ᠴᠠᠶᠢᠳᠠᠮ ᠤᠨ ᠪᠠᠶᠠᠨ ᠣᠪᠣᠭᠠᠨ ᠳᠤ ᠰᠠᠴᠡᠨᠪᠢᠯᠢᠭ ᠲᠡᠷᠢᠬᠦᠯᠡᠪᠡ
ᠨᠡᠶᠢᠲᠡᠯᠡᠭᠰᠡᠨ ᠴᠠᠭ᠄
2017/7/20
     ᠣᠯᠠᠭᠴᠢᠨ ᠲᠠᠬᠢᠶ᠎ᠠ ᠵᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠪᠣᠯᠣᠭᠰᠠᠨ ᠵᠡᠬᠦᠨ ᠦᠵᠦᠮᠦᠴᠢᠨ ᠬᠤᠰᠢᠭᠤᠨ ᠤ ᠴᠠᠶᠢᠳᠡᠮ ᠤᠨ ᠪᠠᠶᠠᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠬᠦᠴᠣᠳᠣ 256 ᠪᠦᠬᠡ ᠪᠠᠷᠢᠯᠳᠣᠭᠤᠯᠵᠠᠢ᠃      ᠠᠶᠢᠮᠠᠭ ᠤᠨ ᠲᠠᠯᠠᠢ ᠠᠪᠣᠷᠭᠤ ᠮᠢ᠊ ᠰᠣᠶᠣᠯ ᠪᠣᠯᠣᠨ ᠴᠠᠭᠠᠨᠵᠠᠭᠠᠨ ᠨᠠᠷ ᠲᠦᠷᠦᠬᠦᠳᠡᠢ ᠪᠠᠷᠠᠭᠤᠨ ᠦᠵᠦᠮᠦᠴᠢᠨ ᠬᠤᠰᠢᠭᠤᠨ ᠤ ᠵᠠᠯᠠᠭᠤ ᠰᠣᠳᠣᠨ ᠪᠦᠬᠡᠴᠣᠳ ᠲᠣᠰ ᠣᠪᠣᠭᠠᠨ ᠲᠠᠬᠢᠯᠭ᠎ᠠ ᠶᠢᠨ ᠨᠠᠶᠢᠷ ᠲᠤ ᠵᠣᠳᠣᠭᠯᠠᠵᠣ ᠦᠩᠭᠡ ᠨᠠᠮᠠᠷᠢᠯᠡᠭᠰᠡᠨ ᠢᠶᠠᠷ ᠬᠤᠶᠠᠷ ᠦᠵᠦᠮᠦᠴᠢᠨ ᠤ ᠪᠦᠬᠡᠴᠢᠳ ᠬᠠᠷᠢᠯᠴᠠᠨ ᠪᠠᠷᠢᠯᠳᠣᠭᠠᠨ ᠤ ᠣᠷ᠎ᠠ ᠪᠠᠨ ᠰᠢᠯᠭᠠᠯᠴᠠᠬᠤ ᠪᠠᠰᠠ ᠨᠢᠭᠡ ᠣᠳᠠᠭᠠᠨ ᠤ ᠪᠦᠬᠡ ᠰᠠᠶᠢᠳᠠᠢ ᠨᠠᠶᠢᠷ ᠪᠣᠯᠪᠠ᠃      ᠨᠠᠶᠢᠷ ᠤᠨ ᠰᠣᠨᠢᠷᠬᠠᠯᠳᠠᠢ ᠪᠠᠷᠢᠯᠳᠣᠭᠠᠨ ᠬᠡᠪᠡᠯ ᠳ᠋ᠠᠩ ᠤᠨ ᠨᠣᠭᠤᠯᠣᠭᠠᠨ ᠤ ᠮᠠᠩᠯᠠᠢ ᠪᠦᠬᠡ ᠶᠢᠨ ᠭᠠᠷᠤᠭ᠎ᠠ ᠪᠠᠷ ᠮᠢ᠊᠂ ᠰᠣᠶᠣᠯ ᠠᠪᠣᠷᠭᠤ ᠮᠠᠨᠢ ᠰᠢᠷᠣᠶᠢᠳᠠᠵᠣ᠂ ᠦᠵᠡᠭᠴᠢᠳ ᠲᠤ ᠬᠠᠷᠠᠮᠰᠠᠯ ᠲᠠᠢ ᠪᠠᠷᠢᠯᠳᠣᠭᠠᠨ ᠪᠣᠯᠵᠠᠢ᠃  ᠮᠦᠨ ᠴᠦ ᠲᠠᠷᠠᠭ᠎ᠠ ᠲᠠᠷᠠᠭᠠᠴᠢ ᠶᠢᠨ ᠲᠠᠭᠤᠨ ᠳᠤ ᠨᠢ ᠲᠣᠰᠴᠣ ᠪᠠᠷᠢᠯᠳᠣᠭᠰᠠᠨ ᠦᠯᠵᠡᠶᠢᠪᠠᠭᠠᠳᠣᠷ᠂ ᠵᠢᠭ᠍ᠮᠢᠳᠳᠣᠷᠵᠢ᠂ ᠡᠷᠬᠢᠮᠰᠦ᠋ᠯᠳᠡ᠂ ᠴᠣᠯᠮᠣᠨᠭᠡᠷᠡᠯ᠂ ᠲᠦᠮᠡᠨᠪᠠᠶᠠᠷ᠂ ᠲᠡᠮᠣᠷᠪᠠᠭᠠᠳᠣᠷ᠂ ᠮᠦᠩᠭᠡᠳᠠᠯᠠᠢ᠂ ᠮᠦᠩᠬᠡᠨᠷᠳᠡᠨᠢ᠂ ᠦᠯᠵᠡᠶᠢᠮᠡᠨᠳᠣ᠂ ᠡᠷᠳᠡᠨᠢᠮᠦ᠋ᠩᠭᠡ᠂ ᠪᠦᠬᠡᠭᠡᠷᠡᠯ ᠨᠠᠷ ᠴᠦ ᠣᠨᠣᠭᠠᠯᠳᠠ ᠪᠠᠨ ᠰᠢᠭᠤᠷᠠᠬᠠᠢ ᠲᠠᠪᠠᠵᠠᠭᠠᠵᠣ ᠯᠠ ᠪᠠᠶᠢᠪᠠ᠃ ᠮᠣᠩᠭᠤᠯ ᠪᠦᠬᠡ ᠶᠢᠨ ᠪᠠᠷᠢᠯᠳᠣᠭᠠᠨ ᠳᠤ ᠬᠠᠰᠢᠯᠡ ᠣᠯᠠᠮᠵᠢᠯᠠᠯᠳᠣ ᠣᠨᠣᠭᠠᠯᠳᠠ ᠶᠢᠨ ᠠᠷᠭ᠎ᠠ ᠰᠢᠳᠡ ᠬᠡᠰᠡᠨ ᠬᠠᠵᠠᠭᠤ ᠶᠢᠨ ᠬᠦᠮᠦᠰ ᠤᠨ ᠬᠠᠯᠠᠭᠤᠨ ᠵᠣᠭᠤᠭ ᠲᠤ ᠴᠢᠬᠢ ᠬᠠᠶᠠᠵᠣ᠂ ᠪᠠᠶᠠᠨ ᠣᠪᠣᠭᠠᠨ ᠤ ᠲᠠᠬᠢᠯᠭ᠎ᠠ ᠶᠢᠨ ᠨᠠᠶᠢᠷ ᠤᠨ ᠪᠠᠷᠢᠯᠳᠣᠭᠠᠨ ᠢ ᠰᠣᠨᠢᠷᠬᠠᠯ᠎ᠠ᠃      ᠬᠤᠶᠠᠳᠣᠭᠠᠷ ᠨᠣᠭᠤᠯᠣᠭᠠᠨ ᠳᠤ ᠪᠠᠷᠠᠭᠤᠨ ᠦᠵᠦᠮᠦᠴᠢᠨ ᠤ ᠪᠦᠬᠡᠴᠢᠳ ᠵᠡᠬᠦᠨ ᠦᠵᠦᠮᠦᠴᠢᠨ ᠤ ᠪᠦᠬᠡ ᠪᠠᠷ ᠠᠪᠣᠷᠭᠤ ᠴᠠᠭᠠᠨᠵᠠᠭᠠᠨ ᠭᠤᠨᠴᠣᠭᠳᠣᠷᠵᠢ ᠪᠠᠷ᠂ ᠭᠠᠯᠰᠠᠩᠷᠠᠰᠢ ᠰᠠᠴᠣᠷᠠ ᠪᠠᠷ᠂ ᠲᠡᠭᠦᠰᠵᠢᠷᠭᠠᠯ ᠣᠳᠣᠨᠪᠠᠳᠣ ᠪᠠᠷ᠂ ᠪᠠᠳᠣᠵᠠᠶᠠᠭ᠎ᠠ ᠴᠣᠯᠮᠣᠨᠭᠡᠷᠡᠯ ᠢᠶᠠᠷ᠂ ᠲᠠᠸᠠᠰᠠᠮᠪᠣᠣ ᠡᠷᠬᠢᠮᠰᠦ᠋ᠯᠳᠡ ᠪᠠᠷ᠂ ᠰᠠᠶᠢᠨᠴᠠᠭᠠᠨ ᠠᠯᠳᠠᠨᠪᠠᠭᠠᠨ᠎ᠠ ᠪᠠᠷ᠂ ᠪᠦᠬᠡᠪᠠᠶᠠᠷ ᠪᠣᠯᠣᠨ ᠪᠦᠷᠢᠨᠮᠠᠨᠳᠣᠬᠤ ᠴᠦ ᠲᠣᠰᠪᠣᠷᠢ ᠣᠨᠣᠭᠠᠨ ᠤ ᠪᠦᠬᠡ ᠪᠠᠷ ᠢᠶᠠᠨ ᠲᠠᠪᠠᠵᠣ᠂ ᠵᠡᠬᠦᠨ ᠦᠵᠦᠮᠦᠴᠢᠨ  ᠤ ᠪᠦᠬᠡᠴᠢᠳ ᠪᠠᠷᠠᠭᠤᠨ ᠦᠵᠦᠮᠦᠴᠢᠨ ᠤ ᠪᠦᠬᠡ ᠠᠴᠠ ᠪᠠᠳᠣᠵᠢᠷᠭᠠᠯ ᠴᠣᠭᠳᠡᠯᠭᠡᠷ ᠢᠶᠠᠷ᠂ ᠰᠡᠴᠡᠨᠪᠢᠯᠢᠭ ᠨᠠᠶᠠᠨᠳᠠᠢ  ᠪᠠᠷ᠂ ᠭᠠᠩᠰᠦ᠋ᠬᠡ ᠨᠠᠮᠰᠠᠷᠠᠢ ᠪᠠᠷ᠂ ᠬᠠᠩᠰᠢ ᠪᠠᠭ᠎ᠠ ᠡᠷᠳᠡᠨᠢᠳᠠᠯᠠᠢ ᠪᠠᠷ᠂ ᠵᠢᠭ᠍ᠮᠢᠳᠳᠣᠷᠵᠢ ᠪᠠᠭ᠎ᠠ ᠪᠢᠯᠢᠬᠦᠨ ᠢᠶᠠᠷ᠂ ᠰᠠᠷᠠᠨᠰᠦ᠋ᠭᠡ ᠪᠠᠭ᠎ᠠ ᠴᠠᠭᠠᠨᠵᠠᠭᠠᠨ ᠢᠶᠠᠷ᠂ ᠲᠦᠮᠡᠨᠪᠠᠶᠠᠷ ᠲᠡᠷᠭᠡᠯ ᠢᠶᠠᠷ᠂ ᠪᠣᠶᠠᠨᠳᠦ᠋ᠭᠦᠷᠡᠩ ᠨᠠᠷᠠᠨᠪᠠᠳᠣ ᠪᠠᠷ᠂ ᠲᠠᠯ᠎ᠠ ᠪᠣᠶᠠᠨᠳᠠᠯᠠᠢ ᠪᠠᠷ᠂ ᠦᠯᠵᠡᠶᠢᠪᠠᠭᠠᠳᠣᠷ ᠠᠪᠠᠭ᠎ᠠ ᠶᠢᠨ ᠰᠣᠳᠣ ᠪᠠᠷ ᠲᠣᠰ ᠲᠣᠰ ᠲᠠᠪᠠᠵᠠᠢ᠃      ᠭᠤᠷᠪᠠ ᠶᠢᠨ ᠲᠠᠪᠠᠭ᠎ᠠ ᠪᠠᠷ ᠪᠠᠷᠠᠭᠤᠨ ᠦᠵᠦᠮᠦᠴᠢᠨ ᠤ ᠪᠦᠷᠢᠨᠮᠡᠨᠳᠣ ᠮᠦᠩᠭᠡᠨᠷᠳᠡᠨᠢ ᠪᠠᠷ᠂ ᠴᠠᠭᠠᠨᠵᠠᠭᠠᠨ ᠣᠷᠬᠢᠯᠪᠠᠭᠠᠳᠣᠷ ᠢᠶᠠᠷ᠂ ᠲᠠᠸᠠᠰᠠᠮᠪᠣᠣ ᠴᠢᠬᠢᠷᠠᠭ ᠢᠶᠠᠷ᠂ ᠭᠠᠯᠰᠠᠩᠷᠠᠰᠢ ᠲᠦᠮᠡᠨᠪᠠᠶᠠᠷ ᠢᠶᠠᠷ᠂ ᠰᠠᠶᠢᠨᠴᠠᠭᠠᠨ ᠵᠢᠭ᠍ᠮᠢᠳᠳᠣᠷᠵᠢ ᠪᠠᠷ ᠲᠠᠪᠠᠵᠣ᠂ ᠵᠡᠬᠦᠨ ᠦᠵᠦᠮᠦᠴᠢᠨ ᠤ ᠲᠠᠯ᠎ᠠ ᠲᠡᠭᠦᠰᠵᠢᠷᠭᠠᠯ ᠢᠶᠠᠷ᠂ ᠪᠣᠶᠠᠨᠳᠦ᠋ᠭᠦᠷᠡᠩ ᠪᠦᠬᠡᠪᠠᠶᠠᠷ ᠢᠶᠠᠷ᠂ ᠡᠷᠳᠡᠨᠢᠮᠦ᠋ᠩᠭᠡ ᠰᠠᠶᠢᠨ᠋ᠢ᠋ᠷᠣᠭᠡᠯᠳᠣ ᠪᠠᠷ᠂ ᠬᠠᠩᠰᠢ ᠪᠠᠳᠣᠵᠠᠶᠠᠭ᠎ᠠ ᠪᠠᠷ ᠲᠣᠰ ᠲᠣᠰ ᠲᠠᠪᠠᠵᠠᠢ᠃      ᠲᠦᠷᠪᠡ ᠶᠢᠨ ᠲᠠᠪᠠᠭ᠎ᠠ ᠪᠣᠯᠬᠤ ᠲᠠᠭᠡᠳᠣ 32 ᠶᠢᠨ ᠪᠠᠷᠢᠯᠳᠣᠭᠠᠨ ᠢᠶᠠᠷ ᠮᠠᠨᠳᠣᠬᠤᠪᠣᠯᠠᠭ ᠤᠨ ᠪᠠᠶᠠᠷᠪᠠᠭᠠᠳᠣᠷ ᠠᠯᠳᠠᠨᠬᠢᠯᠢ ᠶᠢᠨ ᠲᠦᠮᠡᠨᠵᠢᠷᠭᠠᠯ ᠢᠶᠠᠷ᠂ ᠡᠷᠢᠶᠡᠨᠭᠤᠪᠢ ᠶᠢᠨ ᠦᠯᠵᠡᠶᠢᠪᠠᠭᠠᠳᠣᠷ ᠬᠦᠪᠴᠢᠨᠭᠤᠪᠢ ᠶᠢᠨ ᠲᠡᠰᠢ ᠪᠠᠷ᠂ ᠡᠷᠢᠶᠡᠨᠭᠤᠪᠢ ᠶᠢᠨ ᠪᠠᠶᠠᠨᠵᠢᠷᠭᠠᠯ ᠰᠠᠮᠠᠢ ᠶᠢᠨ ᠴᠣᠭᠪᠠᠳᠠᠷᠠᠬᠤ ᠪᠠᠷ᠂ ᠠᠯᠳᠠᠨᠬᠢᠯᠢ ᠶᠢᠨ ᠪᠠᠳᠣᠵᠢᠷᠭᠠᠯ ᠲᠣᠮᠳᠠᠭᠤᠪᠢ ᠶᠢᠨ ᠰᠦᠯᠳᠡ ᠪᠠᠷ᠂ ᠪᠠᠷᠠᠭᠤᠨ ᠦᠵᠦᠮᠦᠴᠢᠨ ᠤ ᠭᠠᠯᠰᠠᠩᠷᠠᠰᠢ ᠡᠭᠡᠪᠣᠯᠠᠭ ᠤᠨ ᠰᠠᠷᠠᠨᠰᠦ᠋ᠬᠡ ᠪᠠᠷ᠂ ᠦᠩᠳᠣ ᠶᠢᠨ ᠬᠠᠩᠰᠢ ᠪᠠᠷᠠᠭᠤᠨ ᠦᠵᠦᠮᠦᠴᠢᠨ ᠤ ᠪᠦᠷᠢᠨᠮᠡᠨᠳᠣ ᠪᠠᠷ᠂ ᠪᠠᠷᠠᠭᠤᠨ ᠦᠵᠦᠮᠦᠴᠢᠨ ᠤ ᠲᠠᠸᠠᠰᠠᠮᠪᠣᠣ ᠪᠠᠶᠠᠨᠬᠦ᠋ᠭᠡᠪᠣᠷ ᠤᠨ ᠠᠮᠣᠷᠰᠠᠨᠠᠭ᠎ᠠ ᠪᠠᠷ᠂ ᠠᠯᠳᠠᠨᠬᠢᠯᠢ ᠶᠢᠨ ᠨᠠᠷᠠᠨᠴᠣᠭᠳᠣ ᠲᠣᠮᠳᠠᠭᠤᠪᠢ ᠶᠢᠨ ᠪᠦᠷᠢᠨᠳᠠᠯᠠᠢ ᠪᠠᠷ᠂ ᠰᠠᠮᠠᠢ ᠶᠢᠨ ᠰᠡᠴᠡᠨᠪᠢᠯᠢᠭ ᠡᠵᠢᠨᠠᠭᠤᠷ ᠤᠨ ᠪᠠᠭᠠᠳᠣᠷ ᠢᠶᠠᠷ᠂ ᠪᠠᠷᠠᠭᠤᠨ ᠦᠵᠦᠮᠦᠴᠢᠨ ᠤ ᠰᠠᠶᠢᠨᠴᠠᠭᠠᠨ ᠡᠵᠢᠨᠠᠭᠤᠷ ᠤᠨ ᠪᠣᠶᠠᠨᠳᠦ᠋ᠬᠦᠷᠡᠩ ᠢᠶᠠᠷ᠂ ᠪᠠᠷᠠᠭᠤᠨ ᠦᠵᠦᠮᠦᠴᠢᠨ ᠤ ᠴᠠᠭᠠᠨᠵᠠᠭᠠᠨ ᠠᠯᠳᠠᠨᠬᠢᠯᠢ ᠶᠢᠨ ᠭᠠᠩᠰᠦ᠋ᠬᠡ ᠪᠠᠷ᠂ ᠪᠠᠶᠠᠨᠬᠦ᠋ᠭᠡᠪᠣᠷ ᠤᠨ ᠣᠶᠣᠨᠪᠠᠳᠣ ᠠᠯᠳᠠᠨᠬᠢᠯᠢ ᠶᠢᠨ ᠡᠷᠳᠡᠨᠢᠪᠠᠶᠠᠷ ᠢᠶᠠᠷ᠂ ᠲᠣᠮᠳᠠᠭᠤᠪᠢ ᠶᠢᠨ ᠮᠦᠩᠬᠦᠨᠰᠦ᠋ᠬᠡ ᠪᠠᠶᠠᠨᠬᠦ᠋ᠭᠡᠪᠣᠷ ᠤᠨ ᠭᠠᠩᠬᠤᠶᠠᠭ ᠢᠶᠠᠷ᠂ ᠮᠠᠨᠳᠣᠬᠤᠪᠣᠯᠠᠭ ᠤᠨ ᠪᠦᠬᠡᠪᠢᠯᠢᠭ ᠠᠯᠳᠠᠨᠬᠢᠯᠢ ᠶᠢᠨ ᠲᠠᠯ᠎ᠠ ᠪᠠᠷ᠂ ᠪᠠᠶᠠᠨᠬᠦ᠋ᠭᠡᠪᠣᠷ ᠤᠨ ᠡᠷᠳᠡᠨᠢᠮᠦ᠋ᠩᠭᠡ ᠡᠵᠢᠨᠠᠭᠤᠷ ᠤᠨ ᠮᠦᠩᠭᠡᠳᠠᠯᠠᠢ ᠪᠠᠷ᠂ ᠬᠦᠪᠴᠢᠨᠭᠤᠪᠢ ᠶᠢᠨ ᠰᠡᠴᠡᠨᠳᠠᠯᠠᠢ ᠪᠠᠶᠠᠨᠬᠦ᠋ᠭᠡᠪᠣᠷ ᠤᠨ ᠬᠦᠮᠦᠵᠢᠯᠳᠣ ᠪᠠᠷ ᠲᠣᠰ ᠲᠣᠰ ᠲᠠᠪᠠᠵᠠᠢ᠃      ᠲᠠᠪᠤ ᠶᠢᠨ ᠲᠠᠪᠠᠭ᠎ᠠ ᠪᠣᠯᠬᠤ ᠲᠠᠭᠡᠳᠣ 16 ᠶᠢᠨ ᠪᠠᠷᠢᠯᠳᠣᠭᠠᠨ ᠢᠶᠠᠷ ᠬᠦᠪᠴᠢᠨᠭᠤᠪᠢ ᠶᠢᠨ ᠰᠡᠴᠡᠨᠳᠠᠯᠠᠢ ᠮᠠᠨᠳᠣᠬᠤᠪᠣᠯᠠᠭ ᠤᠨ ᠪᠠᠶᠠᠷᠪᠠᠭᠠᠳᠣᠷ ᠲᠤ᠂ ᠲᠣᠮᠳᠠᠭᠤᠪᠢ ᠶᠢᠨ ᠮᠦᠩᠬᠦᠨᠰᠦ᠋ᠬᠡ ᠠᠯᠳᠠᠨᠬᠢᠯᠢ ᠶᠢᠨ ᠪᠠᠳᠣᠵᠢᠷᠭᠠᠯ ᠳᠤ᠂ ᠪᠠᠷᠠᠭᠤᠨ ᠦᠵᠦᠮᠦᠴᠢᠨ ᠤ ᠰᠠᠶᠢᠨᠴᠠᠭᠠᠨ ᠡᠷᠢᠶᠡᠨᠭᠤᠪᠢ ᠶᠢᠨ ᠪᠠᠶᠠᠨᠵᠢᠷᠭᠠᠯ ᠳᠤ᠂ ᠪᠠᠷᠠᠭᠤᠨ ᠦᠵᠦᠮᠦᠴᠢᠨ ᠤ ᠴᠠᠭᠠᠨᠵᠠᠭᠠᠨ ᠡᠷᠢᠶᠡᠨᠭᠤᠪᠢ ᠶᠢᠨ ᠦᠯᠵᠡᠶᠢᠪᠠᠭᠠᠳᠣᠷ ᠲᠤ᠂ ᠪᠠᠷᠠᠭᠤᠨ ᠦᠵᠦᠮᠦᠴᠢᠨ ᠤ ᠭᠠᠯᠰᠠᠩᠷᠠᠰᠢ ᠦᠩᠳᠣ ᠶᠢᠨ ᠬᠠᠩᠰᠢ ᠳᠤ᠂ ᠪᠠᠷᠠᠭᠤᠨ ᠦᠵᠦᠮᠦᠴᠢᠨ ᠤ ᠲᠠᠸᠠᠰᠠᠮᠪᠣᠣ ᠰᠠᠮᠠᠢ ᠶᠢᠨ ᠰᠡᠴᠡᠨᠪᠢᠯᠢᠭ ᠲᠤ᠂ ᠮᠠᠨᠳᠣᠬᠤᠪᠣᠯᠠᠭ ᠤᠨ ᠪᠦᠬᠡᠪᠢᠯᠢᠭ ᠪᠠᠶᠠᠨᠬᠦ᠋ᠭᠡᠪᠣᠷ ᠤᠨ ᠡᠷᠳᠡᠨᠢᠮᠦ᠋ᠩᠭᠡ ᠲᠤ᠂ ᠪᠠᠶᠠᠨᠬᠦ᠋ᠭᠡᠪᠣᠷ ᠤᠨ ᠣᠶᠣᠨᠪᠠᠳᠣ ᠠᠯᠳᠠᠨᠬᠢᠯᠢ ᠶᠢᠨ ᠨᠠᠷᠠᠨᠴᠣᠭᠳᠣ ᠳᠤ ᠲᠣᠰᠪᠣᠷᠢ ᠰᠢᠷᠣᠶᠢᠳᠠᠵᠠᠢ᠃      ᠲᠡᠭᠡᠳᠣ 8 ᠶᠢᠨ ᠪᠠᠷᠢᠯᠳᠣᠭᠠᠨ ᠢᠶᠠᠷ ᠮᠠᠨᠳᠣᠬᠤᠪᠣᠯᠠᠭ ᠤᠨ ᠪᠠᠶᠠᠷᠪᠠᠭᠠᠳᠣᠷ ᠠᠯᠳᠠᠨᠬᠢᠯᠢ ᠶᠢᠨ ᠨᠠᠷᠠᠨᠴᠣᠭᠳᠣ ᠪᠠᠷ ᠂ ᠠᠯᠳᠠᠨᠬᠢᠯᠢ ᠶᠢᠨ ᠪᠠᠳᠣᠵᠢᠷᠭᠠᠯ ᠪᠠᠶᠠᠨᠬᠦ᠋ᠭᠡᠪᠣᠷ ᠤᠨ ᠡᠷᠳᠡᠨᠢᠮᠦ᠋ᠩᠭᠡ ᠪᠠᠷ᠂ ᠡᠷᠢᠶᠡᠨᠭᠤᠪᠢ ᠶᠢᠨ ᠦᠯᠵᠡᠶᠢᠪᠠᠭᠠᠳᠣᠷ ᠦᠩᠳᠣ ᠶᠢᠨ ᠬᠠᠩᠰᠢ ᠪᠠᠷ᠂ ᠰᠠᠮᠠᠢ ᠶᠢᠨ ᠰᠡᠴᠡᠨᠪᠢᠯᠢᠭ ᠡᠷᠢᠶᠡᠨᠭᠤᠪᠢ ᠶᠢᠨ ᠪᠠᠶᠠᠨᠵᠢᠷᠭᠠᠯ ᠢᠶᠠᠷ ᠲᠠᠪᠠᠵᠠᠢ᠃      ᠲᠡᠭᠡᠳᠣ 4 ᠶᠢᠨ ᠪᠠᠷᠢᠯᠳᠣᠭᠠᠨ ᠢᠶᠠᠷ ᠠᠯᠳᠠᠨᠬᠢᠯᠢ ᠶᠢᠨ ᠪᠠᠳᠣᠵᠢᠷᠭᠠᠯ ᠮᠠᠨᠳᠣᠬᠤᠪᠣᠯᠠᠭ ᠤᠨ ᠪᠠᠶᠠᠷᠪᠠᠭᠠᠳᠣᠷ ᠢᠶᠠᠷ ᠂ ᠰᠠᠮᠠᠢ ᠶᠢᠨ ᠰᠡᠴᠡᠨᠪᠢᠯᠢᠭ ᠡᠷᠢᠶᠡᠨᠭᠤᠪᠢ ᠶᠢᠨ ᠦᠯᠵᠡᠶᠢᠪᠠᠭᠠᠳᠣᠷ ᠢᠶᠠᠷ ᠲᠠᠪᠠᠵᠣ᠂ ᠲᠡᠷᠢᠬᠦᠨ ᠰᠢᠯᠭᠠᠷᠠᠭᠤᠯᠬᠤ ᠭᠠᠷᠤᠭ᠎ᠠ ᠪᠠᠷ ᠰᠠᠮᠠᠢ ᠶᠢᠨ ᠰᠡᠴᠡᠨᠪᠢᠯᠢᠭ ᠠᠯᠳᠠᠨᠬᠢᠯᠢ ᠶᠢᠨ ᠪᠠᠳᠣᠵᠢᠷᠭᠠᠯ ᠢᠶᠠᠷ ᠨᠠᠢᠮᠠ ᠲᠠᠪᠠᠵᠣ ᠲᠡᠷᠢᠬᠦᠯᠡᠵᠣ᠂ ᠪᠠᠳᠣᠵᠢᠷᠭᠠᠯ ᠲᠡᠳ᠋ᠯᠡᠪᠡ᠃        ᠠᠯᠣᠰ ᠤᠨ ᠮᠣᠷᠢᠨ ᠤ ᠣᠷᠣᠯᠳᠣᠭᠠᠨ ᠳᠤ ᠣᠷᠣᠯᠴᠠᠭᠰᠠᠨ ᠣᠯᠠᠨ ᠭᠠᠵᠠᠷ ᠤᠨ ᠰᠢᠨᠳᠠᠰᠣᠳᠣ ᠬᠦᠯᠦᠭ ᠤᠨ ᠲᠣᠳᠣᠷ᠎ᠠ ᠠᠴᠠ ᠡᠷᠢᠶᠡᠨᠭᠤᠪᠢ ᠶᠢᠨ ᠣᠶᠠᠭᠠᠴᠢ ᠯᠠᠶᠢᠴᠢᠩ ᠤᠨ ᠬᠤᠷᠳᠣᠨ ᠠᠳᠣᠭᠤᠨ ᠤ ᠣᠨᠠᠭᠠᠨ ᠮᠣᠷᠢ ᠰᠠᠮᠠᠢ ᠶᠢᠨ ᠪᠠᠶᠠᠰᠬᠤᠯᠠᠩ ᠤᠨ ᠪᠣᠭᠤᠷᠣᠯ ᠲᠡᠷᠢᠬᠦᠯᠡᠵᠣ᠂ ᠣᠯᠢᠶᠠᠰᠣᠳᠠᠢ ᠶᠢᠨ ᠴᠣᠭᠯᠠ ᠶᠢᠨ ᠬᠦᠷᠡᠩ ᠮᠣᠷᠢ ᠲᠡᠳ᠋ᠯᠡᠨ᠂ ᠦᠩᠳᠣ ᠶᠢᠨ ᠠᠮᠣᠭᠤᠯᠠᠩ ᠤᠨ ᠬᠦᠷᠡᠩ ᠮᠣᠷᠢ ᠪᠣᠯᠣᠨ ᠠᠪᠠᠭ᠎ᠠ ᠬᠤᠰᠢᠭᠤᠨ ᠤ ᠦᠯᠡᠮᠵᠢ ᠶᠢᠨ ᠬᠠᠷ᠎ᠠ ᠮᠣᠷᠢ ᠭᠤᠷᠪᠡ ᠲᠦᠷᠪᠡ ᠳᠤ ᠬᠤᠷᠳᠣᠯᠠᠵᠣ᠂ ᠠᠯᠳᠠᠨᠬᠢᠯᠢ ᠶᠢᠨ ᠭᠠᠩᠵᠣᠷᠢᠭ ᠤᠨ ᠰᠠᠷᠠ ᠲᠠᠢ ᠭᠡᠭᠡᠷ ᠮᠣᠷᠢ ᠠᠶᠢᠷᠠᠭ ᠤᠨ ᠲᠠᠪᠤ ᠳᠤ ᠬᠦᠶᠣᠵᠠᠢ᠃
 
ᠢᠷᠡᠯᠲᠡ᠄ ᠠ᠊ ᠬᠦᠭᠵᠢᠯᠲᠦ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号