ᠭᠠᠬᠢᠯ ᠰᠤᠮᠤ ︽ᠠᠷᠠᠳ ᠤᠨ ᠰᠠᠨᠠᠯ᠂ ᠲᠥᠯᠦᠭᠡᠯᠡᠭᠴᠢᠳ ᠤᠨ ᠪᠤᠯᠵᠤᠭ᠎ᠠ︾ ᠠᠷᠠᠳ ᠤᠨ ᠲᠥᠯᠦᠭᠡᠯᠡᠭᠴᠢᠳ ᠤᠨ ︽ᠬᠤᠤᠰ ᠬᠠᠷᠢᠯᠴᠠᠬᠤ︾ ᠵᠢᠴᠢ ᠲᠥᠪ ᠤᠨ ᠨᠠᠢᠮᠠᠨ ᠲᠤᠭᠲᠠᠭᠠᠯ ᠤᠨ ᠵᠤᠷᠢᠭ ᠰᠠᠨᠠᠭ᠎ᠠ ᠶᠢ ᠭᠦᠨᠵᠡᠬᠡᠢ ᠲᠤᠭᠤᠰᠢᠯᠠᠭᠤᠯᠬᠤ ᠰᠤᠷᠤᠯᠴᠠᠯᠭ᠎ᠠ ᠬᠦᠮᠦᠵᠢᠯ ᠤᠨ ᠰᠠᠨᠠᠯ ᠬᠤᠷᠢᠶᠠᠬᠤ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2025/6/3
      ᠲᠥᠯᠦᠭᠡᠯᠡᠭᠴᠢ ᠪᠣᠯᠣᠨ ᠰᠣᠩᠭᠤᠭᠤᠯᠢ ᠶᠢᠨ ᠠᠷᠠᠳ ᠤᠨ ᠬᠠᠷᠢᠯᠴᠠᠭ᠎ᠠ  ᠶᠢ ᠨᠢᠭᠲᠠᠷᠠᠭᠤᠯᠵᠤ᠂ ᠨᠡᠶᠢᠭᠡᠮ ᠤᠨ ᠪᠠᠶᠢᠳᠠᠯ ᠠᠷᠠᠳ ᠤᠨ ᠰᠠᠨᠠᠭ᠎ᠠ  ᠶᠢ ᠴᠤᠭᠯᠠᠭᠤᠯᠬᠤ ᠠᠷᠭ᠎ᠠ ᠵᠠᠮ ᠢ ᠥᠷᠭᠡᠳᠬᠡᠵᠦ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠢ ᠲᠦᠯᠬᠢᠨ ᠠᠬᠢᠭᠤᠯᠬᠤ ᠶᠢᠨ ᠲᠦᠯᠦᠭᠡ᠂ 5 ᠰᠠᠷ᠎ᠠ ᠶᠢᠨ 16᠎ ᠤ ᠡᠳᠦᠷ᠂ ᠭᠠᠬᠢᠯ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠬᠠᠮᠲᠤᠷᠠᠨ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠦᠢᠯᠡᠴᠢᠯᠡᠭᠡᠨ ᠤ ᠲᠥᠪ ᠲᠤ ︽ᠠᠷᠠᠳ ᠤᠨ ᠰᠠᠨᠠᠯ᠂ ᠲᠥᠯᠦᠭᠡᠯᠡᠭᠴᠢᠳ ᠤᠨ ᠪᠤᠯᠵᠤᠭ᠎ᠠ︾ ᠠᠷᠠᠳ ᠤᠨ ᠲᠥᠯᠦᠭᠡᠯᠡᠭᠴᠢᠳ ᠤᠨ ︽ᠬᠤᠤᠰ ᠬᠠᠷᠢᠯᠴᠠᠬᠤ︾ ᠵᠢᠴᠢ ᠲᠥᠪ ᠤᠨ ᠨᠠᠢᠮᠠᠨ ᠲᠤᠭᠲᠠᠭᠠᠯ ᠤᠨ ᠵᠤᠷᠢᠭ ᠰᠠᠨᠠᠭ᠎ᠠ ᠶᠢ ᠭᠦᠨᠵᠡᠬᠡᠢ ᠲᠤᠭᠤᠰᠢᠯᠠᠭᠤᠯᠬᠤ ᠰᠤᠷᠤᠯᠴᠠᠯᠭ᠎ᠠ ᠬᠦᠮᠦᠵᠢᠯ ᠤᠨ ᠰᠠᠨᠠᠯ ᠬᠤᠷᠢᠶᠠᠬᠤ ᠠᠵᠢᠯᠯᠠᠭ᠎ᠠ ᠥᠷᠨᠢᠭᠦᠯᠪᠡ᠃ ᠭᠠᠬᠢᠯ ᠰᠤᠮᠤᠨ ᠤ ᠰᠤᠩᠭᠤᠭᠤᠯᠢ ᠶᠢᠨ ᠲᠤᠭᠤᠷᠢᠭ ᠤᠨ ᠬᠤᠰᠢᠭᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠳᠡᠳ᠋ ᠱᠦᠵᠢ᠂ ᠳᠡᠳ᠋ ᠡᠷᠬᠢᠯᠡᠭᠴᠢ ᠬᠠᠢ ᠪᠦᠦ᠂ ᠰᠤᠮᠤᠨ ᠤ ᠨᠠᠮ ᠵᠠᠰᠠᠭ ᠤᠨ ᠪᠠᠭ ᠤᠨ ᠪᠦᠷᠢᠯᠳᠦᠭᠦᠨ᠂ ᠰᠤᠮᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠡᠷᠢᠭᠦᠯᠡᠭᠴᠢᠳ ᠤᠨ ᠪᠦᠯᠬᠦᠮ ᠤᠨ ᠭᠡᠰᠢᠭᠦᠳ᠂ ᠭᠠᠬᠢᠯ ᠰᠤᠮᠤᠨ ᠤ ᠰᠤᠩᠭᠤᠭᠤᠯᠢ ᠶᠢᠨ ᠲᠤᠭᠤᠷᠢᠭ ᠤᠨ ᠬᠤᠰᠢᠭᠤ ᠲᠥᠯᠥᠭᠡᠯᠡᠭᠴᠢ᠂ ᠰᠤᠮᠤᠨ ᠤ ᠳᠡᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠ ᠬᠡᠰᠡᠭ ᠨᠠᠮ ᠤᠨ ᠭᠡᠰᠢᠭᠦᠨ ᠲᠥᠯᠥᠭᠡᠯᠡᠭᠴᠢ᠂ ᠤᠯᠠᠨ ᠲᠦᠮᠡᠨ ᠤ ᠲᠥᠯᠥᠭᠡᠯᠡᠭᠴᠢ ᠵᠡᠷᠭᠡ 26 ᠬᠥᠮᠥᠨ ᠠᠵᠢᠯᠯᠠᠭ᠎ᠠ ᠳᠤ ᠣᠷᠣᠯᠴᠠᠪᠠ᠃ ᠰᠤᠮᠤᠨ ᠤ ᠨᠠᠮ ᠤᠨ ᠬᠤᠷᠢᠶᠠᠨ ᠤ ᠳᠡᠳ᠋ ᠱᠦᠵᠢ᠂  ᠰᠤᠮᠤᠨ ᠤ ᠳᠠᠷᠤᠭ᠎ᠠ ᠪᠠᠢ  ᠶᠤᠸᠠᠨ ᠶᠤᠸᠠᠨ ᠨᠥᠬᠦᠷ ᠬᠤᠷᠠᠯ  ᠎ ᠢ ᠡᠷᠭᠢᠯᠡᠪᠡ᠃      ᠡᠩ ᠲᠡᠷᠢᠭᠦᠨ ᠳᠤ᠂ ᠭᠠᠬᠢᠯ ᠰᠤᠮᠤᠨ ᠤ ᠰᠤᠩᠭᠤᠭᠤᠯᠢ ᠶᠢᠨ ᠲᠤᠭᠤᠷᠢᠭ ᠤᠨ ᠬᠤᠰᠢᠭᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠨᠠᠷᠠᠨᠲᠤᠶᠠᠭ᠎ᠠ᠂ ᠬᠦᠰᠡᠯ ᠬᠤᠶᠠᠷ ᠲᠥᠯᠥᠭᠡᠯᠡᠭᠴᠢ ᠲᠤᠬᠠᠢ ᠶᠢᠨ ᠲᠠᠯᠠᠪᠠᠢ ᠳᠤ ᠲᠤᠰᠢᠶᠠᠯ ᠲᠤᠭᠠᠴᠢᠯᠲᠠ ᠤᠨ ᠮᠡᠳᠡᠭᠦᠯᠦᠯᠲᠡ ᠬᠢᠵᠦ᠂  ᠬᠦᠳᠡᠷ᠂ ᠮᠠᠨᠳᠤᠬᠤ ᠬᠤᠶᠠᠷ ᠲᠥᠯᠥᠭᠡᠯᠡᠭᠴᠢ ᠪᠢᠴᠢᠭ ᠤᠨ ᠬᠡᠯᠪᠡᠷᠢ ᠪᠠᠷ ᠲᠤᠰᠢᠶᠠᠯ ᠲᠤᠭᠠᠴᠢᠯᠲᠠ ᠤᠨ ᠮᠡᠳᠡᠭᠦᠯᠦᠯᠲᠡ ᠪᠠᠨ ᠳᠡᠪᠰᠢᠭᠦᠯᠵᠡᠢ᠃      ᠬᠤᠶᠠᠳᠤᠭᠠᠷ ᠲᠤ᠂ ᠬᠤᠷᠠᠯ ᠳᠤ ᠣᠷᠣᠯᠴᠠᠭᠰᠠᠳ ᠬᠠᠮᠲᠤ ᠪᠠᠷ ︽ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ ᠲᠤᠬᠠᠢ ᠰᠢ ᠶᠢᠨ ᠫᠢᠩ ᠱᠦᠵᠢ  ᠎ ᠶᠢᠨ ᠴᠢᠬᠤᠯᠠ ᠥᠭᠦᠯᠡᠯᠲᠡ ᠎ ᠶᠢᠨ ᠲᠡᠭᠦᠪᠦᠷᠢ︾ ︽ᠬᠡᠯᠪᠡᠷᠢᠴᠢ ᠦᠵᠡᠯ  ᠎ ᠢ ᠴᠢᠩᠭ᠎ᠠ ᠴᠡᠭᠡᠷᠯᠡᠬᠦ ᠲᠤᠬᠠᠢ ᠰᠢ ᠶᠢᠨ ᠫᠢᠩ ᠤᠨ ᠴᠢᠬᠤᠯᠠ ᠥᠭᠦᠯᠡᠯᠲᠡ︾ ᠪᠣᠯᠣᠨ ᠶᠡᠷᠦᠩᠬᠡᠢ ᠱᠦᠵᠢ ᠰᠢ ᠶᠢᠨ ᠫᠢᠩ ᠭᠦᠢᠵᠧᠦ᠂ ᠶᠦᠨᠨᠠᠨ ᠳᠤ ᠠᠵᠢᠯ ᠪᠠᠶᠢᠴᠠᠭᠠᠬᠤ ᠳᠠᠭᠠᠨ ᠲᠠᠯᠪᠢᠭᠰᠠᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠵᠡᠷᠭᠡ ᠠᠭᠤᠯᠭ᠎ᠠ ᠶᠢ ᠰᠤᠷᠤᠯᠴᠠᠪᠠ᠃ ᠡᠭᠦᠨ ᠤ ᠬᠠᠮᠲᠤ᠂ ᠭᠠᠬᠢᠯ ᠰᠤᠮᠤᠨ ᠤ ᠨᠠᠮ ᠤᠨ ᠬᠤᠷᠢᠶ᠎ᠠ ᠶᠢᠨ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ  ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠤᠨ ᠠᠵᠢᠯ ᠤᠨ ᠠᠬᠢᠴᠠ ᠶᠢᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠠᠢ᠃      ᠳᠠᠷᠠᠭ᠎ᠠ ᠳᠤᠨᠢ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢᠳ ᠪᠣᠯᠣᠨ ᠰᠣᠩᠭᠤᠭᠤᠯᠢ ᠶᠢᠨ ᠠᠷᠠᠳ ᠳᠡᠰ ᠳᠠᠷᠠᠭ᠎ᠠ ᠲᠠᠢ ᠪᠠᠷ ᠶᠠᠷᠢᠶ᠎ᠠ ᠲᠠᠯᠪᠢᠵᠤ᠂ ᠴᠠᠬᠢᠯᠭᠠᠨ ᠴᠢᠮᠡᠭᠡ ᠨᠡᠪᠲᠡᠷᠡᠭᠦᠯᠬᠦ᠂ ᠵᠠᠮ ᠬᠠᠷᠢᠯᠴᠠᠭ᠎ᠠ ᠵᠡᠷᠭᠡ ᠮᠠᠯᠵᠢᠬᠤ ᠣᠷᠣᠨ ᠤ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠤ ᠦᠢᠯᠡᠰ ᠤᠨ ᠲᠦᠷᠦᠯ ᠵᠦᠢᠯ᠂ ᠮᠠᠯ ᠪᠡᠯᠴᠢᠭᠡᠷ ᠢ ᠲᠡᠩᠴᠡᠭᠦᠷᠢ ᠲᠠᠢ ᠪᠠᠶᠢᠯᠭᠠᠬᠤ ᠪᠠ  ᠬᠠᠳᠤᠯᠠᠩ ᠤᠨ ᠬᠠᠮᠢᠶᠠᠷᠤᠯᠲᠠ᠂ ᠮᠠᠯ ᠠᠵᠤ ᠠᠬᠤᠢ ᠪᠠ ᠠᠵᠤ ᠠᠬᠤᠶᠢᠯᠠᠯ ᠤᠨ ᠬᠠᠷᠢᠴᠠᠭ᠎ᠠ ᠶᠢ ᠡᠶ᠎ᠡ ᠵᠣᠬᠢᠴᠠᠩᠭᠤᠢ ᠪᠠᠶᠢᠯᠭᠠᠬᠤ ᠵᠡᠷᠭᠡ ᠭᠤᠣᠯᠳᠠᠯᠭ᠎ᠠ ᠲᠠᠢ ᠲᠣᠭᠤᠷᠢᠨ ᠳᠤ ᠡᠷᠬᠢᠮ ᠨᠠᠨᠳᠢᠨ ᠰᠠᠨᠠᠯ ᠰᠠᠨᠠᠭᠤᠯᠭ᠎ᠠ ᠳᠤᠷᠠᠳᠤᠭᠰᠠᠨ ᠪᠥᠭᠡᠳ ᠰᠤᠮᠤᠨ ᠤ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠬᠤ ᠰᠤᠷᠤᠯᠴᠠᠯᠭ᠎ᠠ ᠬᠥᠮᠦᠵᠢᠯ ᠤᠨ ᠲᠠᠯ᠎ᠠ ᠪᠠᠷ ᠰᠠᠨᠠᠯ ᠰᠠᠨᠠᠭᠤᠯᠭ᠎ᠠ ᠳᠡᠪᠰᠢᠭᠦᠯᠵᠡᠢ᠃      ᠰᠠᠭᠤᠳᠠᠯ ᠤᠨ ᠬᠤᠷᠠᠯ ᠳᠠᠭᠤᠰᠤᠭᠰᠠᠨ ᠤ ᠳᠠᠷᠠᠭ᠎ᠠ᠂ ᠲᠥᠯᠥᠭᠡᠯᠡᠭᠴᠢᠳ ︽ᠡᠵᠢ ᠨᠠᠭᠤᠷ ᠤᠨ ᠬᠥᠪᠡᠭᠡᠨ ᠳᠠᠬᠢ ᠬᠤᠪᠢᠰᠬᠠᠯ ᠤᠨ ᠳᠤᠷᠠᠳᠬᠠᠯ︾ ᠦᠵᠡᠭᠦᠯᠦᠯᠭᠡ ᠶᠢᠨ ᠲᠢᠩᠬᠢᠮ ᠳᠤ ᠬᠦᠷᠴᠦ᠂ ᠵᠡᠭᠦᠨ ᠦᠵᠦᠮᠦᠴᠢᠨ ᠬᠤᠰᠢᠭᠤᠨ ᠤ ᠦᠨᠳᠦᠰᠦᠲᠡᠨ ᠨᠦᠭᠦᠳ ᠤᠨ ᠠᠷᠠᠳ ᠲᠦᠮᠡᠨ ᠤ ᠬᠤᠪᠢᠰᠬᠠᠯ ᠤᠨ ᠠᠬᠠᠮᠠᠳ ᠦᠶ᠎ᠡ ᠶᠢᠨ ᠬᠢᠨ ᠤ ᠦᠷᠡᠭᠳᠡᠯ ᠪᠠ ᠲᠡᠮᠡᠴᠡᠯ ᠢ ᠰᠣᠨᠣᠰᠴᠤ᠂ ᠰᠠᠶᠢᠨ ᠰᠠᠨᠠᠭ᠎ᠠ ᠪᠠᠷ ᠨᠠᠮ ᠳᠠᠭᠠᠨ ᠬᠠᠨᠳᠤᠵᠤ᠂ ᠰᠡᠳᠬᠢᠯ ᠢᠶᠠᠷ ᠢᠶᠠᠨ ᠨᠠᠮ ᠤᠨ ᠲᠥᠪ ᠬᠤᠷᠢᠶ᠎ᠠ ᠳᠠᠭᠠᠨ ᠬᠠᠨᠳᠤᠬᠤ ᠬᠤᠪᠢᠰᠬᠠᠯ ᠤᠨ ᠭᠧᠨ ᠢ ᠤᠯᠠᠮᠵᠢᠯᠠᠨ ᠵᠠᠯᠭᠠᠮᠵᠢᠯᠠᠵᠤ᠂ ᠰᠢᠨ᠎ᠡ ᠴᠠᠭ ᠦᠶ᠎ᠡ ᠳᠤ ᠡᠷᠡᠯᠬᠡᠭᠯᠡᠨ ᠤᠷᠤᠭᠰᠢᠯᠠᠬᠤ ᠴᠤᠭ ᠵᠢᠪᠬᠤᠭ᠎ᠠ ᠶᠢ ᠤᠯᠠᠮᠵᠢᠯᠠᠨ ᠰᠤᠷᠤᠯᠴᠠᠪᠠ᠃      ᠲᠤᠰ ᠤᠳᠠᠭᠠᠨ ᠤ ᠠᠵᠢᠯᠯᠠᠭ᠎ᠠ ᠨᠢ ᠲᠥᠯᠥᠭᠡᠯᠡᠭᠴᠢᠳ ᠤᠨ ᠬᠠᠷᠢᠯᠴᠠᠬᠤ ᠠᠷᠭ᠎ᠠ ᠵᠠᠮ ᠢ ᠥᠷᠭᠡᠳᠬᠡᠵᠦ᠂ ᠬᠠᠷᠢᠯᠴᠠᠬᠤ ᠠᠷᠭ᠎ᠠ ᠬᠡᠯᠪᠡᠷᠢ ᠶᠢ ᠪᠠᠶᠠᠯᠢᠭᠵᠢᠭᠤᠯᠵᠤ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠣᠯᠣᠨ ᠠᠷᠠᠳ ᠤᠯᠠᠨ ᠤ ᠬᠠᠷᠢᠯᠴᠠᠭ᠎ᠠ ᠶᠢ ᠴᠢᠩᠭᠠᠳᠬᠠᠵᠤ᠂ ᠲᠥᠯᠥᠭᠡᠯᠡᠭᠴᠢᠳ ᠤᠨ ᠡᠭᠦᠷᠭᠡ ᠲᠤᠰᠢᠶᠠᠯ ᠢᠶᠠᠨ ᠭᠦᠢᠴᠡᠳᠬᠡᠬᠦ ᠠᠷᠠᠳ ᠤᠨ ᠰᠠᠨᠠᠭᠠᠨ ᠤ ᠰᠠᠭᠤᠷᠢ ᠪᠣᠯᠣᠨ ᠨᠡᠶᠢᠭᠡᠮ ᠤᠨ ᠦᠢᠯᠡᠳᠦᠯᠭᠡ ᠶᠢᠨ ᠰᠠᠭᠤᠷᠢ ᠶᠢ ᠨᠡᠩ ᠢᠯᠡᠭᠦᠦ  ᠪᠠᠳᠤᠳᠬᠠᠭᠰᠠᠨ ᠪᠠᠶᠢᠨ᠎ᠠ᠃
 
ᠢᠷᠡᠯᠲᠡ᠄ ᠭᠠᠬᠢᠯ ᠰᠣᠮᠣ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号