡᠳ | ᠨᠦᠭᠦᠭᠡ ᠨᠢᠭᠡ ᠶᠢ ᠨᠢ ᠲᠡᠭᠦᠤ ᠪᠤᠶᠠᠨᠴᠤᠭᠳᠤ ᠨᠢ ᠬᠠᠶᠢᠷᠠᠯᠠᠨ ᠮᠤᠷᠢ ᠬᠢᠵᠦ ᠤᠨᠤᠯᠠ ᠭᠡᠳᠡᠭ᠃ | ᠭᠤᠷᠪᠠ᠂ ᠵᠢᠯᠠᠭ᠎ᠠ ᠶᠢᠨ ᠨᠤᠲᠤᠭ ᠳᠠᠬᠢ ᠵᠠᠭᠠᠯᠳᠤ ᠠᠳᠤᠭᠤᠳ | ᠵᠡᠭᠦᠨ ᠦᠵᠦᠮᠦᠴᠢᠨ ᠤ ᠪᠠᠶᠠᠠᠵᠢᠯᠠᠭᠠ ᠭᠠᠴᠠᠭᠠᠨ ᠤ ᠰᠢᠷᠠᠨᠤᠤᠳ ᠤᠪᠤᠭᠳᠤ ᠤᠷᠳᠤᠨᠠᠰᠤᠳᠤ ᠶᠢᠨ ᠰᠢᠷᠠᠮᠤᠨ | ᠭᠤᠸᠠᠢ ᠶᠢᠨ ᠬᠤᠸᠠ ᠬᠤᠯᠠ ᠵᠢᠰᠦᠮ ᠤᠨ ᠠᠳᠤᠭᠤᠳ ᠲᠠᠢ ᠪᠠᠶᠢᠵᠦ᠂ ᠵᠠᠭᠠᠯ ᠵᠢᠰᠦᠮ ᠲᠠᠢ ᠨᠢ ᠤᠯᠠᠩᠬᠢ | ᠲᠤᠭ᠎ᠠ ᠶᠢ ᠡᠵᠡᠯᠡᠨ᠎ᠡ᠂ ᠵᠠᠭᠠᠯ ᠳᠤ ᠲᠠᠪᠤᠨ ᠵᠦᠢᠯ ᠤᠨ ᠵᠢᠰᠦᠮ ᠪᠤᠢ᠂ ᠡᠭᠦᠨ ᠳᠤ ᠰᠡᠳᠡᠷ ᠵᠠᠭᠠᠯ᠂ ᠰᠢᠪᠠᠭᠤᠨ ᠵᠠᠭᠠᠯ | ᠂ ᠰᠠᠭᠯᠠᠭᠠᠷ ᠵᠠᠭᠠᠯ᠂ ᠡᠭᠦᠯᠡᠨ ᠵᠠᠭᠠᠯ᠂ ᠤᠳᠤᠨ ᠵᠠᠭᠠᠯ ᠭᠡᠵᠦ ᠢᠯᠭᠠᠨ᠎ᠠ᠂ ᠡᠶᠢᠮᠦᠷᠬᠦ ᠵᠠᠭᠠᠯ ᠵᠢᠰᠦᠮ ᠤᠨ | ᠠᠳᠤᠭᠤᠳ ᠤᠨ ᠡᠪᠦᠳᠦᠭ ᠪᠤᠷᠪᠢ ᠶᠢ ᠨᠢ ᠲᠠᠭᠠᠭᠠᠳ ᠪᠠᠷᠰ ᠤᠨ ᠡᠷᠢᠶᠡᠨ ᠬᠡ ᠭᠠᠷᠳᠠᠭ ᠵᠢᠮ᠎ᠡ ᠲᠠᠢ᠃ | ᠰᠡᠳᠡᠷ ᠵᠠᠭᠠᠯ — ᠮᠤᠨᠳᠠᠭᠠᠨ ᠠᠴᠠ ᠬᠤᠶᠠᠷ ᠲᠠᠯ᠎ᠠ ᠳᠠᠭᠠᠨ ᠪᠠᠭᠤᠭᠰᠠᠨ ᠰᠤᠳᠠᠯ ᠲᠡᠮᠳᠡᠭ ᠬᠡᠯᠡᠨ᠎ᠡ | ᠰᠢᠪᠠᠭᠤᠨ ᠵᠠᠭᠠᠯ — ᠬᠦᠵᠦᠭᠦᠨ ᠵᠦᠭ ᠨᠢᠭᠡ ᠰᠠᠯᠠᠭ᠎ᠠ᠂ ᠲᠠᠯᠤ ᠪᠠᠨ ᠲᠠᠭᠠᠭᠰᠠᠨ ᠬᠤᠶᠠᠷ ᠰᠠᠯᠠᠭ᠎ᠠ | ᠰᠤᠳᠠᠯ ᠪᠠᠶᠢᠵᠦ᠂ ᠶᠠᠭ ᠯᠡ ᠰᠢᠪᠠᠭᠤᠨ ᠤ ᠬᠦᠯ ᠰᠢᠭ ᠲᠡᠮᠳᠡᠭ ᠶᠢ ᠬᠡᠯᠡᠨ᠎ᠡ | ᠰᠠᠭᠯᠠᠭᠠᠷ ᠵᠠᠭᠠᠯ — ᠲᠤᠤᠷ᠎ᠠ ᠠᠴᠠ ᠲᠡᠭᠡᠭᠰᠢ ᠪᠠᠨ ᠮᠤᠳᠤᠨ ᠤ ᠨᠠᠮᠠᠭ᠎ᠠ ᠮᠡᠳᠦ ᠰᠠᠷᠪᠠᠭᠠᠷ ᠰᠢᠭ᠋ ᠲᠡᠮᠳᠡᠭ | ᠲᠠᠢ ᠶᠢ ᠬᠡᠯᠡᠨ᠎ᠡ | ᠡᠭᠦᠯᠡᠨ ᠵᠠᠭᠠᠯ — ᠲᠡᠭᠡᠭᠦᠷ ᠢᠶᠠᠨ ᠪᠦᠯᠦᠭ ᠪᠦᠯᠦᠭ ᠢᠶᠠᠷ ᠡᠭᠦᠯᠡ ᠮᠡᠳᠦ ᠮᠤᠰᠬᠢᠷᠠᠭᠰᠠᠨ ᠬᠡᠯᠪᠡᠷᠢ ᠲᠠᠢ | ᠲᠡᠮᠳᠡᠭ ᠶᠢ ᠬᠡᠯᠡᠨ᠎ᠡ | ᠤᠳᠤᠨ ᠵᠠᠭᠠᠯ — ᠮᠤᠨᠳᠠᠭᠠᠨ ᠠᠴᠠ ᠲᠤᠷᠤᠭᠰᠢ ᠭᠡᠰᠡᠭ ᠭᠡᠰᠡᠭ ᠪᠤᠳᠠᠷᠠᠭᠰᠠᠨ ᠮᠠᠶ᠋ᠢᠭ ᠤᠨ ᠲᠤᠰᠤᠯ | ᠰᠢᠭ᠋ ᠲᠡᠮᠳᠡᠭ ᠢ ᠬᠡᠯᠡᠨ᠎ᠡ ᠭᠡᠵᠦ ᠠᠳᠤᠭᠤᠴᠢᠨ ᠰᠢᠷᠡᠮᠦᠨ ᠲᠠᠶᠢᠯᠪᠤᠷᠢᠯᠠᠨ᠎ᠠ᠃ | ᠰᠢᠷᠡᠮᠦᠨ ᠤ ᠬᠡᠯᠡᠬᠦ ᠪᠠᠷ᠂ ᠮᠠᠨ ᠤ ᠠᠳᠤᠭᠤ ᠪᠤᠯ ᠷᠤᠯᠮ᠎ᠠ ᠵᠠᠩᠬᠢ ᠶᠢᠨ ᠠᠳᠤᠭᠤᠨ ᠤ ᠤᠳᠤᠮ ᠪᠤᠯᠬᠤ ᠶᠤᠮ᠃ | ᠮᠠᠯ ᠪᠡᠯᠴᠢᠭᠡᠷ ᠬᠤᠪᠢᠶᠠᠬᠤ ᠦᠶ᠎ᠡ ᠳᠤ ᠨᠠᠳᠠ ᠳᠤ ᠵᠠᠭᠠᠯ ᠠᠵᠢᠷᠭ᠎ᠠ ᠲᠠᠢ ᠠᠳᠤᠭᠤᠳ ᠬᠤᠪᠢᠶᠠᠭᠳᠠᠭᠰᠠᠨ ᠳ᠋ᠠ ᠂ | ᠢᠩᠭᠢᠭᠡᠳ ᠪᠢ ᠵᠠᠭᠠᠯ ᠠᠳᠤᠭᠤᠨ ᠤ ᠡᠵᠡᠨ ᠪᠤᠯᠵᠦ ᠴᠢᠳᠠᠭᠰᠠᠨ ᠶᠤᠮ᠃ ᠪᠠᠰᠠ ᠨᠢᠭᠡᠨ ᠵᠦᠢᠯ ᠤᠨ ᠵᠤᠯ ᠵᠠᠪᠰᠢᠶᠠᠨ | ᠪᠤᠯᠬᠤ ᠳᠠᠭᠠᠨ ᠲᠠᠭᠠᠷᠠᠨ᠎ᠠ᠃ ᠤᠶᠢᠷ᠎ᠠ ᠶᠢᠨ ᠭᠠᠩ ᠤᠨ ᠵᠢᠯ ᠤᠳ ᠲᠤ᠂ ᠨᠤᠲᠤᠭ ᠪᠡᠯᠴᠢᠭᠡᠷ ᠤᠨ ᠴᠢᠬᠤᠯᠠᠴᠢᠯᠭ᠎ᠠ ᠪᠠᠷ | ᠪᠢ ᠠᠷᠭ᠎ᠠ ᠦᠭᠡᠢ ᠪᠤᠯᠬᠤ ᠳᠠᠭᠠᠨ ᠠᠳᠤᠭᠤ ᠪᠠᠨ ᠠᠵᠢᠷᠭ᠎ᠠ ᠪᠠᠷ ᠨᠢ ᠬᠤᠳᠠᠯᠳᠤᠨ ᠴᠦᠭᠡᠷᠡᠭᠦᠯᠦᠭᠰᠡᠨ ᠶᠤᠮ᠂ | ᠬᠠᠶᠢᠷᠠᠯᠠᠯ᠎ᠠ ᠭᠡᠳ ᠶᠠᠮᠠᠷ ᠲᠤᠰᠠ᠂ ᠪᠡᠯᠴᠢᠭᠡᠷ ᠦᠭᠡᠢ ᠶᠤᠮ ᠴᠢᠨᠢ᠂ ᠡᠷᠳᠡᠨᠢ ᠮᠡᠳᠦ ᠡᠯᠳᠡᠪ ᠵᠦᠢᠯ ᠤᠨ ᠰᠠᠶᠢᠬᠠᠨ | ᠵᠠᠭᠠᠯ ᠲᠠᠢ ᠠᠳᠤᠭᠤᠳ ᠢᠶᠠᠨ ᠢᠩᠭᠢᠭᠡᠳ ᠯᠠ ᠴᠦᠭᠡᠷᠡᠭᠦᠯᠴᠢᠭᠡᠯᠡ ᠰᠢᠳᠡ᠃ | ᠡᠨᠡ ᠠᠳᠤᠭᠤᠨ ᠤ ᠲᠡᠤᠬᠡᠨ ᠦᠩᠭᠡᠷᠡᠯᠳᠡ ᠠᠴᠠ ᠲᠦᠬᠦᠮ ᠶᠠᠷᠢᠭᠠᠳ ᠦᠭᠭᠦᠨ᠎ᠡ ᠤᠤ ᠭᠡᠬᠦ ᠳᠤ ᠲᠡᠷᠡ | ᠢᠩᠭᠢᠵᠦ ᠶᠠᠷᠢᠯ᠎ᠠ᠄ | ᠷᠤᠯᠮ᠎ᠠ ᠵᠠᠩᠬᠢ ᠪᠤᠯ ᠮᠠᠨ ᠤ ᠪᠠᠷᠢᠭᠠᠳᠠ ᠶᠢᠨ ᠬᠦᠮᠦᠨ᠂ ᠵᠠᠭᠠᠯ ᠠᠳᠤᠭᠤᠳ ᠢᠶᠠᠷ ᠨᠡᠷ᠎ᠡ ᠲᠠᠢ ᠴᠤ ᠠᠶᠢᠯ | ᠶᠠᠪᠤᠭᠰᠠᠨ ᠶᠤᠮ᠃ 1950 ᠭᠠᠳ ᠤᠨ ᠤ ᠡᠬᠢ ᠪᠠᠷ ᠡᠳᠡᠨᠡᠶᠢᠬᠢᠨ ᠬᠤᠸᠠ ᠬᠤᠯᠠ ᠬᠤᠶᠠᠷ ᠵᠠᠭᠠᠯ ᠲᠠᠢ ᠠᠵᠢᠷᠭ᠎ᠠ | ᠠᠳᠤᠭᠤᠳ ᠨᠢ ᠢᠯᠠᠭᠠᠷᠬᠠᠨ ᠰᠠᠯᠬᠢᠳᠠᠵᠦ᠂ ᠬᠠᠯᠬ᠎ᠠ ᠳᠤ ᠭᠦᠶᠦᠵᠦ ᠤᠷᠤᠭᠰᠠᠨ ᠢᠶᠠᠷ ᠠᠯᠳᠠᠵᠦ ᠶᠠᠪᠤᠭᠤᠯᠤᠭᠰᠠᠨ | ᠪᠠᠶᠢᠵᠠᠢ᠃ ᠲᠠᠷᠠᠭ᠎ᠠ ᠨᠠᠮᠤᠷ ᠨᠢ ᠬᠠᠯᠬ᠎ᠠ ᠶᠢᠨ ᠬᠠᠷ᠎ᠠ ᠠᠳᠤᠭᠤ ᠤᠷᠤᠵᠦ ᠢᠷᠡᠬᠦ ᠦᠶ᠎ᠡ ᠳᠤ ᠬᠤᠸᠠ ᠠᠵᠢᠷᠭ᠎ᠠ ᠨᠢ | ᠲᠠᠯ ᠢ ᠨᠢ ᠠᠪᠤᠴᠢᠭᠰᠠᠨ ᠬᠦᠭᠡᠭᠡᠭᠳᠡᠨ ᠤᠷᠤᠵᠦ ᠢᠷᠡᠵᠡᠢ᠃ ᠡᠵᠡᠨ ᠵᠢᠭᠠᠬᠠᠨ ᠪᠠᠳᠤ ᠨᠢ ᠠᠳᠤᠭᠤᠨ ᠤ | ᠲᠤᠲᠤᠷ᠎ᠠ ᠠᠴᠠ ᠦᠵᠡᠮᠡᠭᠴᠡ ᠲᠠᠨᠢᠭᠰᠠᠨ ᠢᠶᠠᠷ ᠬᠢᠯᠢ ᠶᠢᠨ ᠴᠡᠷᠢᠭ ᠤᠨ ᠲᠤᠷᠵᠢᠵᠠᠪ ᠭᠡᠬᠦ ᠲᠠᠷᠤᠭ᠎ᠠ ᠳᠤ ᠬᠡᠯᠡᠵᠦ | ᠠᠪᠤᠭᠠᠳ ᠬᠤᠴᠦᠷᠴᠠᠢ᠂ ᠰᠡᠭᠦᠯᠡᠷ ᠨᠢ ᠲᠡᠷᠡ ᠠᠵᠢᠷᠭ᠎ᠠ ᠶᠢ ᠲᠠᠯ ᠢ ᠨᠢ ᠠᠪᠤᠭᠰᠠᠨ ᠢᠶᠠᠷ ︽ᠯᠠᠮᠠ ᠠᠵᠢᠷᠭ᠎ᠠ︾ | ᠭᠡᠵᠦ ᠨᠡᠷᠡᠯᠡᠬᠦ ᠪᠤᠯᠵᠠᠢ᠃ ᠮᠠᠯ ᠬᠤᠪᠢᠶᠠᠬᠤ ᠳᠤ᠂ ᠡᠨᠡ ᠯᠠᠮᠠ ᠠᠵᠢᠷᠭ᠎ᠠ ᠶᠢᠨ ᠤᠳᠤᠮ ᠨᠢ ᠨᠠᠳᠠ ᠳᠤ ᠢᠷᠡᠭᠰᠡᠨ ᠢᠶᠠᠷ | ᠬᠤᠶᠠᠷ ᠠᠵᠢᠷᠭ᠎ᠠ ᠠᠳᠤᠭᠤ ᠲᠠᠢ ᠪᠤᠯᠵᠠᠢ᠂ ᠡᠭᠦᠨ ᠳᠤ ᠬᠤᠷᠢ ᠭᠠᠷᠤᠢ ᠨᠢ ᠵᠠᠭᠠᠯ ᠲᠠᠢ ᠠᠳᠤᠭᠤᠳ ᠪᠤᠯᠤᠭᠰᠠᠨ | ᠶᠤᠮ᠃ | ᠵᠢᠷᠠᠭᠠᠳ ᠤᠨ ᠤ ᠡᠬᠢᠨ ᠳᠤ᠂ ᠯᠠᠮᠠ ᠠᠵᠢᠷᠭ᠎ᠠ ᠨᠢ ᠤᠯᠠᠩᠬᠢ ᠨᠢ ᠪᠦᠷ ᠬᠤᠸᠠ ᠬᠤᠯᠠᠭᠴᠢ ᠬᠡᠭᠦᠳ ᠲᠠᠢ | ᠪᠠᠶᠢᠭᠰᠠᠨ᠂ ᠡᠭᠦᠨ ᠠᠴᠠ ᠬᠤᠶᠠᠷ ᠴᠠᠭᠠᠨ ᠰᠠᠷᠠᠯ ᠵᠠᠭᠠᠯ ᠲᠠᠢ ᠡᠷ᠎ᠡ ᠤᠨᠠᠭ᠎ᠠ ᠭᠠᠷᠤᠭᠰᠠᠨ᠂ ᠬᠤᠶᠠᠭᠤᠯᠠ ᠴᠡᠷᠢᠭ ᠤᠨ | ᠠᠭᠳᠠᠨ ᠳᠤ ᠶᠠᠪᠤᠭᠰᠠᠨ᠂ ᠲᠠᠯᠠᠭᠠᠳ ᠤᠨ ᠤ ᠡᠬᠢ ᠪᠠᠷ ᠪᠠᠰᠠ ᠬᠤᠶᠠᠷ ᠴᠠᠭᠠᠨ ᠰᠠᠷᠠᠯ ᠵᠠᠭᠠᠯ ᠲᠠᠢ ᠤᠨᠠᠭ᠎ᠠ | ᠭᠠᠷᠤᠭᠰᠠᠨ᠂ ᠬᠠᠮᠳᠤ ᠨᠡᠶᠢᠳᠡ ᠪᠠᠶᠢᠭᠰᠠᠨ ᠢᠶᠠᠷ ᠬᠦᠮᠦᠨ ᠤ ᠤᠨᠤᠭᠠᠨ ᠳᠤ ᠲᠤᠬᠢᠷᠠᠭᠤᠯᠤᠭᠳᠠᠨ ᠡᠳ᠋ᠯᠡᠭᠳᠡᠭᠰᠡᠨ ᠶᠤᠮ᠃ | ᠡᠭᠦᠨ ᠤ ᠨᠢᠭᠡ ᠰᠠᠷᠠᠯ ᠨᠢ ᠴᠢᠮᠡᠳ ᠤᠨ ᠤᠨᠤᠭᠠᠨ ᠳᠤ ᠪᠠᠶᠢᠭᠠᠳ᠂ ᠴᠢᠮᠡᠳ ᠭᠤᠸᠠᠢ ᠤᠶᠠᠵᠦ ᠰᠠᠭᠠᠮᠠᠢ ᠶᠢᠨ | ᠲᠦᠮᠡᠨ ᠦᠬᠡᠷ ᠤᠨ ᠨᠠᠶᠢᠷ ᠤᠨ ᠡᠮᠡᠭᠡᠯᠳᠦ ᠮᠤᠷᠢᠨ ᠤ ᠤᠷᠤᠯᠳᠤᠭᠠᠨ ᠤ ᠲᠡᠷᠢᠭᠦᠨ ᠱᠠᠩ ᠢ ᠲᠤᠰᠴᠤ ᠪᠠᠶᠢᠭᠰᠠᠨ᠂ | 1994 ᠤᠨ ᠤ ᠡᠵᠢᠨᠠᠭᠤᠷ ᠰᠤᠮᠤᠨ ᠤ ᠶᠡᠭᠡ ᠨᠠᠶᠢᠷ ᠲᠤ᠂ ᠪᠢᠯᠢᠭᠳᠦ ᠶᠢᠨ ᠬᠤᠩᠭᠤᠷ᠂ ᠰᠤᠮᠢᠶ᠎ᠠ ᠶᠢᠨ ᠬᠤᠸᠠ | ᠬᠤᠶᠠᠭᠤᠯᠠ ︵ᠵᠠᠭᠠᠯ ᠠᠳᠤᠭᠤᠨ ᠤ ᠤᠳᠤᠮ︶ ᠠᠯᠤᠰ ᠤᠨ ᠮᠤᠷᠢᠨ ᠤ ᠤᠷᠤᠯᠳᠤᠭᠠᠨ ᠳᠤ ᠲᠡᠷᠢᠭᠦᠨ ᠳᠡᠳ᠋ ᠶᠢ ᠨᠢ | ᠠᠪᠴᠤ ᠪᠠᠶᠢᠭᠰᠠᠨ ᠶᠤᠮ᠂ ᠬᠤᠶᠠᠭᠤᠯᠠ ᠪᠠᠨ ᠵᠠᠭᠠᠯ ᠲᠠᠢ ᠮᠤᠷᠢ ᠪᠤᠯᠤᠨ᠎ᠠ᠂ ᠷᠤᠯᠮ᠎ᠠ ᠶᠢᠨ ᠳᠤ ᠪᠠᠰᠠ ᠨᠢᠭᠡᠨ | ᠮᠤᠯᠭᠤᠷ ᠬᠤᠯᠠ ᠭᠡᠳᠡᠭ ᠶᠡᠭᠡ ᠭᠦᠶᠦᠳᠡᠭ ᠮᠤᠷᠢ ᠪᠠᠶᠢᠭᠰᠠᠨ᠂ ᠲᠡᠭᠦᠨ ᠤ ᠬᠦᠪᠡᠭᠦᠨ ᠲᠠᠪᠢᠠ ᠬᠡᠳᠦᠨ ᠤᠨ ᠤ | ᠠᠶᠢᠮᠠᠭ ᠤᠨ ᠶᠡᠭᠡ ᠨᠠᠶᠢᠷ ᠲᠤ ᠲᠠᠯᠪᠢᠭᠠᠳ ᠲᠡᠳ᠋ᠯᠡᠵᠦ ᠪᠠᠶᠢᠭᠰᠠᠨ ᠲᠡᠤᠬᠡ ᠲᠠᠢ ᠶᠤᠮ᠂ ᠡᠭᠦᠨ ᠠᠴᠠ ᠡᠨᠡ ᠵᠠᠭᠠᠯ | ᠲᠠᠢ ᠠᠳᠤᠭᠤᠳ ᠨᠢ ᠶᠡᠭᠡ ᠬᠤᠷᠳᠤᠨ ᠬᠦᠯᠦᠭ ᠤᠨ ᠰᠢᠨᠳᠠᠰᠤ ᠲᠠᠢ᠂ ᠰᠠᠶᠢᠨ ᠤᠳᠤᠮ ᠤᠨ ᠠᠳᠤᠭᠤᠳ ᠭᠡᠵᠦ | ᠬᠡᠯᠡᠵᠦ ᠪᠤᠯᠤᠨ᠎ᠠ᠃ ᠲᠠᠯᠠᠭᠠᠳ ᠤᠨ ᠳᠤ ᠪᠠᠶᠠᠷᠮᠠᠩᠨᠠᠢ ᠶᠢᠨ ᠵᠠᠭᠠᠯᠳᠤ ᠬᠤᠸᠠ ᠭᠡᠬᠦ ᠠᠵᠢᠷᠭ᠎ᠠ ᠶᠢᠨ ᠬᠡᠷᠡᠩᠬᠡᠳᠦ | ᠬᠠᠷᠠᠭᠴᠢ ᠭᠡᠭᠦᠤ ᠠᠴᠠ ᠰᠢᠪᠠᠭᠤᠨ ᠵᠠᠭᠠᠯ ᠲᠠᠢ ᠢᠬᠡᠷ᠎ᠡ ᠤᠨᠠᠭ᠎ᠠ ᠭᠠᠷᠤᠭᠰᠠᠨ ᠳᠤ ᠪ᠊᠂ ᠷᠠᠰᠢ ᠭᠡᠳᠡᠭ ᠬᠦᠮᠦᠨ | ᠤᠰᠤᠯ ᠭᠠᠷᠬᠤ ᠠᠴᠠ ᠰᠡᠷᠭᠡᠶᠢᠯᠡᠨ ᠭᠠᠳᠠᠨ᠎ᠠ ᠪᠠᠨ ᠠᠪᠠᠴᠢᠨ ᠲᠤᠯᠤᠭ᠎ᠠ ᠬᠤᠨᠤᠭ ᠠᠷᠭᠠᠮᠵᠢᠭᠠᠳ ᠭᠤᠶᠠᠨ ᠳᠤᠨᠢ | ᠭᠠᠷᠬᠠᠨ ᠲᠠᠮᠠᠭ᠎ᠠ ᠲᠠᠷᠤᠭᠠᠳ ᠠᠳᠤᠭᠤᠨ ᠳᠤ ᠨᠡᠶᠢᠯᠡᠭᠦᠯᠦᠨ ᠲᠠᠯᠪᠢᠭᠰᠠᠨ ᠰᠦᠨᠢ ᠨᠢ ᠢᠬᠡᠷ᠎ᠡ ᠤᠨᠠᠭ᠎ᠠ ᠶᠢ | ᠬᠤᠶᠠᠭᠤᠯᠠ ᠶᠢ ᠴᠢᠨ᠋ᠸ᠎ᠠ ᠢᠳᠡᠭᠰᠡᠨ ᠶᠤᠮ ᠭᠡᠨ᠎ᠡ᠂ ᠲᠡᠭᠡᠭᠡᠳ ᠠᠳᠤᠭᠤᠴᠢᠳ ᠲᠡᠷᠡ ᠬᠠᠷᠠᠭᠴᠢ ᠭᠡᠭᠦᠤ ᠪᠠᠨ | ᠬᠠᠶᠢᠷᠠᠯᠠᠨ ᠵᠦᠨᠤᠳ᠋ᠨᠭᠡᠵᠦ ᠦᠭᠦᠭᠦᠯᠦᠭᠰᠡᠨ ᠪᠠᠶᠢᠵᠠᠢ᠃ | ᠰᠢᠷᠡᠮᠤᠨ ᠪᠤᠯ ᠤᠤᠯ ᠤᠨ ᠦᠵᠦᠮᠦᠴᠢᠨ ᠪᠠᠷᠠᠭᠤᠨ ᠭᠠᠷᠤᠨ ᠬᠤᠰᠢᠭᠤᠨ ᠤ ᠵᠢᠷᠭᠤᠭᠠᠨ ᠲᠠᠶᠢᠵᠢ ᠶᠢᠨ ᠬᠠᠷᠢᠶᠡᠳᠤ | ᠰᠢᠷᠠᠨᠤᠳ ᠤᠪᠤᠭᠳᠤ ᠮᠠᠯᠴᠢᠨ ᠠᠶᠢᠯ ᠳᠤ 1949 ᠤᠨ ᠳᠤ ᠵᠠᠶᠠᠭᠠᠵᠠᠢ᠃ ᠲᠡᠷᠡ ᠭᠠᠴᠠᠭ᠎ᠠ ᠰᠤᠮᠤ ᠱᠠᠳᠤᠨ ᠤ | ᠬᠦᠳᠡᠯᠮᠦᠷᠢ ᠶᠢᠨ ᠵᠢᠱᠢᠶᠡᠴᠢ ᠪᠠᠷ ᠤᠯᠠᠨᠳᠠ ᠰᠤᠩᠭᠤᠭᠳᠠᠵᠦ᠂ 1993᠂ 1996 ᠤᠨ ᠳᠤ ᠲᠤᠰ ᠲᠤᠰ ᠵᠡᠭᠦᠨ | ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠤᠨ ︽ᠬᠦᠳᠡᠯᠮᠦᠷᠢ ᠶᠢᠨ ᠵᠢᠱᠢᠶᠡᠴᠢ︾ ᠪᠠᠷ ᠦᠨᠡᠯᠡᠭᠳᠡᠨ | ᠴᠤᠯᠠᠯᠠᠭᠳᠠᠵᠦ᠂ ᠠᠶᠢᠯ ᠡᠷᠦᠬᠡ ᠪᠠᠨ ︽ᠮᠢᠩᠭᠠᠳᠤ ᠶᠢᠨ ᠡᠷᠦᠬᠡ︾ ᠪᠤᠯᠭᠠᠵᠦ᠂ ᠠᠮᠢᠳᠤᠷᠠᠯ ᠦᠢᠯᠡᠰ ᠢᠶᠠᠨ ᠲᠤᠬᠢᠳᠡᠢ | ᠡᠵᠡᠩᠨᠡᠨ ᠶᠠᠪᠤᠭᠰᠠᠨ ᠢᠶᠠᠷ ᠠᠷᠠᠳ ᠮᠠᠯᠴᠢᠳ ᠲᠠᠭᠠᠨ ᠬᠦᠷᠢᠶᠡᠯᠡᠯ ᠲᠠᠢ᠂ ᠠᠷᠠᠳ ᠤᠨ ᠲᠦᠷᠦ ᠳᠡᠭᠡᠨ ᠰᠠᠶᠢᠰᠢᠶᠠᠯ | ᠲᠠᠢ ᠨᠢᠭᠡᠨ ᠪᠠᠶᠢᠵᠦ ᠪᠢᠯᠡ᠃ ᠤᠳᠤ ᠰᠢᠷᠡᠮᠦᠨ ᠭᠤᠸᠠᠢ ᠶᠢᠨ ᠠᠳᠤᠭᠤ ᠨᠢ ᠴᠤ ᠲᠠᠬᠢᠨ ᠦᠰᠴᠤ ᠲᠠᠪᠢᠭᠠᠳ | ᠲᠤᠭᠠᠨ ᠤ ᠬᠤᠶᠠᠷ ᠠᠵᠢᠷᠭ᠎ᠠ ᠠᠳᠤᠭᠤᠳ ᠪᠠᠶᠢᠬᠤ ᠪᠠ ᠡᠭᠦᠨ ᠳᠤ ᠵᠠᠭᠠᠯ ᠲᠠᠢ ᠠᠳᠤᠭᠤᠳ ᠨᠢ ᠤᠯᠠᠩᠬᠢ | ᠲᠤᠭ᠎ᠠ ᠶᠢ ᠡᠵᠡᠯᠡᠨ᠎ᠡ᠂ ᠵᠠᠭᠠᠯ ᠲᠠᠢ ᠠᠳᠤᠭᠤᠳ ᠨᠢ ᠪᠤᠰᠤᠳ ᠡᠷᠦᠬᠡ ᠳᠤ ᠴᠤ ᠤᠯᠠᠰᠢᠷᠠᠵᠦ ᠪᠠᠶᠢᠨ᠎ᠠ᠂ ᠡᠭᠦᠨ ᠠᠴᠠ | ᠤᠰᠠᠳᠤᠮᠠᠷ ᠪᠤᠯᠤᠭᠰᠠᠨ ᠵᠠᠭᠠᠯ ᠲᠠᠢ ᠠᠳᠤᠭᠤ ᠶᠢᠨ ᠤᠭᠰᠠᠭ᠎ᠠ ᠤᠳᠤᠮ ᠮᠦᠨ ᠦᠵᠦᠮᠦᠴᠢᠨ ᠨᠤᠲᠤᠭ ᠲᠤ | ᠬᠠᠳᠠᠭᠠᠯᠠᠭᠳᠠᠵᠦ ᠪᠠᠶᠢᠬᠤ ᠪᠦᠭᠡᠳ ᠲᠠᠬᠢᠨ ᠠᠮᠢᠯᠠᠯ ᠤᠨ ᠬᠦᠴᠦᠨ ᠢᠶᠠᠨ ᠤᠯᠵᠦ ᠪᠠᠶᠢᠨ᠎ᠠ ᠭᠡᠰᠡᠨ ᠢ ᠬᠠᠷᠠᠭᠤᠯᠵᠦ | ᠪᠠᠶᠢᠨ᠎ᠠ᠃ ᠡᠶᠢᠮᠦ ᠪᠠᠷ ᠪᠠᠶᠠᠠᠵᠢᠯᠠᠭᠠ ᠭᠠᠴᠠᠭ᠎ᠠ ᠶᠢ ︽ᠲᠡᠭᠷᠢ ᠶᠢᠨ ᠰᠡᠳᠡᠷᠳᠦ — ᠵᠠᠭᠠᠯᠳᠦ ᠠᠳᠤᠭᠤᠨ ᠤ | ᠦᠯᠦᠭᠡᠢ︾ ᠭᠡᠵᠦ ᠨᠡᠷᠡᠶᠢᠳᠴᠦ ᠪᠤᠯᠬᠤ ᠪᠦᠭᠡᠳ ᠡᠯ᠎ᠡ ᠱᠠᠳᠤᠨ ᠤ ᠠᠳᠤᠭᠤᠨ ᠰᠤᠶᠤᠯ ᠤᠨ ᠨᠡᠶᠢᠭᠡᠮᠯᠢᠭ ᠨᠢ | ᠡᠶᠢᠮᠦᠷᠬᠦ ᠤᠨᠴᠤᠭᠤᠢ ᠵᠢᠰᠦᠮ ᠤᠨ ᠰᠢᠯᠢᠳᠡᠭ ᠡᠭᠦᠯᠳᠡᠷ ᠤᠨ ᠠᠳᠤᠭᠤ ᠶᠢ ᠬᠠᠮᠠᠭᠠᠯᠠᠬᠤ ᠴᠢᠬᠤᠯᠠ ᠪᠦᠬᠦᠢ ᠠᠷᠭ᠎ᠠ | ᠬᠡᠮᠵᠢᠶ᠎ᠡ ᠪᠠ ᠬᠠᠷᠠᠭᠠᠯᠵᠠᠯᠠᠯ ᠢ ᠦᠵᠡᠭᠦᠯᠪᠡᠯ ᠵᠤᠬᠢᠨ᠎ᠡ᠃ | | ᠬᠦᠬᠡᠭᠴᠢᠨ ᠬᠤᠨᠢᠨ ᠵᠢᠯ ᠤᠨ ᠵᠤᠨ᠎ᠠ᠂ ᠤᠯᠢᠶᠠᠰᠢᠲᠠᠢ ᠳᠤ᠃ |