ᠤᠷᠢᠶᠠᠩᠬᠠᠨ ᠤ᠂ ᠶᠤᠨᠳᠤᠨ | | ᠦᠵᠦᠮᠦᠴᠢᠨ ᠤ ᠲᠡᠦᠬᠡ ᠰᠣᠶᠤᠯ ᠤᠨ ᠬᠦᠭᠵᠢᠯᠳᠡ ᠬᠢᠭᠡᠳ ᠲᠡᠭᠦᠨ ᠤ ᠨᠤᠳᠤᠭ ᠤᠷᠤᠨ ᠤ | ᠵᠢᠳᠭᠦᠯᠳᠡᠳ ᠤᠨ ᠳᠣᠬᠠᠢ | ᠣᠷᠳᠣ ᠣᠳᠠᠭᠠᠨ ᠲᠡᠦᠬᠡ ᠶᠢᠨ ᠬᠦᠭᠵᠢᠯ ᠤᠨ ᠶᠠᠪᠤᠴᠠ ᠳᠤ᠂ ᠦᠵᠦᠮᠦᠴᠢᠨ ᠳᠤ ᠮᠠᠰᠢ ᠤᠯᠠᠨ ᠲᠡᠦᠬᠡ | ᠰᠣᠶᠣᠯ ᠤᠨ ᠭᠠᠷᠮᠠᠭᠠᠢ ᠮᠡᠷᠭᠡᠳ᠂ ᠰᠣᠶᠣᠯ ᠤᠨ ᠵᠢᠳᠭᠦᠯᠳᠡᠳ ᠢᠯᠡᠷᠡᠨ ᠭᠠᠷᠴᠣ ᠮᠤᠩᠭᠤᠯ ᠰᠣᠶᠣᠯ ᠤᠨ | ᠦᠪ ᠳᠡᠭᠡᠨ ᠶᠡᠬᠡᠬᠡᠨ ᠬᠦᠷᠦᠩᠭᠡ ᠨᠡᠮᠡᠷᠢᠯᠡᠵᠦ᠂ ᠲᠡᠦᠬᠡᠨ ᠬᠠᠭᠤᠳᠠᠰᠤᠨ ᠳᠤ ᠨᠡᠷ᠎ᠡ ᠪᠠᠨ ᠮᠦᠡᠭᠬᠡᠯᠡᠭᠰᠡᠨ ᠰᠠᠶᠢᠬᠠᠨ | ᠤᠯᠠᠮᠵᠢᠯᠠᠯ ᠲᠠᠢ ᠶᠤᠮ ᠃ ᠦᠵᠦᠮᠦᠴᠢᠨᠴᠣᠳ ᠨᠢ ᠤᠢ ᠪᠢᠯᠢᠭ ᠤᠶᠤᠨ ᠤᠬᠠᠭᠠᠨ ᠬᠤᠷᠴᠠᠯᠢᠭ᠂ ᠲᠡᠦᠬᠡ | ᠰᠣᠶᠣᠯ ᠳᠠᠭᠠᠨ ᠶᠡᠷᠦ ᠪᠤᠰᠤ ᠶᠢᠨ ᠬᠠᠶᠢᠷᠠᠳᠠᠢ᠂ ᠦᠪᠡᠷ ᠤᠨ ᠤᠨᠴᠠᠯᠢᠭ ᠪᠦᠬᠦᠢ ᠵᠠᠩ ᠦᠢᠯᠡ᠂ ᠲᠡᠦᠬᠡ ᠪᠠᠨ | ᠶᠠᠷᠢᠵᠦ ᠰᠠᠨᠠᠭᠠᠯᠵᠠᠬᠤ ᠳᠣᠷᠠᠳᠠᠢ ᠠᠷᠡᠳ ᠲᠦᠮᠡᠨ ᠲᠠᠢ ᠪᠢᠯᠡ᠃ | ᠦᠵᠦᠮᠦᠴᠢᠨ ᠳᠡᠭᠡᠳᠦᠰ ᠤᠨ ᠦᠪᠯᠡᠨ ᠦᠯᠡᠳᠡᠭᠡᠭᠰᠡᠨ ᠰᠣᠶᠣᠯ ᠡᠷᠳᠡᠨᠢ ᠶᠢᠨ ᠬᠡᠯᠬᠢᠶᠡᠰᠦ ᠪᠤᠯᠬᠤ ᠲᠡᠦᠬᠡᠨ | ᠵᠣᠬᠢᠶᠠᠯ ᠤᠳ ᠢ ᠰᠣᠨᠢᠷᠬᠠᠨ ᠦᠵᠡᠬᠦ ᠪᠦᠷᠢ ᠨᠠᠳᠠ ᠳᠤ ᠶᠡᠭᠡ ᠤᠮᠤᠭᠰᠢᠯ ᠲᠦᠷᠦᠭᠳᠡᠭᠦᠯᠳᠡᠭ ᠪᠦᠭᠡᠳ ᠶᠠᠷᠢᠬᠤ ᠳᠤ | ᠤᠷᠮ᠎ᠠ ᠲᠠᠢ᠂ ᠪᠢᠴᠢᠬᠦ ᠳᠤ ᠵᠤᠷᠢᠭ ᠲᠠᠢ᠂ ᠤᠯᠠᠨᠮᠵᠢᠯᠠᠬᠤ ᠳᠤ ᠤᠴᠢᠷᠳᠠᠢ᠂ ᠦᠪᠯᠡᠬᠦ ᠳᠤ ᠬᠦᠷᠦᠩᠭᠡ ᠲᠠᠢ ᠪᠤᠯᠳᠠᠭ | ᠶᠣᠮᠰᠠᠨ᠃ ᠮᠠᠨ ᠤ ᠦᠵᠦᠮᠦᠴᠢᠨ ᠤ ᠠᠬᠠᠮᠠᠳ ᠨᠢᠭᠡᠨ ᠦᠶ᠎ᠡ ᠶᠢᠨ ᠬᠢᠨ ᠲᠡᠭᠡᠳᠦᠰ ᠤᠨ ᠢᠶᠠᠨ ᠤᠶᠤᠨ ᠤ | ᠳᠡᠭᠡᠵᠢ ᠳᠤ ᠰᠢᠳᠦᠵᠦ ᠲᠡᠭᠦᠨ ᠢᠶᠠᠷ ᠰᠠᠭᠤᠷᠢᠯᠠᠵᠦ᠂ ᠲᠡᠦᠬᠡ ᠰᠣᠶᠣᠯ ᠤᠨ ᠢᠶᠠᠨ ᠬᠠᠭᠤᠳᠠᠰᠣᠨ ᠳᠤ ᠮᠠᠰᠢ ᠤᠯᠠᠨ | ᠠᠯᠳᠠᠨ ᠬᠠᠭᠤᠳᠠᠰᠤ ᠨᠡᠮᠡᠷᠢᠯᠡᠨ᠂ ︿︿ᠦᠵᠦᠮᠦᠴᠢᠨ ᠲᠡᠦᠬᠡ ᠰᠣᠶᠣᠯ ﹀﹀ ᠤᠨ ᠤᠶᠤᠨ ᠤ ᠡᠷᠳᠡᠨᠢᠰ ᠤᠨ | ᠰᠣᠪᠤᠷᠭ᠎ᠠ ᠶᠢ ᠪᠤᠰᠬᠠᠬᠤ ᠳᠤ ᠡᠷᠬᠢᠮ ᠬᠤᠪᠢ ᠨᠡᠮᠡᠭᠦᠷᠢ ᠪᠠᠨ ᠦᠵᠦᠭᠦᠯᠦᠭᠰᠡᠭᠡᠷ ᠢᠷᠡᠵᠠᠢ᠃ ᠡᠨᠡᠬᠦ ᠰᠣᠶᠣᠯ | ᠡᠷᠳᠡᠨᠢᠰ ᠤᠨ ᠰᠣᠪᠤᠷᠭ᠎ᠠ ᠶᠢ ᠬᠡᠷᠬᠢᠨ ᠪᠤᠰᠬᠠᠭᠰᠠᠨ ᠪᠤᠢ ᠭᠡᠪᠡᠯ ᠤᠯᠳᠦᠢ ᠮᠢᠨᠦ ᠴᠡᠭᠡᠵᠢᠯᠡᠵᠦ ᠪᠠᠶᠢᠬᠤ ᠪᠠᠷ | ᠲᠡᠦᠬᠡᠨ ᠠᠴᠠ ᠴᠠᠭ ᠦᠶ᠎ᠡ ᠶᠢᠨ ᠡᠷᠳᠡᠮᠳᠡᠳ ᠪᠠ ᠲᠡᠭᠦᠨ ᠤ ᠪᠦᠳᠦᠭᠡᠯ ᠲᠠᠢ ᠳᠠᠨᠢᠯᠴᠠᠵᠦ ᠳᠣᠷᠠᠰᠣᠨ ᠰᠠᠨᠠᠭᠠᠯᠵᠠᠮᠠᠷ | ᠪᠠᠶᠢᠨ᠎ᠠ᠃ | ᠨᠢᠭᠡ᠂ ᠤᠷᠴᠢᠨ ᠦᠶ᠎ᠡ ᠶᠢᠨ ᠰᠣᠶᠣᠯ ᠤᠨ ᠰᠠᠭᠤᠷᠢᠯᠠᠭᠴᠢᠳ | ⑴ 17 ᠳ᠋ᠣᠭᠠᠷ ᠵᠠᠭᠤᠨ ᠤ ᠬᠦᠮᠦᠨ᠂ 18 ᠳ᠋ᠣᠭᠠᠷ ᠵᠠᠭᠤᠨ ᠤ ᠪᠦᠳᠦᠭᠡᠯ | ᠮᠠᠨᠵᠤ ᠴᠢᠩ ᠤᠯᠤᠰ ᠤᠨ ᠦᠶ᠎ᠡ ᠶᠢᠨ ᠪᠡᠭᠡᠵᠢᠩ ᠳᠠᠬᠢ ᠲᠠᠩᠭᠤᠳ ᠪᠢᠴᠢᠭ ᠤᠨ ᠰᠣᠷᠭᠠᠭᠤᠯᠢ ᠶᠢᠨ | ᠪᠦᠭᠦᠳᠡ ᠶᠢ ᠵᠠᠬᠢᠷᠤᠭᠴᠢ ᠰᠠᠶᠢᠳ᠂ ᠠᠯᠳᠠᠷᠳᠦ ᠲᠡᠦᠬᠡᠴᠢᠨ ᠪᠦᠭᠡᠳ ᠲᠤᠯᠢᠴᠢ᠂ ᠳᠦᠷᠪᠡᠨ ᠬᠡᠯᠡᠳᠦ ᠬᠡᠯᠡ | ᠰᠢᠨᠵᠢᠯᠡᠯ ᠤᠨ ᠡᠷᠳᠡᠮᠳᠡᠨ ᠦᠵᠦᠮᠦᠴᠢᠨ ᠬᠦᠩ ᠭᠤᠮᠪᠤᠵᠠᠪ ᠬᠢᠭᠡᠳ ᠲᠡᠭᠦᠨ ᠤ ᠪᠦᠳᠦᠭᠡᠯ ︽ᠭᠠᠩᠭ᠎ᠠ ᠶᠢᠨ | ᠤᠷᠤᠰᠬᠠᠯ︾᠂ ︽ᠮᠡᠷᠭᠡᠳ ᠭᠠᠷᠬᠤ ᠶᠢᠨ ᠤᠷᠤᠨ︾᠂ ︽ᠵᠠᠨᠠᠭ ᠤᠷᠤᠨ ᠳᠤ ᠪᠤᠷᠬᠠᠨ ᠱᠠᠰᠢᠨ ᠳᠡᠯᠭᠡᠷᠡᠭᠰᠡᠨ | ᠲᠡᠦᠬᠡ︾᠂ ︽ᠲᠦᠪᠡᠳ ᠬᠡᠯᠡ ᠶᠢ ᠬᠢᠯᠪᠠᠷ ᠰᠣᠷᠬᠤ ᠪᠢᠴᠢᠭ︾ ᠵᠡᠷᠭᠡ ᠤᠯᠠᠨ ᠪᠦᠳᠦᠭᠡᠯ | ᠦᠵᠦᠮᠦᠴᠢᠨ ᠮᠤᠯᠤᠮ ᠯᠠᠮᠠ ᠶᠢᠨ ᠭᠡᠭᠡᠨ᠂ ᠰᠢᠷ᠎ᠠ ᠶᠢᠨ ᠱᠠᠰᠢᠨ ᠤ ᠨᠤᠮᠯᠠᠭᠴᠢ ᠪᠦᠭᠡᠳ ᠬᠡᠯᠡ ᠰᠢᠨᠵᠢᠯᠡᠯ ᠤᠨ | ᠡᠷᠳᠡᠮᠳᠡᠨ ᠳᠠᠨᠼᠠᠨᠷᠠᠭᠸᠠ ᠬᠢᠭᠡᠳ ᠲᠡᠭᠦᠨ ᠤ ᠪᠦᠳᠦᠭᠡᠯ ︽ᠤᠭᠳᠠᠷᠭᠤᠢ ᠶᠢᠨ ᠮᠠᠨᠢ︾ | ᠦᠵᠦᠮᠦᠴᠢᠨ ᠢᠨᠵᠠᠭᠠᠨ ᠰᠦᠮ᠎ᠡ ᠶᠢᠨ ᠭᠡᠭᠡᠨ᠂ ᠲᠡᠦᠬᠡ ᠶᠢᠨ ᠡᠷᠳᠡᠮᠳᠡᠨ ᠳ᠋ᠠᠷᠮ᠎ᠠ ᠭᠦᠦᠰᠢ ᠬᠢᠭᠡᠳ | ᠲᠡᠭᠦᠨ ᠤ ᠪᠦᠳᠦᠭᠡᠯ ︽ᠠᠯᠳᠠᠨ ᠬᠦᠷᠳᠦᠨ ᠮᠢᠩᠭᠠᠨ ᠬᠡᠭᠡᠰᠦᠳᠦ︾ | ᠦᠵᠦᠮᠦᠴᠢᠨ ᠪᠡᠶᠢᠯᠡ ᠶᠢᠨ ᠬᠤᠰᠢᠭᠤᠨ ᠤ ᠭᠠᠬᠢᠯ ᠰᠦᠮ᠎ᠡ ᠶᠢᠨ ᠪᠠᠷᠠᠭᠤᠨ ᠬᠠᠮᠪᠤ ᠯᠠᠮᠠ ᠪᠦᠭᠡᠳ ᠠᠯᠳᠠᠷᠳᠦ | ᠲᠡᠦᠬᠡᠴᠢ ᠯᠤᠪᠰᠠᠩᠳᠠᠨᠵᠢᠨ ᠬᠢᠭᠡᠳ ᠲᠡᠭᠦᠨ ᠤ ︽ᠠᠯᠳᠠᠨ ᠲᠤᠪᠴᠢ︾ | ᠳᠡᠭᠡᠷᠡᠬᠢ ᠡᠷᠳᠡᠮᠳᠡᠳ ᠤᠨ ᠡᠳᠡᠭᠡᠷ ᠵᠤᠬᠢᠶᠠᠯ ᠪᠦᠳᠦᠭᠡᠯ ᠨᠢ ᠤᠳᠤᠬᠢ ᠳᠡᠯᠡᠬᠡᠢ ᠶᠢᠨ ᠮᠤᠩᠭᠤᠯ | ᠰᠤᠳᠤᠯᠳᠯ ᠳᠤ ᠭᠤᠤᠯ ᠰᠢᠨᠵᠢᠯᠡᠭᠡᠨ ᠤ ᠲᠤᠯᠭᠤᠷ ᠪᠢᠴᠢᠭ ᠢᠶᠠᠷ ᠦᠨᠡᠯᠡᠭᠳᠡᠨ ᠬᠡᠷᠡᠭᠯᠡᠭᠳᠡᠵᠦ ᠪᠠᠶᠢᠨ᠎ᠠ᠂ ᠡᠳᠡᠭᠡᠷ | ᠦᠵᠦᠮᠦᠴᠢᠨ ᠤ ᠳᠡᠭᠡᠳᠦ ᠦᠶ᠎ᠡ ᠶᠢᠨ ᠡᠷᠳᠡᠮᠳᠡᠳ ᠬᠢᠭᠡᠳ ᠠᠪᠤᠷᠭᠤ ᠪᠦᠳᠦᠭᠡᠯ ᠢ ᠳᠠᠨᠢᠯᠴᠠᠭᠤᠯᠤᠨ | ᠳᠣᠳᠣᠷᠠᠭᠤᠯᠤᠭᠰᠠᠨ ᠳᠠᠷᠬᠠᠳ ᠪᠤᠯ ᠴᠣᠶᠢᠵᠢ᠂ ᠫᠠ᠊ ᠳᠤᠭᠠᠷ᠂ ᠭᠤ ᠷᠠᠭᠸ᠎ᠠ᠂ ᠳ᠋᠊ ᠨᠠᠷᠠᠨᠴᠡᠴᠡᠭ ︵ᠮᠤᠩᠭᠤᠯ | ᠤᠯᠤᠰ︶ ᠵᠡᠷᠭᠡ ᠡᠷᠳᠡᠮᠳᠡᠨ ᠰᠤᠳᠤᠯᠭᠠᠳᠠᠨ ᠪᠤᠯᠬᠤ ᠪᠦᠭᠡᠳ ᠳᠡᠳᠡᠨ ᠤ ᠤᠶᠤᠨ ᠤᠬᠠᠭᠠᠨ ᠬᠦᠴᠦ ᠬᠦᠯᠦᠰᠦ | ᠪᠦᠷᠢᠨ ᠰᠢᠩᠭᠡᠵᠦ ᠪᠠᠶᠢᠬᠤ ᠶᠢ ᠪᠢᠳᠡ ᠳᠡᠭᠡᠳᠦ ᠬᠡᠮᠵᠢᠶᠡᠨ ᠳᠤ ᠦᠨᠡᠯᠡᠬᠦ ᠶᠤᠰᠤᠳᠠᠢ᠃ | ⑵ 19 ᠳ᠋ᠤᠭᠡᠷ ᠵᠠᠭᠤᠨ ᠤ ᠬᠦᠮᠦᠨ 20 ᠳ᠋ᠤᠭᠠᠷ ᠵᠠᠭᠤᠨ ᠤ ᠪᠦᠲᠦᠭᠡᠯ | ᠦᠵᠦᠮᠦᠴᠢᠨ ᠤ ᠤᠪᠤᠭᠠᠳᠦ ᠭᠡᠭᠡᠨ ᠰᠦᠮ᠎ᠡ ᠶᠢᠨ ᠮᠡᠷᠭᠡᠨ ᠭᠦᠦᠰᠢ᠂ ᠰᠤᠷᠭᠠᠯ ᠰᠢᠯᠦᠭᠴᠢ ᠯᠤᠪᠰᠠᠩᠳᠠᠨᠵᠢᠨ | ᠬᠢᠭᠡᠳ ᠲᠡᠭᠦᠨ ᠤ ︽ᠭᠡᠭᠡᠨ ᠪᠤᠯᠤᠷ ᠡᠷᠢᠬᠡ︾ | ᠦᠵᠦᠮᠦᠴᠢᠨ ᠤ ᠠᠯᠳᠠᠷᠳᠦ ᠢᠷᠠᠭᠤ ᠨᠠᠶᠢᠷᠠᠭᠴᠢ᠂ ᠰᠤᠶᠤᠯ ᠤᠨ ᠵᠢᠳᠭᠦᠯᠳᠡᠨ ᠲᠦᠢᠩᠺᠡᠷ ᠡᠩᠡ ᠬᠢᠭᠡᠳ | ᠲᠡᠭᠦᠨ ᠤ ︽ᠰᠠᠶᠢᠬᠠᠨ ᠦᠭᠡᠰ ᠤᠨ ᠰᠣᠷᠭᠠᠯ︾᠂ ︽ᠬᠡᠦᠬᠡᠳ ᠤᠨ ᠰᠤᠷᠭᠠᠯ︾᠂ ᠤᠨᠢᠰᠤᠭ᠎ᠠ ᠳᠠᠭᠠᠪᠤᠷᠢ᠂ | ᠳᠠᠭᠤᠦ ᠰᠢᠯᠦᠭ ᠤᠨ ᠤᠯᠠᠨ ᠪᠦᠳᠦᠭᠡᠯ | ᠦᠵᠦᠮᠦᠴᠢᠨ ᠪᠡᠶᠢᠯᠡ ᠶᠢᠨ ᠬᠤᠰᠢᠭᠤᠨ ᠤ ᠵᠠᠬᠢᠷᠤᠭᠴᠢ᠂ ᠠᠬᠤᠶᠢᠴᠢ ᠦᠵᠡᠯ ᠤᠨ ᠢᠷᠠᠭᠤ ᠨᠠᠶᠢᠷᠠᠭᠴᠢ | ᠭᠠᠮᠠᠯᠠ ᠬᠢᠭᠡᠳ ᠲᠡᠭᠦᠨ ᠤ ︽ᠲᠤᠭ ᠤᠨ ᠳᠠᠭᠠᠳᠬᠠᠯ︾᠂ ︽ᠨᠠᠶᠢᠷ ᠤᠨ ᠬᠤᠯᠪᠤᠭ᠎ᠠ︾᠂ ︽ᠲᠠᠩ ᠤᠯᠤᠰ ᠤᠨ | ᠦᠯᠢᠭᠡᠷ ᠤᠨ ᠲᠤᠪᠴᠢᠶ᠎ᠠ︾᠂ ︽ᠰᠤᠷ ᠤᠨ ᠬᠤᠯᠪᠤᠭ᠎ᠠ︾᠂ ︽ᠦᠯᠢᠭᠡᠷ ᠤᠨ ᠲᠤᠪᠴᠢᠶ᠎ᠠ︾ ᠵᠡᠷᠭᠡ ᠤᠯᠠᠨ | ᠪᠦᠳᠦᠭᠡᠯ | ᠦᠵᠦᠮᠦᠴᠢᠨ ᠤ ᠬᠦᠷᠢᠶ᠎ᠡ ᠭᠡᠭᠡᠨ ᠤ ᠴᠣᠷᠵᠢ ᠶᠢᠨ ᠰᠦᠮ᠎ᠡ ᠶᠢᠨ ᠰᠣᠳᠣᠷᠴᠢ᠂ ᠯᠠᠮᠠᠳᠠᠨ ᠠᠪᠢᠳ ᠤᠨ | ᠰᠧᠪᠡᠭᠵᠠᠪ ᠬᠢᠭᠡᠳ ᠲᠡᠭᠦᠨ ᠤ ︽ᠠᠭᠤᠯᠠ ᠶᠢᠨ ᠴᠣᠷᠵᠢ ᠹᠯᠠᠮᠠ ᠯᠤᠪᠰᠠᠩᠳᠠᠨᠵᠢᠨ ᠤ ᠴᠠᠳᠢᠭ︾ | ᠳᠡᠭᠡᠷᠡᠬᠢ ᠡᠷᠳᠡᠮᠳᠡᠳ ᠤᠨ ᠵᠤᠬᠢᠶᠠᠯ ᠪᠦᠳᠦᠭᠡᠯ ᠨᠢ ᠮᠤᠩᠭᠤᠯ ᠰᠣᠳᠣᠯᠣᠯ ᠤᠨ ᠴᠢᠬᠤᠯᠠ ᠮᠠᠲ᠋ᠧᠷᠢᠶᠠᠯ ᠢᠶᠠᠷ | ᠬᠡᠷᠡᠭᠯᠡᠭᠳᠡᠵᠦ ᠪᠠᠶᠢᠬᠤ ᠪᠦᠭᠡᠳ ᠠᠷᠠᠳ ᠲᠦᠮᠡᠨ ᠤ ᠪᠠᠨ ᠳᠤᠮᠳᠠ ᠤᠯᠠᠮᠵᠢᠯᠠᠭᠳᠠᠭᠰᠠᠭᠠᠷ ᠪᠠᠶᠢᠭ᠎ᠠ ᠶᠤᠮ᠂ ᠡᠳᠡᠭᠡᠷ | ᠦᠵᠦᠮᠦᠴᠢᠨ ᠤ ᠳᠡᠭᠡᠳᠦ ᠦᠶ᠎ᠡ ᠶᠢᠨ ᠪᠢᠴᠢᠭ ᠤᠨ ᠮᠡᠷᠭᠡᠳ ᠬᠢᠭᠡᠳ ᠵᠤᠬᠢᠶᠠᠯ ᠪᠦᠳᠦᠭᠡᠯ ᠢ ᠳᠠᠨᠢᠯᠴᠠᠭᠤᠯᠤᠨ | ᠳᠣᠳᠣᠷᠠᠭᠤᠯᠤᠭᠰᠠᠨ ᠳᠠᠷᠬᠠᠳ ᠪᠤᠯ ᠫᠡ᠊ ᠳᠣᠭᠠᠷ᠂ ᠵᠢ᠊ ᠳᠣᠷᠵᠢ᠂ ᠳ᠋᠊ ᠴᠡᠷᠡᠩᠰᠤᠳᠨᠠᠮ ︵ᠮᠤᠩᠭᠤᠯ ᠤᠯᠤᠰ︶᠂ | ᠡᠷᠳᠡᠨᠢᠬᠠᠳᠠ᠂ ᠵᠤ ᠳᠡᠮᠪᠡᠷᠡᠯ᠂ ᠠ᠊ ᠫᠤᠩᠰᠤᠭ ᠵᠡᠷᠭᠡ ᠡᠷᠳᠡᠮᠳᠡᠨ ᠰᠣᠳᠣᠯᠭᠠᠳᠠᠳ ᠪᠤᠯᠬᠤ ᠪᠦᠭᠡᠳ ᠳᠡᠳᠡᠨ ᠤ | ᠤᠶᠤᠨ ᠤ ᠳᠠᠮᠢᠷ ᠢᠶᠠᠨ ᠵᠤᠷᠢᠭᠤᠯᠤᠭᠰᠠᠨ ᠢ ᠪᠢᠳᠡ ᠵᠦᠪ ᠢᠶᠠᠷ ᠦᠨᠡᠯᠡᠬᠦ ᠶᠤᠰᠤᠳᠠᠢ ᠪᠠᠶᠢᠭ᠎ᠠ ᠶᠤᠮ᠃ | ⑶ ᠰᠢᠨ᠎ᠡ ᠳᠣᠮᠳᠠᠳᠦ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠶᠢᠨ ᠬᠦᠮᠦᠨ ᠬᠢᠭᠡᠳ ᠳᠡᠳᠡᠨ ᠤ | ᠪᠦᠳᠦᠭᠡᠯ | ᠰᠤᠷᠭᠠᠨ ᠬᠦᠮᠦᠵᠢᠯ ᠤᠨ ᠤᠬᠠᠭᠠᠨᠳᠠᠨ᠂ ᠲᠤᠯᠢᠴᠢ ᠪᠦᠭᠡᠳ ᠬᠡᠯᠡ ᠰᠢᠨᠵᠢᠯᠡᠯ ᠤᠨ ᠡᠷᠳᠡᠮᠳᠡᠨ᠂ ᠵᠡᠭᠦᠨ | ᠦᠵᠦᠮᠦᠴᠢᠨ ᠬᠤᠰᠢᠭᠤᠨ ᠤ ᠭᠢᠯᠢᠵᠢᠨᠳᠠᠢ ᠬᠢᠭᠡᠳ ᠲᠡᠭᠦᠨ ᠤ ︽ᠮᠤᠩᠭᠤᠯ ᠬᠡᠯᠡ ᠶᠢ ᠬᠢᠯᠪᠠᠷ ᠳᠦᠷᠭᠡᠨ ᠰᠤᠷᠬᠤ | ᠠᠷᠭ᠎ᠠ︾᠂ ︽ᠮᠤᠩᠭᠤᠯ ᠬᠡᠯᠡ ᠵᠦᠢ︾᠂ ︽ᠮᠤᠩᠭᠤᠯ ᠦᠭᠡᠰ ᠤᠨ ᠲᠤᠯᠢ︾᠂ ︽ᠮᠤᠩᠭᠤᠯ ᠬᠢᠳᠡᠳ ᠦᠭᠡᠰ ᠤᠨ | ᠲᠤᠯᠢ︾᠂ ︽ᠲᠦᠮᠡᠨ ᠦᠰᠦᠭ ᠤᠨ ᠲᠠᠶᠢᠯᠪᠣᠷᠢ︾᠂ ︽ᠮᠤᠩᠭᠤᠯ ᠲᠦᠪᠡᠳ ᠬᠠᠪᠰᠣᠷᠭᠠᠭᠰᠠᠨ ᠡᠮ ᠤᠨ ᠵᠣᠷ ᠤᠨ | ᠡᠮᠬᠢᠳᠭᠡᠯ︾ ᠵᠡᠷᠬᠡ ᠤᠯᠠᠨ ᠪᠦᠲᠦᠭᠡᠯ | ᠦᠪᠦᠷ ᠮᠤᠩᠭᠤᠯ ᠤᠨ ᠮᠤᠩᠭᠤᠯ ᠬᠡᠯᠡ ᠪᠢᠴᠢᠭ ᠤᠨ ᠲᠡᠦᠬᠡ ᠰᠣᠳᠣᠯᠬᠤ ᠭᠠᠵᠠᠷ ᠤᠨ ᠨᠤᠮ ᠪᠢᠴᠢᠭ ᠤᠨ | ᠤᠤᠭᠠᠨ ᠡᠷᠳᠡᠮᠳᠡᠨ᠂ ᠲᠡᠦᠬᠡᠴᠢ ᠪᠦᠭᠡᠳ ᠡᠷᠳᠡᠨ ᠤ ᠪᠢᠴᠢᠭ ᠰᠣᠳᠣᠷ ᠤᠨ ᠬᠡᠪ ᠪᠤᠯᠤᠨ ᠬᠠᠭᠤᠯᠤᠮᠠᠯ ᠤᠨ | ᠵᠦᠢᠯᠡᠰ ᠢ ᠬᠢᠨᠠᠨ ᠲᠤᠭᠳᠠᠭᠠᠬᠤ ᠮᠡᠷᠭᠡᠵᠢᠯᠳᠡᠨ᠂ ᠪᠠᠷᠠᠭᠤᠨ ᠦᠵᠦᠮᠦᠴᠢᠨ ᠨᠤᠲᠤᠭᠳᠠᠢ ᠮᠡᠷᠭᠡᠨᠪᠠᠭᠠᠳᠣᠷ ᠬᠢᠭᠡᠳ | ᠲᠡᠭᠦᠨ ᠤ ︽ᠮᠡᠷᠭᠡᠨᠪᠠᠭᠠᠳᠣᠷ ᠤᠨ ᠴᠠᠭᠠᠨ ᠲᠡᠦᠬᠡ︾᠂ ︽ᠮᠡᠷᠭᠡᠨᠪᠠᠭᠠᠳᠣᠷ ᠤᠨ ᠡᠷᠳᠡᠨᠢ ᠶᠢᠨ ᠲᠤᠪᠴᠢ︾ | ᠳᠡᠭᠡᠷᠡᠬᠢ ᠡᠷᠳᠡᠮᠳᠡᠨ ᠨᠠᠷ ᠢ ᠪᠤ ᠬᠦᠭᠵᠢᠯ᠂ ᠠ᠊ ᠫᠤᠩᠰᠤᠭ ᠪᠤᠯᠤᠨ ᠰᠡᠴᠡᠨᠬᠦᠤ ᠨᠠᠷ ᠲᠠᠨᠢᠯᠴᠠᠭᠤᠯᠤᠨ | ᠳᠣᠳᠣᠷᠠᠭᠤᠯᠤᠭᠰᠠᠨ ᠢ ᠦᠨᠡᠯᠡᠨ ᠲᠡᠮᠳᠡᠭᠯᠡᠭᠦᠰᠢᠳᠠᠢ ᠶᠤᠮ᠃ | ᠡᠷᠳᠡ ᠦᠶ᠎ᠡ ᠶᠢᠨ ᠰᠣᠶᠣᠯ ᠤᠨ ᠰᠠᠭᠤᠷᠢᠯᠠᠭᠴᠢᠳ ᠤᠨ ᠪᠦᠯᠦᠭ ᠠᠴᠠ ᠦᠵᠦᠮᠦᠴᠢᠨ ᠲᠡᠦᠬᠡ ᠰᠣᠶᠣᠯ ᠨᠢ | ᠲᠦᠷᠪᠡᠨ ᠵᠠᠭᠤᠨ ᠵᠢᠯ ᠤᠨ ᠲᠡᠦᠬᠡ ᠲᠠᠢ ᠪᠤᠯᠤᠭᠰᠠᠨ ᠪᠠ ᠤᠯᠠᠩᠬᠢ ᠪᠦᠳᠦᠭᠡᠯ ᠨᠢ ᠯᠠᠮᠠ ᠬᠤᠸᠠᠷᠠᠭ ᠬᠦᠮᠦᠰ | ᠡᠵᠡᠯᠡᠵᠦ ᠪᠠᠶᠢᠭᠰᠠᠨ ᠢ ᠮᠡᠳᠡᠵᠤ ᠪᠤᠯᠣᠨ᠎ᠠ᠂ ᠡᠭᠦᠨ ᠠᠴᠠ ᠠᠵᠢᠭᠯᠠᠪᠠᠯ ᠦᠵᠦᠮᠦᠴᠢᠨ ᠤ ᠡᠳᠡᠭᠡᠷ ᠲᠡᠦᠬᠡ ᠶᠢᠨ | ᠡᠷᠳᠡᠮᠳᠡᠳ ᠲᠡᠷᠡ ᠦᠶ᠎ᠡ ᠶᠢᠨ ᠤᠯᠤᠰ ᠲᠦᠷᠦ ᠶᠢᠨ ᠨᠤᠶᠠᠷᠬᠠᠯ ᠬᠢᠭᠡᠳ ᠰᠢᠷ᠎ᠠ ᠶᠢᠨ ᠱᠠᠰᠢᠨ ᠤ ᠨᠦᠯᠦᠭᠡᠯᠡᠯ ᠨᠢ | ᠮᠤᠩᠭᠤᠯ ᠦᠨᠳᠦᠰᠦᠳᠡᠨ ᠤ ᠤᠷᠤᠰᠢᠨ ᠳᠤᠭᠳᠠᠨᠢᠯ ᠳᠤ ᠲᠤᠶᠢᠯ ᠶᠡᠭᠡ ᠰᠦᠷᠳᠡᠭᠦᠯᠦᠯ ᠪᠤᠯᠵᠤ ᠪᠠᠶᠢᠭᠰᠠᠨ ᠢ ᠦᠵᠡᠨ | ᠭᠠᠷᠴᠤ ᠦᠪᠡᠷ ᠤᠨ ᠦᠨᠳᠦᠰᠦᠳᠡᠨ ᠤ ᠪᠠᠨ ᠠᠪᠤᠷᠭᠤ ᠲᠡᠦᠬᠡ ᠶᠢ ᠪᠢᠴᠢᠭ ᠰᠣᠳᠣᠷ ᠲᠤ ᠲᠡᠮᠳᠡᠭᠯᠡᠨ ᠦᠯᠡᠳᠡᠭᠡᠬᠦ ᠪᠠᠷ | ᠳᠠᠮᠵᠢᠨ᠂ ᠦᠨᠳᠦᠰᠦᠳᠡᠨ ᠢᠶᠠᠨ ᠠᠪᠤᠷᠠᠬᠤ᠂ ᠲᠡᠦᠬᠡ ᠰᠣᠶᠣᠯ ᠢᠶᠠᠨ ᠠᠪᠤᠷᠠᠬᠤ ᠡᠷᠢᠯ ᠬᠦᠰᠡᠯ ᠢ ᠰᠢᠩᠭᠡᠭᠡᠵᠦ᠂ | ᠬᠤᠶᠢᠴᠢ ᠦᠶ᠎ᠡ ᠳᠡᠭᠡᠨ ᠵᠠᠬᠢᠭᠰᠠᠨ ᠪᠠᠶᠢᠭ᠎ᠠ ᠶᠤᠮ᠃ ᠳᠠᠬᠢᠪᠠᠯ ᠦᠵᠦᠮᠦᠴᠢᠨ ᠭᠡᠳᠡᠭ ᠡᠨᠡᠬᠦ ᠭᠠᠵᠠᠷ ᠠᠴᠠ | ᠲᠡᠦᠬᠡᠨ ᠳᠤ ᠤᠯᠠᠨ ᠡᠷᠳᠡᠮᠳᠡᠨ ᠮᠡᠷᠭᠡᠳ ᠭᠠᠷᠤᠭᠰᠠᠨ ᠢ ᠲᠣᠰᠬᠠᠵᠤ ᠪᠠᠶᠢᠬᠤ ᠪᠦᠭᠡᠳ ᠪᠠᠰᠠ ᠢᠯᠡᠷᠡᠭᠡᠳᠦᠢ ᠲᠡᠦᠬᠡᠨ | ᠬᠦᠮᠦᠨ ᠪᠣᠯᠣᠨ ᠪᠦᠳᠦᠭᠡᠯ ᠤᠯᠠᠨ ᠪᠠᠶᠢᠨ᠎ᠠ ᠭᠡᠳᠡᠭ ᠢ ᠴᠣ᠋ ᠤᠶᠢᠯᠠᠭᠠᠬᠤ ᠬᠡᠷᠡᠭᠳᠡᠢ᠃ | ᠲᠦᠷᠦ ᠶᠢᠨ ᠱᠠᠩᠨᠠᠯᠳᠦ ᠠᠯᠳᠠᠷᠳᠦ ᠤᠷᠠᠨ ᠵᠤᠬᠢᠶᠠᠯᠴᠢ᠂ ᠦᠪᠦᠷ ᠮᠤᠩᠭᠤᠯ ᠤᠨ ᠤᠳᠬ᠎ᠠ ᠵᠤᠬᠢᠶᠠᠯ ᠤᠨ | ᠤᠷᠴᠢᠭᠤᠯᠤᠭᠴᠢ᠂ ᠦᠵᠦᠮᠦᠴᠢᠨ ᠨᠤᠳᠤᠭᠳᠠᠢ ᠪ᠊ ᠤᠰᠤᠷ ᠪᠤᠯᠤᠨ ᠲᠡᠭᠦᠨ ᠤ ︽ᠬᠦᠳᠡᠭᠡ ᠶᠢᠨ ᠰᠠᠶᠢᠬᠠᠨ︾᠂ ︽ | ᠨᠠᠮᠤᠷ ᠤᠨ ᠰᠠᠶᠢᠬᠠᠨ︾᠂ ︽ᠪᠠ᠊ ᠤᠰᠤᠷ ᠤᠨ ᠰᠢᠯᠦᠭ ᠤᠨ ᠰᠣᠩᠭᠤᠮᠠᠯ︾᠂ ︽ᠨᠠᠪᠴᠢᠨ ᠨᠤᠭᠤᠭᠠᠨ ᠴᠦᠷᠬᠦᠯᠡᠭᠡ︾ | ᠪᠤᠯᠤᠨ ︽ᠭᠢᠯᠡᠯᠵᠠᠭᠰᠠᠨ ᠤᠯᠠᠭᠠᠨ ᠤᠳᠤ︾᠂ ︽ᠰᠢᠱᠠ ᠠᠷᠠᠯ ᠤᠨ ᠦᠬᠢᠳ ᠬᠦᠪᠡᠭᠦᠳ︾᠂ ︽ | ᠭᠤᠯᠳᠣᠾᠪᠡᠾ ᠶᠢᠨ ᠲᠠᠭᠠᠮᠠᠭᠯᠠᠯ︾᠂ ︽ᠭᠡᠷ ᠪᠦᠯᠢ ᠶᠢᠨ ᠬᠦᠮᠦᠵᠢᠯ ᠤᠨ ᠤᠷᠠᠯᠢᠭ︾᠂ ︽ᠮᠤᠷᠢᠳᠦ ᠴᠡᠷᠢᠭ ᠤᠨ | ᠳᠠᠭᠤᠯᠠᠯ︾᠂ ︽ᠮᠠᠯᠴᠢᠨᠬᠦᠤ ᠶᠢᠨ ᠦᠭᠦᠯᠡᠯᠭᠡ ᠶᠢᠨ ᠰᠣᠩᠭᠤᠮᠠᠯ︾ ᠵᠡᠷᠭᠡ ᠤᠷᠴᠢᠭᠤᠯᠭ᠎ᠠ ᠶᠢᠨ ᠪᠦᠳᠦᠭᠡᠯ | ᠤᠳᠤ ᠦᠶ᠎ᠡ ᠶᠢᠨ ᠮᠤᠩᠭᠤᠯ ᠦᠨᠳᠦᠰᠦᠳᠡᠨ ᠤ ᠤᠯᠤᠰ ᠤᠨ ᠨᠢᠭᠡᠳᠦᠭᠡᠷ ᠳᠡᠰ ᠤᠨ ᠬᠦᠭᠵᠢᠮ ᠤᠨ | ᠵᠤᠬᠢᠶᠠᠯᠴᠢ᠂ ᠦᠵᠦᠮᠦᠴᠢᠨ ᠨᠤᠳᠤᠭ ᠤᠨ ᠤᠷᠠᠯᠢᠭᠴᠢᠨ ᠡᠯᠳᠡᠩᠭᠡ ᠬᠢᠭᠡᠳ ᠲᠡᠭᠦᠨ ᠤ ︽ᠰᠧ ᠡᠯᠳᠡᠩᠭᠡ ᠶᠢᠨ | ᠳᠠᠭᠤᠤ ᠶᠢᠨ ᠰᠣᠩᠭᠤᠮᠠᠯ︾᠂ ︽ᠦᠵᠦᠮᠦᠴᠢᠨ ᠪᠦᠰᠡᠭᠦᠢ ᠶᠢᠨ ᠳᠠᠭᠤᠯᠠᠯ︾᠂ ︽ᠡᠵᠢ ᠨᠠᠭᠤᠷ︾᠂ ︽ | ᠦᠵᠡᠰᠭᠦᠯᠡᠩᠳᠦ ᠰᠠᠶᠢᠬᠠᠨ ᠦᠵᠦᠮᠦᠴᠢᠨ ᠨᠤᠲᠤᠭ︾ ᠵᠡᠷᠭᠡ 400 ᠭᠠᠷᠤᠢ ᠳᠠᠭᠤᠤ ᠬᠦᠭᠵᠢᠮ ᠤᠨ ᠪᠦᠳᠦᠭᠡᠯ | ᠪᠢᠳᠡ ᠡᠳᠡᠭᠡᠷ ᠠᠯᠳᠠᠷᠳᠦ ᠵᠢᠳᠭᠦᠯᠳᠡᠳ ᠤᠨ ᠢᠶᠠᠨ ᠠᠪᠤᠷᠭᠤ ᠪᠦᠳᠦᠭᠡᠯ ᠢ ᠦᠪᠯᠡᠨ ᠳᠡᠭᠡᠳᠦᠯᠡᠵᠦ᠂ | ᠨᠠᠨᠳᠢᠩᠨᠠᠨ ᠬᠠᠶᠢᠷᠠᠯᠠᠵᠦ᠂ ᠲᠡᠦᠬᠡ ᠰᠣᠶᠣᠯ ᠢᠶᠠᠨ ᠮᠠᠨᠳᠣᠭᠤᠯᠵᠦ ᠠᠭᠤᠤ ᠦᠢᠯᠡᠰ ᠢ ᠨᠢ ᠵᠠᠯᠭᠠᠮᠵᠢᠯᠠᠨ ᠬᠦᠭᠵᠢᠭᠦᠯᠬᠦ | ᠶᠤᠰᠤᠳᠡᠢ ᠪᠠᠶᠢᠭ᠎ᠠ ᠶᠤᠮ᠂ ᠳᠡᠭᠡᠳᠦ ᠶᠢᠨ ᠮᠠᠨᠢ ᠦᠨ᠎ᠡ ᠦᠷᠳᠡᠭ ᠪᠦᠬᠦᠢ ᠵᠤᠬᠢᠶᠠᠯ ᠪᠦᠳᠦᠭᠡᠯ ᠨᠢ ᠦᠵᠦᠮᠦᠴᠢᠨ ᠤ | ᠲᠡᠦᠬᠡ ᠰᠣᠶᠣᠯ ᠤᠨ ᠠᠷᠢᠭᠤᠨ ᠭᠠᠯ ᠪᠤᠯᠤᠨ ᠲᠦᠷᠡᠯᠵᠢᠵᠦ᠂ ᠦᠵᠦᠮᠦᠴᠢᠨ ᠤ ᠭᠡᠷᠡᠯ ᠭᠢᠯᠪᠠᠭ᠎ᠠ ᠪᠤᠯᠵᠦ ᠬᠡᠵᠢᠶᠡᠳᠡ | ᠭᠡᠶᠢᠭᠦᠯᠬᠦ ᠶᠤᠮ᠃ | ᠬᠤᠶᠠᠷ ᠤᠶᠢᠷ᠎ᠠ ᠦᠶ᠎ᠡ ᠶᠢᠨ ᠰᠣᠶᠣᠯ ᠤᠨ ᠵᠠᠯᠭᠠᠮᠵᠢᠯᠠᠭᠴᠢᠳ | ᠦᠵᠦᠮᠦᠴᠢᠨ ᠳᠤ ᠠᠪᠴᠣ ᠬᠡᠯᠡᠪᠡᠯ᠂ ᠳᠡᠭᠡᠷ᠎ᠡ ᠵᠠᠭᠤᠨ ᠤ ᠳᠣᠮᠳᠠᠴᠢ ᠪᠠᠷ ᠶᠠᠫᠤᠨ ᠤ ᠳᠦᠷᠢᠮᠡᠬᠡᠶᠢᠯᠡᠯ ᠪᠠ | ᠤᠷᠤᠰ ᠴᠡᠷᠢᠭ ᠤᠨ ᠲᠦᠪᠰᠢᠳᠭᠡᠯ ᠳᠤ ᠮᠠᠰᠢ ᠣᠯᠠᠨ ᠲᠡᠦᠬᠡᠨ ᠪᠢᠴᠢᠭ ᠮᠠᠲ᠋ᠧᠷᠢᠶᠠᠯ᠂ ᠲᠤᠷᠠᠰᠬᠠᠯᠳᠦ ᠵᠦᠢᠯᠡᠰ | ᠡᠪᠳᠡᠭᠳᠡᠨ᠂ ᠤᠷᠬᠢᠭᠳᠠᠨ ᠭᠡᠭᠡᠭᠳᠡᠵᠦ ᠨᠡᠩ ᠢᠯᠠᠩᠭᠤᠶ᠎ᠠ ᠰᠣᠶᠣᠯ ᠤᠨ ᠬᠤᠪᠢᠰᠬᠠᠯ ᠤᠨ ᠰᠠᠮᠠᠭᠤᠷᠠᠯ ᠨᠢ | ᠦᠵᠦᠮᠦᠴᠢᠨ ᠳᠦᠮᠡᠨ ᠳᠤ ᠤᠶᠤᠨ ᠰᠠᠨᠠᠭᠠᠨ ᠤ ᠰᠢᠨᠠᠯᠭᠠᠯᠠᠯ ᠪᠡᠶ᠎ᠡ ᠮᠠᠬᠠᠪᠤᠳ ᠣᠨᠲ᠋ᠠᠷᠴᠢᠯᠭᠠᠯᠠᠯ ᠢ ᠠᠪᠴᠢᠷᠠᠵᠦ | ᠦᠭᠭᠦᠭᠰᠡᠨ ᠢᠶᠠᠷ ᠪᠠᠷᠠᠬᠤ ᠦᠭᠡᠢ ᠦᠨᠳᠦᠰᠦᠳᠡᠨ ᠤ ᠤᠬᠢ ᠰᠠᠶᠢᠨ ᠰᠣᠶᠣᠯ ᠤᠨ ᠦᠪ ᠬᠦᠷᠦᠩᠭᠡ ᠵᠠᠩ | ᠦᠢᠯᠡ ᠶᠢ ᠲᠠᠮᠳᠣᠭᠯᠠᠭᠰᠠᠨ ᠬᠠᠷᠠᠰᠠᠯᠳᠦ ᠪᠠᠶᠢᠳᠠᠯ ᠢ ᠪᠤᠢ ᠪᠤᠯᠭᠠᠭᠰᠠᠨ ᠪᠠᠶᠢᠳᠠᠭ᠂ ᠡᠳᠡᠭᠡᠷ ᠨᠢ ᠲᠡᠦᠬᠡ ᠶᠢᠨ | ᠭᠤᠳᠤᠮᠰᠢᠭᠳᠦ ᠶᠠᠪᠤᠳᠠᠯ ᠪᠤᠯᠬᠤ ᠶᠤᠮ᠃ | ᠨᠠᠮ ᠤᠨ ︽ᠠᠷᠪᠠᠨ ᠨᠢᠭᠡᠳᠦᠭᠡᠷ ᠤᠳᠠᠭᠠᠨ ᠤ ᠭᠤᠷᠪᠠᠳᠤᠭᠠᠷ ᠪᠦᠭᠦᠳᠡ ᠬᠤᠷᠠᠯ︾ ᠠᠴᠠ ᠨᠠᠰᠢᠬᠢ ᠭᠤᠴᠢᠨ | ᠵᠢᠯ ᠤᠨ ᠳᠣᠷᠰᠢ ᠦᠵᠦᠮᠦᠴᠢᠨ ᠤ ᠲᠡᠦᠬᠡ ᠰᠣᠶᠣᠯ ᠤᠨ ᠦᠢᠯᠡᠰ ᠳᠠᠬᠢᠨᠠᠮᠢᠯᠠᠯ ᠢᠶᠠᠨ ᠤᠯᠵᠦ᠂ ᠰᠡᠷᠭᠦᠭᠡᠭᠳᠡᠬᠦ — | ᠪᠦᠷᠢᠯᠳᠦᠬᠦ — ᠬᠦᠭᠵᠢᠬᠦ ᠶᠠᠪᠤᠴᠠ ᠳᠠᠭᠠᠨ ᠤᠷᠤᠭᠰᠠᠨ ᠪᠠᠶᠢᠨ᠎ᠠ ᠂ ᠡᠨᠡ ᠪᠤᠯ ᠳᠤᠷᠠᠳᠤᠭᠤᠰᠢᠳᠠᠢ᠂ | ᠪᠠᠶᠠᠷᠯᠠᠭᠤᠰᠢᠳᠠᠢ ᠶᠠᠪᠤᠳᠠᠯ ᠪᠤᠯᠤᠨ᠎ᠠ᠃ | ⑴ ᠰᠣᠶᠣᠯ ᠤᠨ ᠰᠡᠷᠭᠦᠭᠡᠨ ᠮᠠᠨᠳᠣᠯᠳᠠ ᠶᠢᠨ ᠳᠣᠮᠳᠠᠬᠢ ᠵᠢᠳᠭᠦᠯᠳᠡᠳ | ᠦᠵᠦᠮᠦᠴᠢᠨ ᠤ ᠰᠣᠶᠣᠯ ᠤᠨ ᠰᠡᠷᠭᠦᠯᠳᠡ ᠶᠢᠨ ᠶᠠᠪᠤᠴᠠ ᠠᠴᠠ ᠠᠵᠢᠭᠯᠠᠪᠠᠯ᠂ ᠳᠡᠭᠡᠷ᠎ᠡ ᠵᠠᠭᠤᠨ ᠤ ᠨᠠᠶᠠᠭᠠᠳ | ᠤᠨ ᠠᠴᠠ ᠡᠬᠢᠯᠡᠵᠦ᠂ ᠨᠢᠭᠡ ᠪᠦᠯᠦᠭ ᠨᠤᠲᠤᠭ ᠤᠨ ᠠᠬᠠᠮᠠᠳ ᠦᠶ᠎ᠡ ᠶᠢᠨ ᠬᠢᠨ ᠬᠦᠳᠡᠯᠦᠯᠴᠡᠵᠦ᠂ ᠠᠪᠢᠶᠠᠰ | ᠪᠢᠯᠢᠭ ᠢᠶᠠᠨ ᠪᠠᠳᠠᠷᠠᠭᠤᠯᠤᠨ᠂ ᠵᠤᠬᠢᠶᠠᠯ ᠪᠦᠳᠦᠭᠡᠯ ᠲᠤᠭᠤᠷᠪᠢᠬᠤ᠂ ᠴᠣᠭᠯᠠᠭᠠᠯᠤᠨ ᠡᠮᠬᠢᠳᠭᠡᠬᠦ᠂ ᠬᠡᠪᠯᠡᠨ ᠨᠡᠶᠢᠳᠡᠯᠡᠬᠦ | ᠵᠡᠷᠭᠡ ᠠᠵᠢᠯ ᠢ ᠱᠠᠯᠠᠪᠳᠠᠨ ᠬᠢᠵᠦ᠂ ᠦᠪᠡᠷ ᠤᠨ ᠪᠡᠶ᠎ᠡ ᠪᠠᠷ ᠢᠶᠠᠨ ᠤᠷᠤᠯᠴᠠᠨ᠂ ᠦᠵᠦᠮᠦᠴᠢᠨ ᠰᠣᠶᠣᠯ ᠤᠨ | ᠰᠡᠷᠭᠦᠯᠳᠡᠶᠢᠨ ᠠᠩᠬᠠᠨ ᠤ ᠲᠠᠷᠬᠠᠳ ᠪᠤᠯᠪᠠ᠂ ᠡᠳᠡᠭᠡᠷ ᠬᠦᠮᠦᠰ ᠲᠤ ᠫ᠊ ᠳᠤᠭᠠᠷ᠂ ᠨᠠ᠊ ᠳᠡᠮᠡᠴᠡᠯᠳᠦ᠂ ᠳ᠋ᠠᠷᠬᠠ᠂ ᠫᠠ᠊ | ᠲᠡᠮᠦᠷ᠂ ᠸ᠊ ᠨᠠᠮᠵᠢᠯᠰᠦᠷᠦᠩ᠂ ᠲᠤ᠋ ᠷᠠᠭᠸ᠎ᠠ᠂ ᠪᠸ᠊ ᠵᠠᠳᠠᠮᠪᠠ᠂ ᠦ᠊ ᠳᠠᠮᠢᠷᠠᠨ᠂ ᠰᠢ᠊ ᡀᠠᠮᠦ᠂ ᠭᠤ ᠷᠠᠭᠸ᠎ᠠ᠂ ᠯ᠊ | ᠠᠮᠤᠷᠮᠡᠨᠳᠦ᠂ ᠪᠧ ᠤᠳᠬᠠᠨ᠂ ᠰᠠᠩᠵᠠᠢ᠂ ᡀ᠊ ᠳᠤᠭᠠᠷᠰᠦᠷᠦᠩ᠂ ᠵᠢ᠊ ᠠᠯᠳᠠᠨᠭᠡᠷᠡᠯ᠂ ᠠ᠊ ᠫᠤᠩᠰᠤᠭ᠂ ᠪᠤ ᠬᠦᠭᠵᠢᠯ᠂ | ᠨ᠊ ᠪᠦᠬᠡᠬᠠᠳᠠ᠂ ᠭᠤ ᠳᠠᠪᠬᠠᠢ᠂ ᠵᠢ᠊ ᠪᠠᠳᠦ᠂ ᠲ᠊ ᡀᠠᠮᠤᠵᠠᠪ᠂ ᠵᠢ᠊ ᠴᠢᠯᠠᠭᠤᠨ᠋ᠠ᠋ᠷᠰᠯᠠᠨ ᠨᠠᠷ ᠢ ᠳᠣᠷᠠᠳᠤᠯᠳᠠᠢ᠃ | ᠵᠡᠭᠦᠨ ᠦᠵᠦᠮᠦᠴᠢᠨ ᠤ ᠰᠣᠶᠣᠯ ᠲᠡᠦᠬᠡ ᠶᠢᠨ ᠦᠷᠨᠢᠯᠳᠡ ᠨᠢ ᠳᠣᠤᠷᠠᠬᠢ ᠭᠤᠷᠪᠠᠨ ᠵᠤᠬᠢᠶᠠᠨ | ᠪᠠᠶᠢᠭᠤᠯᠤᠯᠳᠠ ᠶᠢᠨ ᠬᠡᠯᠪᠡᠷᠢ ᠪᠠᠷ ᠶᠠᠪᠤᠭᠳᠠᠵᠦ ᠢᠷᠡᠵᠠᠢ᠃ | ᠫᠠ᠊ ᠳᠣᠭᠠᠷ ᠨᠠᠶᠠᠭᠠᠳ ᠤᠨ ᠤ ᠡᠬᠢ ᠪᠠᠷ ᠬᠤᠰᠢᠭᠤ ᠰᠣᠶᠣᠯ ᠤᠨ ᠲᠤᠪᠴᠢᠶᠠᠨ ᠳᠤ ᠪᠠᠶᠢᠬᠤ ᠳᠠᠭᠠᠨ ︽ | ᠠᠯᠳᠠᠨ ᠳᠤᠰᠤᠯ︾ ᠬᠡᠮᠡᠬᠦ ᠳᠣᠳᠣᠭᠠᠳᠣ ᠰᠡᠳᠭᠦᠯ ᠢ ᠰᠡᠳᠤᠨ ᠡᠷᠬᠢᠯᠡᠭᠰᠡᠨ ᠢᠶᠠᠷ ᠳᠡᠷᠡ ᠨᠢ ᠦᠵᠦᠮᠦᠴᠢᠨ ᠲᠡᠦᠬᠡ | ᠵᠠᠩ ᠦᠢᠯᠡ᠂ ᠢᠷᠠᠭᠤ ᠨᠠᠶᠢᠷᠠᠭ᠂ ᠤᠷᠠᠨ ᠵᠤᠬᠢᠶᠠᠯ ᠤᠨ ᠪᠦᠳᠦᠭᠡᠯ ᠤᠨ ᠬᠤᠷᠢᠶᠠᠩᠭᠤᠢ ᠪᠤᠯᠵᠤ᠂ ᠨᠡᠶᠢᠭᠡᠮ ᠨᠡᠶᠢᠳᠡ᠂ | ᠤᠩᠰᠢᠭᠴᠢ ᠤᠯᠠᠨ ᠤ ᠪᠠᠭ᠋ᠠᠷᠤᠯ ᠬᠦᠷᠢᠶᠡᠯᠡᠯ ᠢ ᠤᠯᠪᠠ᠂ ᠡᠨᠡ ᠨᠢ ᠦᠵᠦᠮᠦᠴᠢᠨ ᠲᠡᠦᠬᠡ ᠰᠣᠶᠣᠯ ᠤᠨ | ᠬᠠᠷᠭᠤᠢ ᠶᠢ ᠵᠤᠷᠠᠶᠢᠯᠭᠠᠭᠰᠡᠨ ᠤᠤᠭᠠᠨ ᠠᠴᠢᠶ᠎ᠠ ᠬᠦᠰᠬᠡ ᠪᠤᠯᠵᠠᠢ᠂ ᠡᠨᠡᠬᠦ ᠰᠡᠳᠭᠦᠯ ᠨᠢ ᠤᠳᠤ ᠤᠷᠤᠨ ᠤ | ᠬᠡᠪᠯᠡᠯ ᠤᠨ ᠡᠷᠬᠡ ᠲᠠᠢ᠂ ᠲᠡᠦᠬᠡ ᠤᠷᠠᠨ ᠵᠤᠬᠢᠶᠠᠯ ᠤᠨ ᠲᠤᠰᠬᠠᠢ ᠰᠡᠳᠭᠦᠯ — ︽ᠡᠵᠢ ᠨᠠᠭᠤᠷ︾ ᠪᠤᠯᠤᠨ | ᠪᠤᠵᠠᠭᠠᠶᠢᠷᠠᠭᠠᠳ 38 ᠳ᠋ᠤᠭᠠᠷ ᠬᠤᠭᠤᠴᠠᠭ᠎ᠠ ᠪᠠᠨ ᠬᠡᠪᠯᠡᠭᠦᠯᠵᠦ᠂ ᠦᠵᠦᠮᠦᠴᠢᠨ ᠤᠷᠤᠨ ᠨᠤᠲᠤᠭ ᠤᠨ ᠲᠡᠦᠬᠡ | ᠰᠣᠶᠣᠯ ᠤᠨ ᠠᠯᠳᠠᠨ ᠰᠠᠯᠠᠭ᠎ᠠ ᠪᠤᠯᠵᠦ ᠬᠤᠰᠢᠭᠤ ᠡᠳ᠋ ᠤᠨ ᠵᠠᠰᠠᠭ ᠠᠴᠠ ᠬᠤᠷ᠎ᠠ ᠷᠠᠰᠢᠶᠠᠨ ᠢ ᠨᠢ ᠢᠪᠡᠭᠡᠵᠦ᠂ ᠤᠳᠤ | ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠦᠨᠳᠦᠰᠦᠳᠡᠨ ᠤ ᠬᠡᠷᠡᠭ ᠡᠷᠬᠢᠯᠡᠬᠦ ᠲᠤᠪᠴᠢᠶᠠᠨᠡᠴᠡ | ᠡᠷᠬᠢᠯᠡᠨ ᠨᠠᠶᠢᠷᠠᠭᠤᠯᠵᠤ ᠪᠤᠢ ᠃ ᠬᠤᠰᠢᠭᠤ ᠤᠯᠤᠰ ᠲᠦᠷᠦ ᠶᠢᠨ ᠵᠦᠪᠯᠡᠯᠭᠡᠨ ᠠᠴᠠ ᠫᠠ᠊ ᠳᠣᠭᠠᠷ ᠤᠨ ᠠᠷᠪᠠ ᠭᠠᠷᠤᠢ | ᠨᠤᠮ ᠪᠢᠴᠢᠭ ᠢ ᠲᠤᠰᠬᠠᠢ ᠬᠡᠪᠯᠡᠯ ᠢᠶᠠᠷ ᠬᠡᠪᠯᠡᠭᠦᠯᠦᠨ ᠳᠠᠷᠬᠠᠭᠰᠠᠨ ᠪᠠᠶᠢᠪᠠ᠃ | ᠨᠠ᠊ ᠳᠠᠮᠡᠴᠡᠯᠳᠦ ᠨᠠᠷ ᠤᠨ 1986 ᠤᠨ ᠳᠤ ᠵᠤᠬᠢᠶᠠᠨ ᠪᠠᠶᠢᠭᠤᠯᠤᠭᠰᠠᠨ ︽ᠦᠵᠦᠮᠦᠴᠢᠨ ᠰᠣᠶᠣᠯ | ᠲᠡᠦᠬᠡ ᠶᠢᠨ ᠨᠡᠶᠢᠭᠡᠮᠯᠢᠭ︾ ᠨᠢ ᠦᠵᠦᠮᠦᠴᠢᠨ ᠰᠣᠶᠣᠯ ᠳᠠᠭᠠᠨ ᠬᠠᠶᠢᠷᠠᠳᠠᠢ ᠬᠦᠮᠦᠰ ᠢ ᠤᠷᠢᠶᠠᠯᠠᠨ ᠳᠠᠭᠤᠳᠠᠵᠤ᠂ | ᠲᠡᠦᠬᠡ ᠰᠤᠶᠤᠯ ᠤᠨ ᠴᠦᠷᠬᠦᠯᠡᠭᠡᠰᠦ ᠶᠢ ᠦᠷᠭᠡᠳᠭᠡᠨ ᠪᠤᠵᠠᠭᠠᠶᠢᠷᠠᠭᠤᠯᠤᠭᠰᠠᠨ ᠢᠷᠠᠭᠤ ᠬᠠᠭᠤᠳᠠᠰᠣ ᠶᠢ ᠪᠢᠴᠢᠭᠯᠡᠭᠰᠡᠨ | ᠶᠤᠮ᠂ ᠨᠠᠶᠢᠷᠠᠭᠤᠯᠤᠨ ᠡᠮᠬᠢᠳᠭᠡᠨ ᠲᠢᠭᠯᠡᠬᠦ ᠠᠵᠢᠯ ᠳᠤ ᠨ᠊ ᠪᠦᠬᠡᠬᠠᠳᠠ ᠶᠢᠨ ᠤᠶᠤᠨ ᠤ ᠵᠢᠳᠭᠦᠯ ᠪᠦᠷᠢᠨ ᠰᠢᠩᠭᠡᠵᠤ | ᠪᠠᠶᠢᠬᠤ ᠶᠢ ᠠᠳᠡ ᠦᠨᠡᠯᠡᠭᠦᠰᠢᠳᠠᠢ ᠶᠤᠮ᠂ ᠰᠤᠶᠤᠯ ᠲᠡᠦᠬᠡ ᠶᠢᠨ ᠨᠡᠶᠢᠭᠡᠮᠯᠢᠭ ᠤᠨ ᠬᠡᠳᠦᠨ ᠦᠶ᠎ᠡ ᠶᠢᠨ ᠬᠠᠮᠳᠤ ᠶᠢᠨ | ᠴᠢᠷᠮᠠᠶᠢᠯᠭ᠎ᠠ ᠪᠠᠷ ᠦᠨᠤ ᠪᠤᠯᠬᠤ ᠳᠤ 200 ᠭᠠᠷᠤᠢ ᠨᠡᠶᠢᠭᠡᠮᠯᠢᠭ ᠤᠨ ᠭᠡᠰᠢᠭᠦᠨ ᠲᠠᠢ ᠪᠠ ᠳᠤᠰᠬᠠᠢ ᠨᠤᠮ ᠤᠨ | ᠬᠠᠳᠠᠭᠠᠯᠠᠮᠵᠢ ᠶᠢᠨ ᠦᠷᠦᠬᠡ ᠲᠠᠢ ᠪᠤᠯᠤᠭᠰᠠ ᠪᠠᠶᠢᠨ᠎ᠠ᠃ | ᠭᠤ ᠳᠠᠪᠬᠠᠢ ᠶᠢᠨ 1985 ᠤᠨ ᠳᠤ ᠰᠠᠨᠠᠭᠠᠴᠢᠯᠠᠨ ᠪᠠᠶᠢᠭᠤᠯᠤᠭᠰᠠᠨ ︽ᠮᠤᠩᠭᠤᠯ ᠡᠮ ᠡᠮᠨᠡᠯᠭᠡ ᠶᠢᠨ | ᠡᠷᠳᠡᠮ ᠰᠢᠨᠵᠢᠯᠡᠭᠡᠨ ᠤ ᠨᠡᠶᠢᠭᠡᠮᠯᠢᠭ︾ ᠨᠢ ︽ᠠᠷᠤᠷ᠎ᠠ ᠶᠢᠨ ᠨᠠᠪᠴᠢᠰ︾ ᠬᠡᠮᠡᠬᠦ ᠰᠡᠳᠭᠦᠯ ᠢᠶᠠᠷ ᠮᠠᠰᠢ ᠤᠯᠠᠨ | ᠮᠤᠩᠭᠤᠯ ᠠᠨᠠᠭᠠᠬᠤ ᠤᠬᠠᠭᠠᠨ ᠤ ᠰᠤᠳᠤᠯᠭᠠᠨ ᠤ ᠦᠷᠳᠡᠭ ᠪᠦᠬᠦᠢ ᠦᠭᠦᠯᠡᠯ ᠢ 1——5 ᠳ᠋ᠤᠭᠠᠷ ᠬᠤᠭᠤᠴᠠᠭ᠎ᠠ | ᠨᠠᠶᠢᠷᠠᠭᠤᠯᠤᠨ ᠬᠡᠪᠯᠡᠭᠦᠯᠦᠭᠰᠡᠨ ᠪᠦᠭᠡᠳ ᠲᠡᠭᠦᠨ ᠤ ᠡᠷᠬᠢᠯᠡᠭᠡ ᠪᠠᠷ ︽ᠮᠤᠩᠭᠤᠯ ᠡᠮᠳᠦ ᠪᠤᠳᠠᠰ ᠤᠨ ᠳᠣᠪᠴᠢᠶ᠎ᠠ︾ ᠶᠢ | ᠨᠠᠶᠢᠷᠠᠭᠤᠯᠤᠨ ᠡᠮᠬᠢᠳᠭᠡᠵᠦ᠂ 10 ᠮᠤᠵᠢ ᠤᠷᠤᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠢᠭᠡᠳᠦᠭᠡᠷ | ᠳᠡᠰ ᠤᠨ ᠱᠠᠩᠨᠠᠯ ᠢ ᠤᠯᠪᠠ᠃ | ᠡᠳᠡᠭᠡᠷ ᠭᠤᠷᠪᠠᠨ ᠵᠢᠳᠭᠦᠯᠳᠡᠨ ᠤ ᠬᠠᠮᠳᠦ ᠶᠢᠨ ᠤᠨᠴᠠᠯᠢᠭ ᠪᠤᠯ ᠦᠪᠡᠷᠳᠡᠭᠡᠨ ᠪᠦᠳᠦᠭᠡᠯ ᠲᠠᠢ ᠪᠠᠷ ᠪᠠᠷᠠᠬᠤ | ᠦᠭᠡᠢ ᠬᠠᠮᠤᠭ ᠴᠢᠬᠤᠯᠠ ᠨᠢ ᠨᠢᠭᠡᠴᠡ ᠪᠠ ᠤᠯᠠᠨ ᠢᠶᠠᠨ ᠳᠠᠶᠢᠴᠢᠯᠠᠨ ᠵᠦᠪ ᠢᠶᠠᠷ ᠵᠢᠯᠤᠭᠤᠳᠤᠨ᠂ ᠮᠦᠬᠦᠨ | ᠰᠦᠨᠦᠵᠦ ᠪᠠᠶᠢᠭ᠎ᠠ ᠲᠡᠦᠬᠡ ᠰᠣᠶᠣᠯ ᠢᠶᠠᠨ ᠠᠪᠤᠷᠠᠵᠤ᠂ ᠬᠠᠮᠳᠦ ᠶᠢᠨ ᠦᠪ ᠰᠣᠶᠣᠯ ᠢᠶᠠᠨ ᠨᠠᠨᠳᠢᠩᠨᠠᠨ | ᠬᠦᠷᠦᠩᠭᠡᠯᠡᠭᠰᠡᠨ ᠳᠤ ᠪᠠᠶᠢᠬᠤ ᠶᠤᠮ᠃ | ᠨᠠᠶᠠᠭᠠᠳ ᠤᠨ ᠤ ᠡᠬᠢ ᠪᠠᠷ᠂ ᠫ᠊ ᠲᠡᠮᠦᠷ ᠤᠨ ᠤᠯᠤᠰ ᠤᠨ ᠳᠡᠰ ᠤᠨ ᠱᠠᠩᠨᠠᠯ ᠤᠯᠤᠭᠰᠠᠨ ᠪᠦᠳᠦᠭᠡᠯ ︽ | ᠦᠵᠦᠮᠦᠴᠢᠨ ᠬᠤᠨᠢ︾ ᠨᠢ ᠤᠯᠤᠰ ᠤᠷᠤᠨ ᠤ ᠮᠠᠯ ᠠᠵᠤ ᠠᠬᠤᠢ ᠶᠢᠨ ᠰᠤᠳᠤᠯᠭᠠᠨ ᠳᠤ ᠬᠦᠨᠳᠦᠳᠭᠡᠭᠳᠡᠨ | ᠬᠡᠷᠡᠭᠯᠡᠭᠳᠡᠵᠦ᠂ ᠦᠵᠦᠮᠦᠴᠢᠨ ᠬᠤᠨᠢᠨ ᠤ ᠨᠡᠷᠡᠳᠦ ᠲᠡᠮᠳᠡᠭ ᠡᠭᠦᠳᠬᠦ ᠳᠤ ᠤᠨᠤᠯ ᠤᠨ ᠡᠰᠢ ᠪᠠᠷᠢᠮᠳᠠ ᠪᠤᠯᠪᠠ᠂ | ᠦᠵᠦᠮᠦᠴᠢᠨ ᠳᠤ ᠠᠪᠴᠣ ᠬᠡᠯᠡᠪᠡᠯ ᠮᠠᠯ ᠠᠵᠤ ᠠᠬᠤᠢ ᠶᠢᠨ ᠲᠠᠯ᠎ᠠ ᠪᠠᠷ ᠬᠢ ᠠᠩᠬᠠᠨ ᠤ ᠤᠨᠤᠯᠵᠢᠭᠰᠠᠨ | ᠰᠢᠨᠵᠢᠯᠡᠭᠡᠨ ᠤ ᠦᠷᠳᠡᠭ ᠪᠦᠬᠦᠢ ᠨᠤᠮ ᠪᠤᠯᠬᠤ ᠶᠤᠮ᠃ | ᠦᠵᠦᠮᠦᠴᠢᠨ ᠤ ᠲᠡᠦᠬᠡ ᠰᠤᠶᠤᠯ ᠤᠨ ᠰᠡᠷᠭᠦᠯᠳᠡ ᠶᠢᠨ ᠦᠢᠯᠡᠰ ᠲᠤ ᠲᠤᠪᠤᠶᠢᠮ᠎ᠠ ᠬᠤᠪᠢ ᠨᠡᠮᠡᠭᠦᠷᠢ | ᠦᠵᠡᠭᠦᠯᠦᠭᠰᠡᠨ ᠨᠤᠳᠤᠭ ᠤᠨ ᠡᠷᠳᠡᠮᠳᠡᠳ ᠰᠤᠳᠤᠯᠭᠠᠳᠠᠣᠨ ᠢ ᠲᠡᠮᠳᠡᠭᠯᠡᠪᠡᠯ ᠄ | ᠦᠵᠦᠮᠦᠴᠢᠨ ᠤ ᠠᠯᠳᠠᠷᠳᠦ ᠵᠤᠬᠢᠶᠠᠯᠴᠢ᠂ ᠲᠦᠪᠡᠳᠴᠢ ᠤᠷᠴᠢᠭᠤᠯᠤᠭᠴᠢ᠂ ᠢᠷᠠᠭᠤ ᠨᠠᠶᠢᠷᠠᠭᠤᠯᠤᠭᠴᠢ᠂ | ᠲᠡᠦᠬᠡ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠫᠡ᠊ ᠳᠣᠭᠠᠷ ᠬᠢᠭᠡᠳ ᠲᠡᠭᠦᠨ ᠤ ︽ | ᠪᠠᠶᠠᠷᠳᠦ ᠵᠢᠷᠦᠬᠡᠨ ᠤ ᠴᠣᠬᠢᠯᠭ᠎ᠠ︾᠂ ︽ᠵᠤᠯ ᠵᠢᠷᠭᠠᠯᠳᠦ ᠠᠭᠤᠯᠵᠠᠯᠳᠠ︾᠂ ︽ᠮᠤᠩᠭᠤᠯ ᠭᠡᠷ ᠤᠨ ᠰᠣᠶᠣᠯ︾᠂ | ︽ᠦᠵᠦᠮᠦᠴᠢᠨ ᠲᠡᠦᠬᠡ ᠶᠢᠨ ᠪᠠᠷᠢᠮᠳᠠ ᠪᠢᠴᠢᠭ ᠤᠳ︾ ᠂ ︽ᠮᠤᠩᠭᠤᠯ ᠤᠳᠤᠨ ᠵᠢᠷᠤᠬᠠᠢ ᠶᠢᠨ ᠱᠠᠰᠳᠢᠷ︾᠂ ︽ | ᠦᠵᠦᠮᠦᠴᠢᠨ ᠮᠤᠯᠤᠮ ᠯᠠᠮᠠ ᠶᠢᠨ ᠨᠠᠮᠳᠠᠷ︾᠂ ︽ᠦᠵᠦᠮᠦᠴᠢᠨ ᠠᠷᠠᠳ ᠤᠨ ᠪᠢᠯᠢᠭ︾᠂ ︽ᠰᠡᠯᠡᠭᠦᠤ ᠬᠦᠮᠦᠨ ᠤ | ᠢᠯᠡᠭᠦᠤ ᠪᠤᠳᠤᠯ︾᠂ ︽ᠽᠠᠩᠶᠠᠩᠵᠠᠮᠰᠤ ᠶᠢᠨ ᠬᠦᠷ ᠲᠠᠭᠤᠯᠠᠯ︾᠂ ︽ᠴᠠᠭᠠᠨ ᠦᠵᠦᠮ ᠤᠨ ᠳᠠᠭᠤᠯᠠᠯ︾᠂ ︽ᠫ᠊ | ᠳᠣᠭᠠᠷ᠂ ᠭᠤ ᠷᠠᠰᠢᠵᠠᠪ ᠤᠨ ᠰᠢᠯᠦᠭ ᠤᠨ ᠰᠣᠩᠭᠤᠮᠠᠯ︾᠂ ︽ᠨᠢᠭᠤᠴᠠ ᠳᠠᠷᠨᠢ ᠮᠠᠰᠢᠳᠠ ᠳᠡᠯᠭᠡᠷᠡᠭᠰᠡᠨ ᠬᠡᠶᠢᠳ︾ | ᠂ ︽ᠴᠠᠭᠠᠨ ᠯᠠᠪᠠᠢ ᠶᠢᠨ ᠡᠭᠡᠰᠢᠭ︾᠂ ︽ᠤᠷᠢᠯᠭ᠎ᠠ ᠶᠢᠨ ᠪᠢᠴᠢᠭ︾᠂ ︽ᠪᠠᠭᠠᠳᠤᠷ ᠨᠠᠷᠠᠮᠠ︾ ᠵᠡᠷᠭᠡ ᠪᠦᠳᠦᠭᠡᠯ | ᠪᠠ ᠤᠷᠴᠢᠭᠤᠯᠤᠭᠰᠠᠨ ᠪᠦᠳᠦᠭᠡᠯ | ᠦᠵᠦᠮᠦᠴᠢᠨ ᠰᠣᠶᠣᠯ ᠲᠡᠦᠬᠡ ᠶᠢᠨ ᠦᠢᠯᠡᠰ ᠤᠨ ᠬᠤᠰᠢᠭᠤᠴᠢ᠂ ᠢᠷᠠᠭᠤ ᠨᠠᠶᠢᠷᠠᠭᠴᠢ᠂ ᠤᠤᠭᠠᠨ ᠲᠡᠦᠬᠡ | ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠨᠠ᠊ ᠲᠡᠮᠡᠴᠡᠯᠳᠦ ᠬᠢᠭᠡᠳ ᠲᠡᠭᠦᠨ ᠤ ︽ | ᠨᠤᠳᠤᠭ ᠲᠠᠭᠠᠨ ᠡᠷᠭᠦᠬᠦ ᠤᠶᠠᠩᠭ᠎ᠠ︾᠂ ︽ᠠᠷᠠᠳ ᠤᠨ ᠢᠷᠠᠭᠤ ᠨᠠᠶᠢᠷᠠᠭᠴᠢ ᠪᠢᠯᠢᠭ ᠤᠨ ᠳᠡᠮᠦᠷ︾᠂ ︽ | ᠦᠵᠦᠮᠦᠴᠢᠨ ᠠᠷᠠᠳ ᠤᠨ ᠵᠦᠢᠷ ᠰᠡᠴᠡᠨ ᠦᠭᠡᠰ︾᠂ ︽ᠦᠵᠦᠮᠦᠴᠢᠨ ᠠᠷᠠᠳ ᠤᠨ ᠠᠮᠠᠨ ᠨᠠᠶᠢᠷᠠᠭ ᠤᠨ ᠰᠠᠩ︾ | ᠂ ︽ᠦᠵᠦᠮᠦᠴᠢᠨ ᠤ ᠤᠨᠢᠰᠤᠭ᠎ᠠ ᠲᠠᠭᠠᠪᠤᠷᠢ ᠶᠢᠨ ᠴᠢᠭᠤᠯᠭᠠᠨ︾᠂ ︽ᠦᠵᠦᠮᠦᠴᠢᠨ ᠨᠠᠶᠢᠷᠠᠭ ᠤᠨ ᠦᠨᠦᠳᠦᠷ︾ | ᠦᠵᠦᠮᠦᠴᠢᠨ ᠤ ᠠᠯᠳᠠᠷᠲᠦ ᠲᠠᠯ᠎ᠠ ᠨᠤᠲᠤᠭ ᠤᠨ ᠡᠷᠳᠡᠮᠳᠡᠨ᠂ ᠲᠡᠦᠬᠡ ᠰᠤᠶᠤᠯ ᠤᠨ ᠵᠢᠳᠭᠦᠨᠳᠡᠨ᠂ ᠪᠠᠷᠠᠭᠤᠨ | ᠦᠵᠦᠮᠦᠴᠢᠨ ᠬᠤᠰᠢᠭᠤᠨ ᠤ ᠭᠤ ᠷᠠᠭᠸ᠎ᠠ ᠬᠢᠭᠡᠳ ᠲᠡᠭᠦᠨ ᠤ ︽ᠦᠵᠦᠮᠦᠴᠢᠨ ᠮᠤᠩᠭᠤᠯ ᠭᠡᠷ︾᠂ ︽ᠰᠠᠷᠠᠨ | ᠳᠠᠭᠡᠷ᠎ᠡ ᠪᠠᠷᠢᠬᠤ ᠮᠤᠩᠭᠤᠯ ᠭᠡᠷ︾᠂ ︽ᠦᠵᠦᠮᠦᠴᠢᠨ ᠮᠤᠩᠭᠤᠯᠴᠣᠳ︾᠂ ︽ᠭᠤ ᠷᠠᠭᠸ᠎ᠠ ᠶᠢᠨ ᠡᠷᠳᠡᠮ | ᠰᠢᠨᠵᠢᠯᠡᠭᠡᠨ ᠤ ᠦᠭᠦᠯᠡᠯ ᠤᠳ︾᠂ ︽ᠦᠵᠦᠮᠦᠴᠢᠨ ᠤ ᠡᠳ᠋᠂ ᠰᠣᠶᠣᠯ᠂ ᠵᠠᠩᠰᠢᠯ︾᠂ ︽ᠠᠯᠬᠤᠭᠰᠠᠨ ᠮᠦᠷ ᠢ | ᠨᠢ ᠪᠠᠷᠠᠯᠠᠬᠤ ᠳᠤ ᠠᠤᠭ᠎ᠠ ᠭᠠᠪᠢᠶ᠎ᠠ ᠨᠢ ᠳᠡᠮᠳᠡᠭᠯᠡᠭᠦᠰᠢᠳᠠᠢ︾ | ᠦᠵᠦᠮᠦᠴᠢᠨ ᠤ ᠵᠠᠩ ᠦᠢᠯᠡ ᠰᠣᠳᠣᠯᠣᠭᠴᠢ᠂ ᠮᠠᠯ ᠠᠵᠤ ᠠᠬᠤᠢ ᠶᠢᠨ ᠰᠣᠳᠣᠯᠭᠠᠳᠠᠨ᠂ ᠵᠡᠭᠦᠨ | ᠦᠵᠦᠮᠦᠴᠢᠨ ᠬᠤᠰᠢᠭᠤᠨ ᠤ ᡀ᠊ ᠳᠣᠭᠠᠷᠰᠦᠷᠦᠩ ᠬᠢᠭᠡᠳ ᠲᠡᠭᠦᠨ ᠤ ︽ᠦᠵᠦᠮᠦᠴᠢᠨ ᠠᠷᠠᠳ ᠤᠨ ᠣᠯᠠᠮᠵᠢᠯᠠᠯᠳᠦ | ᠵᠠᠩ ᠳᠠᠳᠬᠠᠯ︾᠂ ︽ᠠᠳᠣᠭᠤᠨ ᠤ ᠠᠷᠠᠴᠢᠯᠠᠭ᠎ᠠ︾᠂ ︽ᠦᠬᠡᠷ ᠠᠷᠠᠴᠢᠯᠠᠭᠰᠠᠨ ᠳᠣᠷᠰᠢᠯᠭ᠎ᠠ︾᠂ ︽ | ᠦᠵᠦᠮᠦᠴᠢᠨ ᠤ ᠠᠮᠠᠨ ᠢᠷᠠᠭᠤ ᠨᠠᠶᠢᠷᠠᠭᠴᠢᠳ︾᠂ ︽ᠪᠡᠶᠢᠯᠡ ᠶᠢᠨ ᠶᠤᠨᠳᠠᠢ︾ | ᠦᠵᠦᠮᠦᠴᠢᠨ ᠤ ᠲᠡᠦᠬᠡ ᠰᠣᠶᠣᠯ ᠤᠨ ᠵᠢᠳᠭᠦᠯᠳᠡᠨ᠂ ᠢᠷᠠᠭᠤ ᠨᠠᠶᠢᠷᠠᠭᠴᠢ᠂ ᠵᠡᠭᠦᠨ ᠦᠵᠦᠮᠦᠴᠢᠨ | ᠬᠤᠰᠢᠭᠤᠨ ᠤ ᠠᠯᠳᠠᠷᠳᠦ ᠮᠠᠯᠴᠢᠨ ᠵᠤᠬᠢᠶᠠᠯᠴᠢ ᠦ᠊ ᠲᠠᠮᠢᠷᠠᠨ ᠬᠢᠭᠡᠳ ᠲᠡᠭᠦᠨ ᠤ ︽ᠢᠷᠦᠭᠡᠯᠳᠦ ᠴᠠᠭᠠᠨ ᠮᠤᠩᠭᠤᠯ | ᠭᠡᠷ︾᠂ ︽ᠦᠵᠦᠮᠦᠴᠢᠨ ᠠᠷᠠᠳ ᠤᠨ ᠬᠠᠭᠤᠴᠢ ᠶᠠᠷᠢᠶ᠎ᠠ︾᠂ ︽ᠬᠦᠷᠢᠶᠡᠳᠦ ᠨᠠᠭᠤᠷ ᠤᠨ ᠤᠶᠠᠩᠭ᠎ᠠ︾᠂ ︽ | ᠦᠵᠦᠮᠦᠴᠢᠨ ᠠᠷᠠᠳ ᠤᠨ ᠰᠣᠶᠣᠯ ᠤᠨ ᠣᠪᠤᠭ᠎ᠠ︾᠂ ︽ᠳᠡᠮᠴᠡᠭ ᠮᠡᠶᠢᠷᠡᠨ ᠤ ᠳᠤᠯᠭ᠎ᠠ︾᠂ ︽ᠦᠵᠦᠮᠦᠴᠢᠨ | ᠳᠠᠬᠢ ᠤᠯᠠᠭᠠᠨ ᠤ ᠱᠠᠰᠢᠨᠳᠡᠨ ᠤ ᠤᠯᠠ ᠮᠦᠷ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ᠂ ᠵᠡᠭᠦᠨ | ᠦᠵᠦᠮᠦᠴᠢᠨ ᠬᠤᠰᠢᠭᠤᠨ ᠤ ᠳ᠋ᠠᠷᠠᠬᠠ ᠬᠢᠭᠡᠳ ᠲᠡᠭᠦᠨ ᠤ ︽ᠦᠵᠦᠮᠦᠴᠢᠨ ᠲᠡᠦᠬᠡ ᠶᠢᠨ ᠲᠡᠮᠳᠡᠭᠯᠡᠯ︾᠂ ︽ | ᠭᠠᠮᠠᠯᠠ ᠶᠢᠨ ᠰᠢᠯᠦᠭ ᠤᠨ ᠲᠡᠭᠦᠪᠦᠷᠢ︾᠂ ︽ᠦᠵᠦᠮᠦᠴᠢᠨ ᠤ ᠡᠷᠡᠮᠡᠭᠡᠢ ᠰᠣᠳᠣᠨ ᠪᠦᠰᠡᠭᠦᠶᠢᠴᠣᠳ︾ | ᠦᠵᠦᠮᠦᠴᠢᠨ ᠤ ᠢᠷᠠᠭᠤ ᠨᠠᠶᠢᠷᠠᠭᠴᠢ ᠪᠦᠭᠡᠳᠤᠷᠴᠢᠭᠤᠯᠤᠭᠴᠢ᠂ ᠲᠡᠦᠬᠡ ᠰᠣᠶᠣᠯ ᠤᠨ ᠵᠢᠳᠭᠦᠯᠳᠡᠨ ᠵᠢ᠊ | ᠠᠯᠳᠠᠨᠭᠡᠷᠡᠯ ᠬᠢᠭᠡᠳ ᠲᠡᠭᠦᠨ ᠤ ︽ᠲᠠᠯ᠎ᠠ ᠨᠤᠲᠤᠭ ᠤᠨ ᠪᠠᠭᠠᠳᠤᠷ ᠬᠦᠮᠦᠰ︾ ᠭᠡᠬᠦ ᠨᠤᠮ ᠪᠠ ︽ᠡᠬᠡ ᠤᠷᠤᠨ ᠮᠢᠨᠢ︾ | ᠂ ︽ᠰᠡᠳᠭᠢᠯ ᠤᠨ ᠴᠠᠭᠠᠨ ᠬᠠᠳᠠᠭ︾ ᠵᠡᠷᠭᠡ ᠵᠠᠭᠤ ᠭᠠᠷᠤᠢ ᠰᠢᠯᠦᠭ᠂ ︽ᠬᠠᠩᠭᠠᠢ ᠶᠢᠨ ᠭᠡᠰᠢᠭ︾᠂ ︽ᠡᠷ᠎ᠡ | ᠴᠡᠷᠢᠭ ᠣᠨᠰᠡᠳᠭᠢᠯ︾᠂ ︽ᠰᠤᠬᠤᠷ ᠳᠠᠰᠢᠭᠤᠷ︾ ᠵᠡᠷᠭᠡ ᠨᠠᠶᠠᠭᠠᠳ ᠦᠭᠦᠯᠡᠯᠭᠡ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ ᠪᠠᠷᠠᠭᠤᠨ | ᠦᠵᠦᠮᠦᠴᠢᠨ ᠬᠤᠰᠢᠭᠤᠨ ᠤ ᠯ᠊ ᠠᠮᠤᠷᠮᠡᠨᠳᠦ ᠬᠢᠭᠡᠳ ᠲᠡᠭᠦᠨ ᠤ ︽ᠦᠵᠦᠮᠦᠴᠢᠨ ᠤ ᠵᠠᠩ ᠳᠠᠳᠬᠠᠯ︾᠂ ︽ | ᠦᠵᠦᠮᠦᠴᠢᠨ ᠤ ᠤᠪᠤᠭ᠎ᠠ ᠳᠠᠬᠢᠯᠭ᠎ᠠ︾᠂ ︽ᠦᠵᠦᠮᠦᠴᠢᠨ ᠬᠤᠷᠢᠮ ᠤᠨ ᠶᠤᠰᠣᠨ︾᠂ ︽ᠮᠤᠩᠭᠤᠯ ᠨᠤᠬᠠᠢ︾᠂ | ︽ᠦᠵᠦᠮᠦᠴᠢᠨ ᠰᠦᠮ᠎ᠡ ᠬᠡᠶᠢᠳ ᠤᠨ ᠲᠤᠶᠢᠮᠦ︾᠂ ︽ᠦᠵᠦᠮᠦᠴᠢᠨ ᠠᠪᠢᠶ᠎ᠠ ᠵᠦᠢ᠂ ᠠᠮᠠᠨ ᠠᠶᠠᠯᠠᠭᠤ︾ | ᠦᠵᠦᠮᠦᠴᠢᠨ ᠤᠷᠳᠤ ᠶᠢᠨ ᠳᠠᠭᠤᠤ ᠶᠢᠨ ᠤᠯᠠᠮᠵᠢᠯᠠᠭᠴᠢ᠂ ᠨᠠᠷᠠᠳᠦ ᠬᠦᠭᠵᠢᠮ ᠤᠨ ᠵᠤᠬᠢᠶᠠᠯᠴᠢ᠂ ᠠᠯᠳᠠᠷᠳᠦ | ᠮᠤᠷᠢᠨ ᠬᠤᠭᠤᠷᠴᠢᠨ ᠵᠡᠭᠦᠨ ᠦᠵᠦᠮᠦᠴᠢᠨ ᠬᠤᠰᠢᠭᠤᠨ ᠤ ᠰᠠᠩᠵᠠᠢ ᠬᠢᠭᠡᠳ ᠲᠡᠭᠦᠨ ᠤ ︽ᠦᠵᠦᠮᠦᠴᠢᠨ | ᠠᠷᠠᠳ ᠤᠨ ᠲᠠᠭᠤᠤ︾᠂ ︽ᠦᠪᠦᠷ ᠮᠤᠩᠭᠤᠯ ᠤᠨ ᠠᠷᠠᠳ ᠤᠨ ᠳᠠᠭᠤᠤ ᠶᠢᠨ ᠴᠤᠪᠤᠷᠠᠯ︾ ᠵᠡᠷᠭᠡ ᠨᠤᠮ ᠪᠠ ︽ | ᠳᠦᠭᠦᠷᠡᠩᠵᠠᠭᠠᠨ︾ ᠵᠡᠷᠭᠡ ᠠᠷᠪᠠ ᠭᠠᠷᠤᠢ ᠳᠠᠭᠤᠯᠠᠯᠳᠦ ᠵᠦᠴᠦᠭᠡ ᠶᠢᠨ ᠠᠶᠠᠯᠠᠭᠤ᠂ ︽ᠮᠤᠩᠭᠤᠯ ᠬᠦᠮᠦᠨ ᠤ | ᠠᠯᠳᠠᠷ︾᠂ ︽ᠤᠮᠠᠷᠠᠳᠦ ᠬᠢᠯᠢ ᠶᠢᠨ ᠮᠠᠭᠳᠠᠭᠠᠯ︾ ᠵᠡᠷᠭᠡ ᠵᠠᠭᠤ ᠰᠢᠬᠠᠮ ᠳᠠᠭᠤᠤ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠰᠣᠶᠣᠯ ᠤᠨ | ᠵᠢᠳᠭᠦᠯᠳᠡᠨ᠂ ᠪᠠᠷᠠᠭᠤᠨ ᠦᠵᠦᠮᠦᠴᠢᠨ ᠬᠤᠰᠢᠭᠤᠨ ᠤ ᠪᠠᠯᠨᠤᠳ ᠪᠠ᠊᠂ ᠤᠳᠬᠤᠨ ᠬᠢᠭᠡᠳ ᠲᠡᠭᠦᠨ ᠤ ︽ | ᠲᠤᠮᠤᠭᠳᠦ ᠪᠤᠭᠤᠷᠤᠯ ᠬᠤᠷᠸ᠎ᠠ︾᠂ ︽ᠬᠤᠱᠤᠢ ᠰᠡᠴᠡᠨ ᠴᠢᠨ ᠸᠠᠩ ᠰᠣᠳᠨᠠᠮᠷᠠᠪᠳᠠᠨ ᠬᠢᠭᠡᠳ ᠪᠠᠷᠠᠭᠤᠨ | ᠦᠵᠦᠮᠦᠴᠢᠨ ᠬᠤᠰᠢᠭᠤ︾᠂ ︽ᠰᠣᠷᠭᠤᠭ ᠴᠡᠴᠡᠭ ᠤᠨ ᠮᠦᠰᠢᠶᠡᠯ︾᠂ ︽ᠪᠠᠯᠨᠤᠳ ᠤᠨ ᠭᠤᠷᠪᠠᠨ ᠠᠮᠠᠨ | ᠨᠠᠶᠢᠷᠠᠭᠴᠢ︾᠂ ︽ᠦᠵᠦᠮᠦᠴᠢᠨ ᠠᠷᠠᠳ ᠤᠨ ᠠᠬᠠᠷ ᠵᠠᠬᠠᠷ ᠳᠠᠭᠤᠤ ᠨᠤᠭᠤᠳ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠮᠠᠯᠴᠢᠨ ᠵᠤᠬᠢᠶᠠᠯᠴᠢ᠂ | ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠸ᠊ ᠂ ᠨᠠᠮᠵᠢᠯᠰᠦᠷᠦᠩ ᠬᠢᠭᠡᠳ ᠲᠡᠭᠦᠨ ᠤ ︽ | ᠭᠠᠩ ᠡᠷᠳᠡᠨᠢ ᠶᠢᠨ ᠳᠣᠯᠭ᠎ᠠ︾᠂ ︽ᠦᠵᠦᠮᠦᠴᠢᠨ ᠪᠦᠰᠡᠭᠦᠶᠢᠴᠣᠳ ᠤᠨ ᠠᠮᠠᠨ ᠨᠠᠶᠢᠷᠠᠭ ᠤᠨ ᠳᠡᠭᠡᠵᠢᠰ︾᠂ ︽ | ᠦᠵᠦᠮᠦᠴᠢᠨ ᠠᠮᠠᠨ ᠢᠷᠠᠭᠤ ᠨᠠᠶᠢᠷᠠᠭᠴᠢᠳ︾᠂ ︽ᠰᠠᠩ ᠳᠠᠬᠢᠯᠭ᠎ᠠ ᠶᠢᠨ ᠴᠢᠭᠤᠯᠭᠠᠨ︾᠂ ︽ᠦᠵᠦᠮᠦᠴᠢᠨ | ᠪᠡᠶᠢᠯᠡ ᠶᠢᠨ ᠭᠠᠪᠵᠤ ᠯᠠᠮᠡ︾ | ᠦᠵᠦᠮᠦᠴᠢᠨ ᠤ ᠲᠡᠦᠬᠡ ᠰᠣᠶᠣᠯ ᠤᠨ ᠤᠯᠠᠮᠵᠢᠯᠠᠭᠴᠢ᠂ ᠵᠠᠩ ᠦᠢᠯᠡ ᠰᠣᠳᠣᠯᠭᠠᠴᠢ᠂ ᠪᠠᠷᠠᠭᠤᠨ | ᠦᠵᠦᠮᠦᠴᠢᠨ ᠬᠤᠰᠢᠭᠤᠨ ᠤ ᠨᠠ᠊ ᠳᠠᠮᠢᠷᠠᠨᠵᠠᠪ ᠬᠢᠭᠡᠳ ᠲᠡᠭᠦᠨ ᠤ ︽ᠦᠵᠦᠮᠦᠴᠢᠨ ᠰᠣᠶᠣᠯ ᠲᠡᠦᠬᠡ ᠶᠢᠨ ᠳᠠᠭᠦᠪᠦᠷᠢ | ᠳᠠᠮᠳᠡᠭᠯᠡᠯ︾᠂ ︽ᠬᠠᠷᠠᠭᠠᠳᠦ ᠰᠣᠮᠣᠨ ᠤ ᠲᠡᠦᠬᠡ ᠳᠡᠮᠳᠡᠭᠯᠡᠯ︾᠂ ᠲᠡᠷᠡ 2005 ᠤᠨ ᠳᠤ ᠦᠵᠦᠮᠦᠴᠢᠨ ᠤ | ᠰᠦᠯᠳᠡ ᠶᠢᠨ ᠲᠠᠬᠢᠯᠭ᠎ᠠ ᠶᠢᠨ ᠵᠠᠩ ᠦᠢᠯᠡ ᠶᠢ ᠪᠠᠷᠠᠭᠤᠨ ᠦᠵᠦᠮᠦᠴᠢᠨ ᠬᠤᠰᠢᠭᠤᠨ ᠳᠠᠭᠠᠨ ᠰᠡᠷᠭᠦᠭᠡᠪᠡ᠃ | ᠦᠵᠦᠮᠦᠴᠢᠨ ᠤ ᠲᠡᠦᠬᠡ ᠵᠠᠩ ᠦᠢᠯᠡ ᠶᠢ ᠤᠯᠠᠮᠵᠢᠯᠠᠭᠴᠢ᠂ ᠮᠠᠯᠴᠢᠨ ᠵᠤᠬᠢᠶᠠᠯᠴᠢ᠂ ᠰᠣᠶᠣᠯ ᠤᠨ | ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠪᠸ᠊ ᠵᠠᠳᠠᠮᠪᠠ ᠬᠢᠭᠡᠳ ᠲᠡᠭᠦᠨ ᠤ ︽ᠦᠵᠦᠮᠦᠴᠢᠨ ᠠᠮᠠᠨ | ᠦᠯᠢᠭᠡᠷ ᠤᠨ ᠴᠢᠭᠤᠯᠭᠠᠨ︾᠂ ︽ᠦᠵᠦᠮᠦᠴᠢᠨ ᠤᠨᠢᠰᠤᠭ᠎ᠠ ᠳᠠᠭᠠᠪᠦᠷᠢ ᠶᠢᠨ ᠴᠢᠭᠤᠯᠭᠠᠨ︾᠂ ︽ᠦᠵᠦᠮᠦᠴᠢᠨ | ᠳᠤᠮᠤᠭ ᠤᠳ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠦᠭᠡᠯᠴᠢ᠂ ᠰᠣᠶᠣᠯ ᠤᠨ ᠵᠢᠳᠭᠦᠯᠳᠡᠨ᠂ | ᠵᠡᠭᠦᠨ ᠦᠵᠦᠮᠦᠴᠢᠨ ᠬᠤᠰᠢᠭᠤᠨ ᠤ ᠰᠢᠷᠠᠨᠤᠳ ᠪᠠ᠊᠂ ᠤᠳᠬᠤᠨ ᠬᠢᠭᠡᠳ ᠲᠡᠭᠦᠨ ᠤ ︽ᠦᠵᠦᠮᠦᠴᠢᠨ ᠵᠠᠩ | ᠦᠢᠯᠡ ᠶᠢᠨ ᠳᠡᠮᠳᠡᠭᠯᠡᠯ︾᠂ ︽ᠦᠵᠦᠮᠦᠴᠢᠨ ᠤ ᠲᠡᠦᠬᠡᠳᠦ ᠰᠣᠶᠣᠯ ᠠᠮᠢᠳᠣᠷᠠᠯ︾᠂ ︽ᠰᠢᠯᠦᠭᠯᠡᠯᠳᠦ ᠤᠨᠢᠰᠤᠭ᠎ᠠ︾ | ᠂ ︽ᠪᠢᠯᠢᠭ ᠤᠨ ᠴᠣᠮᠣᠷᠯᠢᠭ︾ | ᠦᠵᠦᠮᠦᠴᠢᠨ ᠤ ᠠᠯᠳᠠᠷᠳᠦ ᠵᠢᠷᠤᠭᠴᠢᠨ᠂ ᠵᠠᠩ ᠦᠢᠯᠡ ᠶᠢᠨ ᠤᠯᠠᠮᠵᠢᠯᠠᠭᠴᠢ᠂ ᠰᠣᠶᠣᠯ ᠤᠨ ᠵᠢᠳᠭᠦᠯᠳᠡᠨ᠂ | ᠪᠠᠷᠠᠭᠤᠨ ᠦᠵᠦᠮᠦᠴᠢᠨ ᠬᠤᠰᠢᠭᠤᠨ ᠤ ᠨᠠ᠊ ᠷᠢᠨᠴᠢᠨ ᠬᠢᠭᠡᠳ ᠲᠡᠭᠦᠨ ᠤ ︽ᠦᠵᠦᠮᠦᠴᠢᠨ ᠵᠠᠩ ᠦᠢᠯᠡ︾ ᠶᠢᠨ | ᠵᠢᠷᠤᠭᠳᠦ ᠪᠤᠳᠢ᠂ ᠤᠷᠳᠤᠰ ᠳᠠᠬᠢ ᠴᠢᠩᠭᠢᠰ ᠤᠨ ᠤᠩᠭᠤᠨ ᠤ ︽ᠮᠤᠩᠭᠤᠯ ᠬᠠᠭᠠᠳ ᠤᠨ ᠬᠦᠷᠦᠭ ᠵᠢᠷᠤᠭ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠪᠠᠷᠠᠭᠤᠨ ᠦᠵᠦᠮᠦᠴᠢᠨ ᠬᠤᠰᠢᠭᠤᠨ ᠤ | ᠦᠵᠤᠳ ᠵᠢ᠊᠂ ᠴᠢᠯᠠᠭᠤᠨ᠋ᠠ᠋ᠷᠰᠯᠠᠨ ᠬᠢᠭᠡᠳ ᠲᠡᠭᠦᠨ ᠤ ︽ᠦᠵᠦᠮᠦᠴᠢᠨ ᠬᠤᠭᠤᠷᠴᠢ ᠰᠡᠷᠡᠩᠳᠤᠩᠷᠤᠪ︾᠂ ︽ᠲᠦᠮᠡᠨ | ᠳᠤᠮᠤᠭ ᠤᠨ ᠡᠮᠬᠢᠳᠭᠡᠯ︾᠂ ︽ᠦᠵᠦᠮᠦᠴᠢᠨ ᠬᠤᠷᠢᠮ︾᠂ ︽ᠦᠵᠦᠮᠦᠴᠢᠨ ᠪᠦᠬᠡ ᠶᠢᠨ ᠨᠠᠮᠳᠠᠷ ᠤᠨ ᠬᠡᠰᠡᠭ | ᠴᠣᠭᠯᠠᠭᠤᠯᠭ᠎ᠠ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠮᠠᠯ ᠠᠵᠤ ᠠᠬᠤᠢ ᠶᠢᠨ ᠰᠣᠳᠣᠯᠭᠠᠳᠠᠨ᠂ | ᠪᠦᠬᠡ ᠶᠢᠨ ᠵᠠᠩ ᠦᠢᠯᠡ ᠰᠣᠳᠣᠯᠭᠠᠴᠢ᠂ ᠰᠣᠶᠣᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠫᠠ᠊ | ᠲᠡᠮᠦᠷ ᠬᠢᠭᠡᠳ ᠲᠡᠭᠦᠨ ᠤ ︽ᠦᠵᠦᠮᠦᠴᠢᠨ ᠬᠤᠨᠢ︾᠂ ︽ᠦᠵᠦᠮᠦᠴᠢᠨ ᠪᠦᠬᠡ 1—2︾᠂ ︽ᠦᠵᠦᠮᠦᠴᠢᠨ | ᠤᠭ ᠤᠨ ᠪᠢᠴᠢᠭ︾᠂ ︽ᠦᠵᠦᠮᠦᠴᠢᠨ ᠤ ᠰᠣᠶᠣᠯ ᠤᠨ ᠦᠯᠦᠭᠡᠢ — ᠳᠣᠯᠤᠤᠳᠠ ᠰᠤᠷᠭᠠᠭᠤᠯᠢ︾᠂ ︽ᠬᠠᠮᠪᠤ | ᠭᠡᠭᠡᠨᠳᠡᠨ ᠤ ᠶᠡᠭᠡ ᠨᠠᠶᠢᠷ︾ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠮᠠᠯ ᠠᠵᠤ ᠠᠬᠤᠢ ᠰᠤᠳᠤᠯᠭᠠᠴᠢ᠂ | ᠰᠤᠶᠤᠯ ᠤᠨ ᠵᠢᠳᠭᠦᠯᠳᠡᠨ᠂ ᠵᠡᠭᠦᠨ ᠦᠵᠦᠮᠦᠴᠢᠨ ᠬᠤᠰᠢᠭᠤᠨ ᠤ ᠨᠡ᠊ ᠲᠦᠪᠳᠡᠨ ᠬᠢᠭᠡᠳ ᠲᠡᠭᠦᠨ ᠤ ︽ᠴᠢᠩ | ᠤᠯᠤᠰ ᠤᠨ ᠦᠶ᠎ᠡ ᠶᠢᠨ ᠦᠵᠦᠮᠦᠴᠢᠨ ᠵᠡᠭᠦᠨ ᠭᠠᠷᠤᠨ ᠬᠤᠰᠢᠭᠤ︾᠂ ︽ᠦᠵᠦᠮᠦᠴᠢᠨ ᠤ ᠦᠵᠦᠭᠦᠷ ᠮᠠᠯᠴᠢᠳ︾ | ᠵᠡᠷᠭᠡ ᠨᠤᠮ ᠪᠠ ︽ᠬᠤᠴᠠ ᠰᠦᠷᠦᠭ ᠤᠨ ᠳᠣᠬᠠᠢ ᠦᠭᠦᠯᠡᠬᠦ ᠨᠢ︾᠂ ︽ᠦᠵᠦᠮᠦᠴᠢᠨ ᠬᠤᠨᠢ ᠶᠢ ᠰᠣᠩᠭᠤᠨ | ᠪᠤᠶᠢᠵᠢᠭᠤᠯᠬᠤ ᠲᠤᠬᠠᠢ︾ ᠵᠡᠷᠭᠡ ᠦᠭᠦᠯᠡᠯ ᠤᠳ | ᠦᠵᠦᠮᠦᠴᠢᠨ ᠤ ᠲᠡᠦᠬᠡ ᠵᠠᠩ ᠦᠢᠯᠡ ᠶᠢᠨ ᠤᠯᠠᠮᠵᠢᠯᠠᠭᠴᠢ᠂ ᠢᠷᠠᠭᠤ ᠨᠠᠶᠢᠷᠠᠭᠴᠢ᠂ ᠰᠣᠶᠣᠯ ᠤᠨ | ᠵᠢᠳᠭᠦᠯᠳᠡᠨ᠂ ᠪᠠᠷᠠᠭᠤᠨ ᠦᠵᠦᠮᠦᠴᠢᠨ ᠬᠤᠰᠢᠭᠤᠨ ᠤ ᠵᠢ᠊ ᠳᠤᠷᠵᠢ ᠬᠢᠭᠡᠳ ᠲᠡᠭᠦᠨ ᠤ ︽ᠮᠢᠨᠦ ᠬᠦᠬᠡ ᠲᠡᠭᠷᠢ︾᠂ | ︽ᠢᠨᠵᠠᠭᠠᠨ ᠶᠤᠨᠳᠤᠨ︾᠂ ︽ᠡᠷᠳᠡᠨᠢ ᠶᠢᠨ ᠳᠡᠭᠡᠳᠦ ᠰᠢᠳᠢ ᠬᠡᠶᠢᠳ — ᠤᠯᠠᠭᠠᠨ ᠬᠠᠭᠠᠯᠭ᠎ᠠ ᠰᠦᠮ᠎ᠡ︾ | ᠵᠡᠭᠦᠨ ᠦᠵᠦᠮᠦᠴᠢᠨ ᠤ ᠭᠤᠴᠢᠨ ᠵᠢᠯ ᠤᠨ ᠰᠣᠶᠣᠯ ᠲᠡᠦᠬᠡ ᠶᠢᠨ ᠬᠦᠭᠵᠢᠯᠳᠡ ᠶᠢᠨ ᠪᠠᠶᠢᠳᠡᠯ ᠠᠴᠠ ᠦᠵᠡᠪᠡᠯ | ᠄ | ⑴ ᠮᠠᠰᠢ ᠤᠯᠠᠨ ᠨᠤᠳᠤᠭ ᠤᠨ ᠠᠬᠠᠮᠠᠳ ᠳᠣᠮᠣᠭᠠᠳᠠᠳ ᠦᠵᠦᠮᠦᠴᠢᠨ ᠲᠡᠦᠬᠡ ᠰᠣᠶᠣᠯ ᠤᠨ | ᠰᠡᠷᠭᠦᠯᠳᠡ ᠳᠤ ᠢᠳᠡᠪᠬᠢᠳᠠᠢ ᠤᠷᠤᠯᠴᠠᠵᠦ᠂ ᠤᠶᠤᠨ ᠤᠬᠠᠭᠠᠨ ᠬᠦᠴᠦ ᠳᠠᠮᠢᠷ ᠢᠶᠠᠨ ᠰᠢᠪᠬᠠᠵᠤ᠂ ᠬᠤᠶᠢᠴᠢ | ᠦᠶ᠎ᠡ ᠳᠡᠭᠡᠨ ᠦᠨᠢᠷ ᠪᠠᠶᠠᠯᠢᠭ ᠰᠣᠶᠣᠯ ᠤᠨ ᠦᠪ ᠪᠤᠯᠬᠤ 200 ᠭᠠᠷᠤᠢ ᠨᠤᠮ ᠳᠡᠪᠳᠡᠷ ᠢ ᠪᠢᠴᠢᠭᠯᠡᠨ | ᠦᠯᠡᠳᠡᠭᠡᠭᠰᠡᠨ ᠪᠠᠶᠢᠨ᠎ᠠ᠂ ᠡᠭᠦᠨ ᠳᠤ ᠵᠡᠭᠦᠨ ᠦᠵᠦᠮᠦᠴᠢᠨ ᠤ ᠰᠣᠶᠣᠯ ᠲᠡᠦᠬᠡ ᠶᠢᠨ ᠨᠡᠶᠢᠭᠡᠮᠯᠢᠭ ᠭᠤᠤᠯ | ᠬᠦᠴᠣᠨ ᠤ ᠦᠢᠯᠡᠳᠦᠯ ᠭᠠᠷᠭᠠᠵᠤ᠂ ᠤᠯᠠᠨ ᠲᠦᠮᠡᠨ ᠤ ᠰᠣᠶᠣᠯ ᠤᠨ ᠤᠷᠮ᠎ᠠ ᠶᠢ ᠬᠦᠭᠵᠢᠭᠡᠭᠰᠡᠨ ᠢᠶᠠᠷ ᠪᠦᠬᠦ | ᠭᠡᠰᠢᠭᠦᠳ ᠤᠨ ᠳᠤᠭ᠎ᠠ 200 ᠳᠤ ᠬᠦᠷᠴᠦ᠂ ᠡᠨᠡ ᠨᠢ ᠦᠵᠦᠮᠦᠴᠢᠨ ᠬᠤᠶᠠᠷ ᠬᠤᠰᠢᠭᠤᠨ ᠤ ᠰᠣᠶᠣᠯ ᠤᠨ | ᠬᠠᠮᠳᠦ ᠶᠢᠨ ᠠᠵᠢᠯᠯᠠᠭ᠎ᠠ ᠪᠤᠯᠤᠨ ᠪᠤᠵᠠᠭᠠᠶᠢᠷᠠᠪᠠ᠃ | ⑵ ᠠᠮᠠ ᠪᠠᠷ ᠤᠯᠠᠮᠵᠢᠯᠠᠭᠳᠠᠳᠠᠭ ᠲᠡᠦᠬᠡ ᠨᠢ ᠤᠳᠤ ᠨᠢᠭᠡᠨᠳᠡ ᠦᠰᠦᠭ ᠪᠢᠴᠢᠭ ᠢᠶᠠᠷ ᠲᠡᠮᠳᠡᠭᠯᠡᠭᠳᠡᠬᠦ | ᠪᠤᠯᠤᠭᠰᠠᠨ ᠰᠤᠶᠣᠯ ᠤᠨ ᠳᠠᠪᠰᠢᠯᠳᠠ ᠶᠢ ᠪᠡᠶᠡᠯᠡᠭᠦᠯᠵᠠᠢ᠃ ᠡᠭᠦᠨ ᠳᠤ ᠲᠡᠦᠬᠡ ᠲᠡᠮᠳᠡᠭᠯᠡᠯ ᠤᠨ ᠲᠠᠯ᠎ᠠ ᠪᠠᠷ | ᠤᠯᠠᠮᠵᠢᠯᠠᠯᠳᠦ ᠠᠮᠠᠨ ᠶᠠᠷᠢᠶ᠎ᠠ᠂ ᠲᠡᠦᠬᠡᠨ ᠬᠦᠮᠦᠨ᠂ ᠲᠡᠦᠬᠡᠨ ᠦᠢᠯᠡ ᠬᠡᠷᠡᠭ ᠢ ᠨᠠᠮᠳᠠᠷᠯᠠᠨ ᠪᠢᠴᠢᠬᠦ ᠪᠠᠷ ᠭᠤᠤᠯᠯᠠᠵᠤ᠂ | ᠤᠷᠠᠨ ᠵᠤᠬᠢᠶᠠᠯ ᠢᠷᠠᠭᠤ ᠨᠠᠶᠢᠷᠠᠭ ᠤᠨ ᠲᠠᠯ᠎ᠠ ᠪᠠᠷ ᠤᠯᠠᠮᠵᠢᠯᠠᠯᠳᠦ ᠤᠷᠳᠦ ᠶᠢᠨ ᠳᠠᠭᠤᠤ ᠶᠢᠨ ᠰᠢᠯᠦᠭ ᠠᠶ᠎ᠠ᠂ | ᠤᠯᠠᠮᠵᠢᠯᠠᠯᠳᠦ ᠵᠦᠢᠷ ᠰᠡᠴᠡᠨ ᠦᠭᠡᠰ᠂ ᠤᠨᠢᠰᠤᠭ᠎ᠠ ᠲᠠᠭᠠᠪᠦᠷᠢ᠂ ᠠᠮᠠᠨ ᠦᠯᠢᠭᠡᠷ᠂ ᠠᠮᠠᠨ ᠢᠷᠠᠭᠤ | ᠨᠠᠶᠢᠷᠠᠭᠴᠢᠳ ᠤᠨ ᠰᠢᠯᠦᠭᠯᠡᠯ ᠦᠢᠯᠡ ᠬᠡᠷᠡᠭ ᠢ ᠳᠡᠮᠳᠡᠭᠯᠡᠬᠦ ᠪᠠᠷ ᠴᠣᠭᠴᠠᠯᠠᠭᠰᠠᠨ ᠪᠠᠶᠢᠨ᠎ᠠ᠂ ᠰᠡᠭᠦᠯᠡᠷ ᠨᠢ ᠬᠤᠰᠢᠭᠤ | ᠡᠯ᠎ᠡ ᠰᠠᠯᠠᠭ᠎ᠠ ᠮᠦᠴᠢᠷ ᠤᠨ ᠤᠶᠢᠯᠠᠯᠭ᠎ᠠ᠂ ᠰᠣᠮᠣ ᠭᠠᠴᠠᠭ᠎ᠠ ᠱᠠᠳᠣᠨ ᠤ ᠤᠶᠢᠯᠠᠯᠭ᠎ᠠ᠂ ᠠᠶᠢᠮᠠᠭ ᠲᠦᠷᠦᠯ ᠭᠡᠷ | ᠪᠦᠯᠢ ᠶᠢᠨ ᠨᠠᠮᠳᠠᠷ᠂ ᠬᠤᠪᠢ ᠶᠢᠨ ᠰᠢᠯᠦᠭ ᠨᠠᠶᠢᠷᠠᠭᠤᠯᠤᠯ ᠤᠳ ᠤᠯᠠᠰᠢᠷᠠᠭᠰᠠᠨ ᠶᠤᠮ᠂ ᠡᠳᠡᠭᠡᠷ ᠪᠦᠳᠦᠭᠡᠯ ᠤᠳ ᠲᠤ | ᠰᠣᠶᠣᠯ ᠲᠡᠦᠬᠡ ᠶᠢᠨ ᠨᠡᠶᠢᠭᠡᠮᠯᠢᠭ ᠤᠨ ᠭᠡᠰᠢᠭᠦᠳ ᠤᠨ ᠬᠦᠴᠦ ᠴᠢᠷᠮᠠᠶᠢᠯᠭ᠎ᠠ ᠪᠦᠷᠢᠨ ᠰᠢᠩᠭᠡᠵᠤ ᠪᠠᠶᠢᠬᠤ ᠶᠤᠮ᠃ | ⑶ ᠦᠵᠦᠮᠦᠴᠢᠨ ᠲᠡᠦᠬᠡ ᠰᠣᠶᠣᠯ ᠤᠨ ᠦᠷᠨᠢᠯᠳᠡ ᠶᠢᠨ ᠲᠤᠮᠳᠠᠬᠢ ᠤᠯᠠᠨ ᠲᠤᠷᠦᠯ ᠤᠨ ᠵᠤᠬᠢᠶᠠᠯ | ᠪᠦᠲᠦᠭᠡᠯ ᠣᠨᠤᠯᠠᠩᠬᠢ ᠨᠢ ᠲᠡᠦᠬᠡ ᠶᠢᠨ ᠦᠩᠭᠡᠷᠡᠯᠳᠡ᠂ ᠵᠠᠩ ᠦᠢᠯᠡ ᠶᠢᠨ ᠦᠨᠡᠨ ᠪᠤᠳᠠᠳᠦ ᠲᠡᠮᠳᠡᠭᠯᠡᠯ ᠪᠤᠯᠬᠤ ᠪᠠᠷ | ᠪᠠᠷᠠᠬᠤ ᠦᠭᠡᠢ ᠦᠨᠢᠷ ᠪᠠᠶᠠᠯᠢᠭ ᠰᠣᠳᠣᠯᠭᠠᠨ ᠤ ᠪᠤᠷᠤ ᠮᠠᠲ᠋ᠧᠷᠢᠶᠠᠯ ᠪᠤᠯᠤᠨ᠎ᠠ᠂ ᠶᠠᠭ ᠡᠷᠳᠡᠮᠳᠡᠨ ᠭᠤ ᠵᠤᠷᠢᠭᠳᠦ ᠶᠢᠨ | ᠬᠡᠯᠡᠭᠰᠡᠨᠴᠢᠯᠡᠨ ︽ᠲᠦᠷᠦᠯ ᠪᠦᠷᠢ ᠶᠢᠨ ᠰᠤᠳᠤᠯᠭᠠᠨ ᠳᠤ ᠡᠬᠡ ᠬᠡᠷᠡᠭᠯᠡᠭᠳᠡᠭᠦᠨ ᠬᠠᠩᠭᠠᠭᠰᠠᠨ︾ ᠶᠤᠮ᠃ | ᠦᠵᠦᠮᠦᠴᠢᠨ ᠲᠡᠦᠬᠡ ᠰᠣᠶᠣᠯ ᠤᠨ ᠰᠢᠨᠵᠢᠯᠡᠭᠡᠨ ᠨᠢ ᠲᠡᠦᠬᠡᠨ ᠦᠩᠭᠡᠷᠡᠯᠳᠡ᠂ ᠠᠮᠢᠳᠤᠷᠠᠯ ᠤᠨ ᠵᠠᠩ ᠦᠢᠯᠡ | ᠂ ᠱᠠᠰᠢᠨ ᠰᠣᠷᠳᠠᠬᠤᠨ᠂ ᠮᠤᠩᠭᠤᠯ ᠡᠮ ᠡᠮᠨᠡᠯᠭᠡ᠂ ᠮᠠᠯ ᠠᠵᠤ ᠠᠬᠤᠢ ᠵᠡᠷᠭᠡ ᠭᠤᠤᠯ ᠴᠢᠭᠯᠡᠯ ᠢᠶᠠᠷ ᠶᠠᠪᠤᠭᠳᠠᠵᠤ᠂ | ᠬᠡᠪᠯᠡᠨ ᠨᠡᠶᠢᠳᠡᠯᠡᠬᠦ᠂ ᠨᠠᠶᠢᠷᠠᠭᠤᠯᠤᠨ ᠳᠡᠪᠳᠡᠷᠯᠡᠬᠦ᠂ ᠡᠮᠬᠢᠳᠭᠡᠨ ᠲᠡᠪᠳᠡᠷᠯᠡᠬᠦ ᠪᠠᠷ ᠭᠤᠤᠯᠳᠠᠭᠰᠠᠨ ᠪᠤᠷᠤ | ᠮᠠᠲ᠋ᠧᠷᠢᠶᠠᠯ ᠤᠨ ᠡᠯᠪᠡᠭ ᠪᠠᠶᠠᠯᠢᠭ ᠨᠦᠬᠦᠴᠡᠯ ᠢ ᠪᠦᠷᠢᠯᠳᠦᠭᠦᠯᠦᠨ ᠰᠣᠳᠣᠯᠭᠠᠨ ᠬᠢᠬᠦ ᠰᠠᠶᠢᠨ ᠰᠠᠭᠤᠷᠢ ᠶᠢ ᠳᠠᠯᠪᠢᠵᠠᠢ᠂ | ᠡᠨᠡ ᠨᠢ ᠰᠣᠶᠣᠯ ᠤᠨ ᠡᠬᠢ ᠪᠠᠶᠠᠯᠢᠭ ᠤᠨ ᠠᠩᠬᠠᠨ ᠤ ᠱᠠᠳᠦ ᠦᠶ᠎ᠡ ᠶᠢᠨ ᠨᠡᠭᠡᠭᠡᠯᠳᠡ ᠪᠤᠯᠤᠨ᠎ᠠ᠂ ᠦᠵᠦᠮᠦᠴᠢᠨ | ᠲᠡᠦᠬᠡ ᠰᠣᠶᠣᠯ ᠤᠨ ᠦᠷᠨᠢᠯᠳᠡ ᠠᠴᠠ ᠠᠵᠢᠭᠯᠠᠪᠠᠯ ᠭᠠᠵᠠᠷ ᠤᠷᠤᠨ ᠤ ᠰᠣᠳᠣᠯᠭᠠᠳᠠᠳ ᠤᠨ ᠬᠦᠷᠢᠶ᠎ᠡ | ᠬᠡᠪᠴᠢᠶᠡᠨ ᠳᠤ ᠤᠯᠠᠮᠵᠢᠯᠠᠯ ᠤᠨ ᠴᠢᠨᠠᠷᠳᠠᠢ ᠪᠠᠶᠢᠭᠰᠠᠨ ᠪᠤᠯ ᠤᠳᠤ ᠪᠤᠯᠬᠤ ᠪᠠᠷ ᠤᠯᠤᠰ ᠤᠷᠤᠨ ᠤ ᠰᠣᠳᠣᠯᠣᠯ ᠳᠤ | ᠤᠷᠤᠭᠰᠠᠨ ᠡᠷᠳᠡᠮ ᠰᠢᠨᠵᠢᠯᠡᠭᠡᠨ ᠤ ᠬᠠᠨᠳᠣᠰᠢ ᠲᠠᠢ ᠪᠤᠯᠵᠤ ᠪᠤᠢ᠂ ᠡᠨᠡ ᠨᠢ ᠵᠡᠭᠦᠨ ᠦᠵᠦᠮᠦᠴᠢᠨ ᠬᠤᠰᠢᠭᠤᠨ ᠤ | ᠨᠠᠮ ᠤᠨ ᠬᠤᠷᠢᠶ᠎ᠠ᠂ ᠵᠠᠰᠠᠭ ᠤᠨ ᠤᠷᠳᠤᠨ ᠪᠠ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠮᠤᠩᠭᠤᠯ | ᠰᠣᠳᠣᠯᠣᠯ ᠤᠨ ᠳᠡᠭᠡᠳᠦ ᠰᠣᠷᠭᠠᠭᠤᠯᠢ᠂ ᠮᠤᠩᠭᠤᠯ ᠰᠣᠳᠣᠯᠣᠯ ᠤᠨ ᠲᠦᠪ ᠲᠠᠢ ᠬᠠᠮᠳᠣᠷᠠᠨ ᠡᠷᠬᠢᠯᠡᠭᠰᠡᠨ 2008 | ᠤᠨ ᠤ ᠪᠦᠬᠦ ᠤᠯᠤᠰ ᠤᠨ ᠠᠩᠬᠠᠳᠤᠭᠠᠷ ᠬᠤᠭᠤᠴᠠᠭᠠᠨ ᠤ ︽ᠦᠵᠦᠮᠦᠴᠢᠨ ᠲᠡᠦᠬᠡ ᠰᠣᠶᠣᠯ︾ ᠤᠨ ᠡᠷᠳᠡᠮ | ᠰᠢᠨᠵᠢᠯᠡᠭᠡᠨ ᠤ ᠶᠠᠷᠢᠯᠴᠠᠬᠤ ᠬᠤᠷᠠᠯ ᠢᠶᠠᠷ ᠰᠣᠶᠣᠯ ᠤᠨ ᠠᠬᠢᠯᠳᠠ ᠳᠠᠪᠰᠢᠯᠳᠠ ᠶᠢᠨ ᠪᠡᠯᠭᠡ ᠳᠡᠮᠳᠡᠭ ᠢᠶᠠᠨ ᠪᠤᠯᠭᠠᠵᠤ | ᠪᠠᠶᠢᠬᠤ ᠶᠤᠮ᠂ ᠳᠣᠮᠳᠠᠳᠣ ᠤᠯᠤᠰ ᠤᠨ ᠠᠷᠠᠳ ᠤᠨ ᠶᠡᠭᠡ ᠰᠣᠷᠭᠠᠭᠤᠯᠢ᠂ ᠪᠡᠭᠡᠵᠢᠩ ᠤᠨ ᠨᠡᠶᠢᠭᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ᠂ ᠦᠪᠦᠷ ᠮᠤᠩᠭᠤᠯ ᠤᠨ ᠶᠡᠭᠡ ᠰᠣᠷᠭᠠᠭᠤᠯᠢ ᠵᠡᠷᠭᠡ ᠡᠯ᠎ᠡ ᠶᠡᠭᠡ ᠰᠣᠷᠭᠠᠭᠤᠯᠢ ᠬᠢᠭᠡᠳ | ᠤᠷᠳᠤᠰ᠂ ᠬᠦᠯᠦᠨ ᠪᠤᠶᠢᠷ᠂ ᠳ᠋ᠠ ᠯᠢᠶᠠᠨ᠂ ᠤᠯᠠᠭᠠᠨᠬᠠᠳᠠ ᠵᠡᠷᠭᠡ ᠭᠠᠵᠠᠷ ᠤᠷᠤᠨ ᠤ ᠡᠷᠳᠡᠮᠳᠡᠨ ᠰᠣᠳᠣᠯᠭᠠᠳᠠᠳ | ᠵᠠᠭᠤ ᠭᠠᠷᠤᠢ ᠬᠦᠮᠦᠨ ᠤᠷᠤᠯᠴᠠᠵᠤ᠂ ᠦᠵᠦᠮᠦᠴᠢᠨ ᠤ ᠲᠤᠬᠠᠢ 4O ᠭᠠᠷᠤᠢ ᠡᠷᠳᠡᠮ ᠰᠢᠨᠵᠢᠯᠡᠭᠡᠨ ᠤ ᠦᠭᠦᠯᠡᠯ | ᠨᠡᠶᠢᠳᠡᠯᠡᠵᠦ᠂ ᠤᠷᠢᠳᠦ ᠡᠮᠦᠨ᠎ᠡ ᠭᠠᠷᠤᠭ᠎ᠠ ᠦᠭᠡᠢ ᠦᠷᠭᠡᠨ ᠳᠡᠯᠭᠡᠷᠡᠩᠭᠦᠢ ᠪᠤᠯᠤᠭᠰᠠᠨ ᠶᠤᠮ᠂ ᠡᠨᠡ ᠪᠤᠯ | ᠲᠡᠮᠳᠡᠭᠯᠡᠭᠦᠰᠢᠳᠠᠢ ᠶᠡᠭᠡ ᠶᠠᠪᠤᠳᠠᠯ ᠪᠤᠯᠤᠨ᠎ᠠ᠃ | ᠭᠤᠷᠪᠠ᠂ ᠰᠣᠶᠣᠯ ᠲᠡᠦᠬᠡ ᠶᠢᠨ ᠬᠤᠶᠢᠰᠢᠳᠡ ᠶᠢᠨ ᠠᠵᠢᠯ ᠤᠨ ᠲᠤᠬᠠᠢ | ᠵᠦᠪᠯᠡᠮᠵᠢ | ᠦᠵᠦᠮᠦᠴᠢᠨ ᠰᠣᠳᠣᠯᠣᠯ ᠢ ᠡᠷᠳᠡᠮ ᠰᠢᠨᠵᠢᠯᠡᠭᠡᠨ ᠤ ᠰᠢᠨ᠎ᠡ ᠳᠡᠭᠳᠡᠷ ᠲᠤ ᠠᠬᠢᠭᠤᠯᠬᠤ ᠪᠤᠯ ᠤᠳᠤᠬᠢ | ᠰᠣᠶᠣᠯ ᠤᠨ ᠪᠦᠳᠦᠭᠡᠨ ᠪᠠᠶᠢᠭᠤᠯᠤᠯᠳᠠ ᠶᠢᠨ ᠱᠠᠭᠠᠷᠳᠠᠯᠭ᠎ᠠ ᠪᠤᠯᠤᠨ᠎ᠠ᠂ ᠲᠡᠦᠬᠡ ᠰᠣᠶᠣᠯ ᠵᠠᠩ ᠦᠢᠯᠡ ᠶᠢᠨ | ᠳᠠᠯ᠎ᠠ ᠪᠠᠷ ᠬᠢ ᠤᠨᠤᠯᠵᠢᠭᠰᠠᠨ ᠦᠨᠳᠦᠰᠦ ᠪᠠᠷᠢᠮᠳᠠ ᠲᠠᠢ ᠬᠢᠷᠢ ᠬᠡᠮ ᠪᠦᠬᠦᠢ ᠡᠷᠳᠡᠮᠳᠡᠨ ᠢᠶᠠᠷ ᠦᠨᠡᠯᠡᠯᠳᠡ ᠪᠠ | ᠨᠤᠳᠠᠯᠠᠯᠳᠠ ᠬᠢᠯᠭᠡᠬᠦ ᠪᠤᠯ ᠲᠡᠦᠬᠡ ᠰᠣᠶᠣᠯ ᠤᠨ ᠬᠦᠭᠵᠢᠯᠳᠡ ᠳᠤ ᠳᠤᠳᠠᠭᠳᠠᠵᠤ ᠪᠤᠯᠣᠰᠢ ᠦᠭᠡᠢ ᠨᠦᠬᠦᠴᠡᠯ ᠤᠨ | ᠨᠢᠭᠡ ᠪᠤᠯᠤᠨ᠎ᠠ᠂ ᠡᠶᠢᠮᠦ ᠠᠴᠠ ᠰᠣᠶᠣᠯ ᠲᠡᠦᠬᠡ ᠶᠢᠨ ᠨᠡᠶᠢᠭᠡᠮᠯᠢᠭ ᠤᠨ ᠰᠣᠳᠣᠯᠭᠠᠳᠠᠳ ᠲᠡᠦᠬᠡ ᠰᠣᠳᠣᠯᠣᠯ ᠤᠨ | ᠰᠢᠨᠵᠢᠯᠡᠭᠡᠨ ᠤ ᠮᠠᠲ᠋ᠧᠷᠢᠶᠠᠯ ᠬᠢᠭᠡᠳ ᠨᠡᠭᠦᠳᠡᠯ ᠮᠠᠯᠵᠢᠯ ᠤᠨ ᠤᠯᠠᠨ ᠲᠠᠯ᠎ᠠ ᠶᠢᠨ ᠤᠨᠤᠯ ᠤᠨ ᠦᠭᠦᠯᠡᠯ ᠰᠢᠨᠵᠢᠯᠡᠯ ᠢ | ᠤᠯᠠᠰᠢᠷᠠᠭᠤᠯᠵᠤ᠂ ᠦᠪᠡᠷ ᠤᠨ ᠰᠣᠶᠣᠯ ᠢᠶᠠᠨ ᠬᠠᠮᠠᠭᠠᠯᠠᠬᠤ ᠤᠨᠤᠯ ᠤᠨ ᠰᠠᠭᠤᠷᠢ ᠶᠢ ᠲᠠᠯᠪᠢᠬᠤ ᠬᠡᠷᠡᠭᠳᠡᠢ᠃ | ᠠᠬᠠᠮᠠᠳ ᠦᠶ᠎ᠡ ᠶᠢᠨ ᠤᠯᠠᠮᠵᠢᠯᠠᠯ ᠤᠨ ᠴᠢᠨᠠᠷᠳᠡᠢ ᠠᠯᠢ ᠤᠯᠠᠨ ᠰᠣᠶᠣᠯ ᠤᠨ ᠪᠦᠳᠦᠭᠡᠯ ᠨᠢ | ᠬᠤᠶᠢᠴᠢᠰ ᠲᠠᠭᠠᠨ ᠨᠠᠶᠢᠳᠠᠭᠰᠠᠨ ᠬᠦᠰᠡᠯ ᠵᠤᠷᠢᠭ ᠠᠭᠤᠯᠠᠭᠳᠠᠵᠤ ᠪᠠᠶᠢᠬᠤ ᠲᠤᠯᠠ ᠮᠠᠯ ᠠᠵᠤ ᠠᠬᠤᠢ᠂ ᠵᠠᠩ | ᠳᠠᠳᠬᠠᠯ ᠵᠠᠩ ᠦᠢᠯᠡ᠂ ᠮᠤᠩᠭᠤᠯ ᠡᠮ ᠡᠮᠨᠡᠯᠭᠡ ᠵᠡᠷᠭᠡ ᠲᠠᠯ᠎ᠠ ᠪᠠᠷ ᠰᠣᠶᠣᠯ ᠤᠨ ᠰᠡᠷᠭᠦᠯᠳᠡ ᠬᠢᠬᠦ ᠪᠤᠶᠤ | ᠠᠭᠤᠯᠭ᠎ᠠ ᠶᠢᠨ ᠲᠠᠯ᠎ᠠ ᠪᠠᠷ ᠪᠠᠶᠠᠯᠢᠭᠵᠢᠭᠤᠯᠬᠤ ᠪᠠᠷ ᠴᠢᠷᠮᠠᠶᠢᠪᠠᠯ ᠵᠤᠬᠢᠨ᠎ᠠ᠂ ᠡᠭᠦᠨ ᠢᠶᠠᠷ ᠳᠠᠮᠵᠢᠨ ᠦᠵᠦᠮᠦᠴᠢᠨ ᠤ | ᠦᠪᠡᠷᠮᠢᠴᠡ ᠤᠨᠴᠠᠯᠢᠭ ᠪᠦᠭᠦᠢ ᠰᠣᠶᠣᠯ ᠵᠠᠩ ᠦᠢᠯᠡ ᠪᠠᠨ ᠤᠯᠠᠨ ᠨᠡᠶᠢᠳᠡ ᠳᠤ ᠳᠠᠨᠢᠭᠤᠯᠬᠤ ᠪᠠ ᠦᠪᠡᠷ ᠤᠨ | ᠠᠮᠢᠳᠣᠷᠠᠯ ᠤᠨ ᠬᠢᠷᠢ ᠲᠦᠪᠰᠢᠨ ᠢ ᠳᠠᠭᠠᠭᠤᠯᠤᠨ᠂ ᠦᠪᠡᠷ ᠤᠨ ᠰᠣᠶᠣᠯ ᠢᠶᠠᠷ ᠢᠶᠠᠨ ᠦᠪᠡᠷ ᠢᠶᠠᠨ ᠲᠡᠭᠵᠢᠷᠡᠬᠦ ᠵᠠᠮ ᠢ | ᠰᠦᠪᠡᠭᠴᠢᠯᠡᠪᠡᠯ ᠵᠤᠬᠢᠨ᠎ᠠ᠃ | | 2008 ᠤᠨ ᠤ ᠨᠠᠮᠤᠷ |