ᠣᠨ ᠴᠠᠭ ᠤᠨ ᠰᠢᠷᠦᠭᠦᠨ ᠤᠷᠤᠰᠬᠠᠯ ᠳᠤ ᠥᠪᠡᠷ ᠤᠨ ᠬᠠᠯᠠᠭᠤᠨ ᠴᠢᠰᠤ ᠪᠠ ᠪᠠᠲᠤ ᠴᠢᠩᠭ᠎ᠠ | ᠬᠠᠷᠢᠭᠤᠴᠠᠯᠭ᠎ᠠ ᠪᠠᠷ ᠢᠶᠠᠨ ᠬᠦᠷᠢᠶᠡᠲᠦᠨᠠᠭᠤᠷ ᠰᠤᠮᠤᠨ ᠤ ᠠᠮᠤᠷ ᠠᠮᠤᠭᠤᠯᠠᠩ ᠢ ᠰᠠᠬᠢᠨ ᠬᠠᠮᠠᠭᠠᠯᠠᠵᠤ ᠪᠠᠶᠢᠭ᠎ᠠ | ᠬᠥᠮᠥᠰ ᠪᠣᠯ ᠵᠡᠭᠦᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠦᠷᠢᠶᠡᠲᠦᠨᠠᠭᠤᠷ | ᠰᠤᠮᠤᠨ ᠤ ᠲᠣᠮᠢᠯᠠᠭᠰᠠᠨ ᠰᠠᠯᠪᠤᠷᠢ ᠶᠢᠨ ᠪᠦᠬᠦ ᠴᠠᠭᠳᠠᠭ᠎ᠠ ᠨᠠᠷ ᠪᠣᠯᠣᠨ᠎ᠠ᠃ ᠥᠨᠥᠳᠥᠷ᠂ ᠠᠷᠠᠳ ᠤᠨ ᠴᠠᠭᠳᠠᠭ᠎ᠠ | ᠶᠢᠨ ᠪᠠᠶᠠᠷ ᠤᠨ ᠡᠳᠦᠷ ᠪᠠᠶᠢᠭᠰᠠᠨ ᠴᠤ ᠰᠤᠮᠤᠨ ᠤ ᠲᠣᠮᠢᠯᠠᠭᠰᠠᠨ ᠰᠠᠯᠪᠤᠷᠢᠶᠢᠨ ᠴᠠᠭᠳᠠᠭ᠎ᠠ ᠨᠠᠷ ᠮᠥᠨ ᠯᠡ | ᠥᠩᠭᠡᠷᠡᠭᠰᠡᠨ ᠲᠠᠢ ᠪᠠᠨ ᠠᠳᠠᠯᠢ ᠪᠠᠷ ᠠᠵᠢᠯ ᠤᠨ ᠪᠠᠶᠢᠷᠢ ᠪᠠᠨ ᠪᠠᠲᠤ ᠰᠠᠬᠢᠵᠤ᠂ ᠨᠠᠮ ᠳᠠᠭᠠᠨ ᠦᠨᠡᠨᠴᠢ ᠪᠠᠷ ᠠᠷᠠᠳ | ᠲᠦᠮᠡᠨ ᠳᠤ ᠦᠢᠯᠡᠴᠢᠯᠡᠨ᠂ ᠲᠥᠪ ᠭᠤᠣᠯᠴᠢ ᠪᠠᠷ ᠬᠠᠤᠯᠢ ᠬᠡᠷᠡᠭᠵᠢᠭᠦᠯᠵᠦ᠂ ᠰᠠᠬᠢᠯᠭ᠎ᠠ ᠪᠠᠲᠤ ᠶᠢ ᠴᠢᠩᠭ᠎ᠠ ᠰᠠᠬᠢᠬᠤ | ᠶᠡᠷᠦᠩᠬᠡᠢ ᠱᠠᠭᠠᠷᠳᠠᠯᠭ᠎ᠠᠶᠢ ᠪᠣᠳᠠᠲᠤ ᠠᠵᠢᠯᠯᠠᠭ᠎ᠠ ᠪᠠᠷ ᠢᠶᠠᠨ ᠬᠠᠷᠠᠭᠤᠯᠵᠤ ᠪᠣᠢ᠃ | ᠡᠳᠦᠷ ᠳᠣᠳᠣᠮ ᠤᠨ ᠠᠵᠢᠯ ᠳᠤᠮᠳᠠ᠂ ᠰᠤᠮᠤᠨ ᠤ ᠲᠣᠮᠢᠯᠠᠭᠰᠠᠨ ᠰᠠᠯᠪᠤᠷᠢ ᠶᠢᠨ ᠴᠠᠭᠳᠠᠭ᠎ᠠ ᠨᠠᠷ ᠪᠣᠯ | ᠠᠷᠠᠳ ᠣᠯᠠᠨ ᠤ ᠰᠡᠳᠬᠢᠯ ᠳᠤ ᠬᠤᠨᠤᠭᠰᠢᠭᠰᠠᠨ ᠰᠠᠬᠢᠭᠤᠰᠤ ᠪᠠᠶᠢᠵᠤ᠂ ᠥᠷᠯᠥᠭᠡ ᠠᠴᠠ ᠦᠳᠡᠰᠢ ᠪᠣᠯᠲᠠᠯ᠎ᠠ᠂ | ᠰᠤᠮᠤᠨ ᠤ ᠬᠠᠷᠢᠶᠠᠲᠤ ᠭᠠᠵᠠᠷ ᠲᠤ ᠦᠷᠭᠦᠯᠵᠢ ᠲᠡᠳᠡᠨ ᠤ ᠲᠣᠭᠤᠷᠢᠨ ᠴᠠᠭᠳᠠᠵᠤ ᠪᠠᠶᠢᠭ᠎ᠠ ᠪᠠᠷ᠎ᠠ ᠶᠢ ᠣᠯᠵᠤ | ᠬᠠᠷᠠᠳᠠᠭ᠂ ᠲᠡᠷᠡ ᠪᠠᠷ᠎ᠠ ᠶᠢ ᠬᠠᠷᠠᠬᠤ ᠪᠦᠷᠢ ᠬᠥᠮᠥᠰ ᠲᠤ ᠠᠮᠤᠷ ᠲᠣᠭᠲᠠᠭᠤᠨ ᠰᠡᠳᠬᠢᠭᠳᠡᠯ ᠲᠥᠷᠦᠭᠦᠯᠳᠡᠭ᠃ | ᠮᠠᠯᠴᠢᠳ ᠤᠨ ᠵᠢᠭᠤᠷᠭᠠᠨ ᠢ ᠰᠢᠢᠳᠪᠦᠷᠢᠯᠡᠬᠦ ᠦᠶ᠎ᠡ ᠳᠤ᠂ ᠲᠡᠳᠡ ᠬᠦᠯᠢᠴᠡᠩᠭᠦᠢ ᠢᠳᠬᠠᠨ᠂ ᠪᠠᠶᠠᠯᠢᠭ | ᠲᠤᠷᠰᠢᠯᠭ᠎ᠠ ᠪᠠ ᠴᠢᠩ ᠦᠨᠡᠨᠴᠢ ᠠᠵᠢᠯ ᠤᠨ ᠣᠪᠣᠷ ᠢ ᠪᠠᠷᠢᠨ᠂ ᠬᠤᠶᠠᠷ ᠲᠠᠯ᠎ᠠ ᠶᠢᠨ ᠵᠥᠷᠢᠴᠡᠯ ᠮᠥᠷᠭᠦᠯᠳᠦᠭᠡᠨ ᠢ | ᠡᠶ᠎ᠡ ᠡᠪᠲᠡᠢ ᠰᠢᠢᠳᠪᠦᠷᠢᠯᠡᠳᠡᠭ᠃ ᠭᠡᠨᠡᠳᠲᠡ ᠶᠢᠨ ᠪᠠᠴᠢᠮ ᠪᠠᠶᠢᠳᠠᠯ ᠤᠨ ᠡᠮᠦᠨ᠎ᠡ᠂ ᠲᠡᠳᠡ ᠨᠡᠩ ᠴᠦ ᠬᠠᠮᠤᠭ ᠤᠨ | ᠲᠡᠷᠢᠭᠦᠨ ᠳᠤ ᠳᠠᠭᠠᠷᠢᠨ ᠣᠷᠣᠵᠤ᠂ ᠡᠪᠦᠯ ᠵᠠᠮ ᠤᠨ ᠴᠠᠰᠤᠨ ᠳᠤ ᠬᠠᠰᠢᠭᠳᠠᠭᠰᠠᠨ ᠲᠡᠷᠭᠡ ᠬᠥᠰᠬᠡ ᠶᠢ ᠠᠪᠤᠷᠠᠨ | ᠲᠤᠰᠠᠯᠠᠬᠤ ᠪᠠᠷ ᠴᠠᠰᠤ ᠰᠢᠭᠤᠷᠭ᠎ᠠ ᠶᠢ ᠬᠠᠶᠢᠬᠤᠷᠤᠯ ᠦᠭᠡᠢ ᠪᠠᠷ ᠪᠠᠭᠠᠵᠢ ᠬᠡᠷᠡᠭᠰᠡᠯ ᠢᠶᠠᠨ ᠠᠪᠴᠤ᠂ ᠲᠤᠬᠠᠢ ᠶᠢᠨ | ᠭᠠᠵᠠᠷ ᠲᠤ ᠬᠦᠷᠴᠦ ᠴᠠᠰᠤ ᠴᠡᠪᠡᠷᠯᠡᠵᠦ ᠲᠡᠷᠭᠡ ᠴᠢᠷᠦᠨ᠂ ᠨᠢᠭᠡ ᠰᠡᠳᠬᠢᠯ ᠢᠶᠠᠷ ᠠᠷᠠᠳ ᠲᠤ ᠦᠢᠯᠡᠴᠢᠯᠡᠳᠡᠭ᠃ | ᠠᠷᠠᠳ ᠤᠨ ᠠᠮᠢᠳᠤᠷᠠᠯ ᠳᠤ ᠬᠤᠯᠪᠣᠭᠳᠠᠭᠰᠠᠨ ᠵᠢᠵᠢᠭ ᠰᠠᠵᠢᠭ ᠶᠠᠪᠤᠳᠠᠯ ᠡᠰᠡᠬᠦᠯ᠎ᠡ ᠪᠠᠴᠢᠮ ᠭᠡᠨᠡᠳᠲᠡ ᠶᠢᠨ ᠴᠢᠬᠤᠯᠠ | ᠪᠠᠶᠢᠳᠠᠯ ᠤᠨ ᠠᠯᠢ ᠨᠢ ᠴᠦ ᠲᠡᠷᠡ᠂ ᠦᠨᠳᠦᠰᠦᠨ ᠱᠠᠲᠤᠨ ᠤ ᠠᠮᠤᠷ ᠲᠣᠭᠲᠠᠭᠤᠨ ᠢ ᠰᠠᠬᠢᠨ ᠬᠠᠮᠠᠭᠠᠯᠠᠬᠤ ᠶᠢᠨ | ᠲᠤᠯᠠᠳᠠ ᠲᠡᠳᠡ ᠡᠳᠦᠷ ᠰᠥᠨᠢ ᠦᠭᠡᠢ ᠭᠠᠪᠰᠢᠭᠠᠶᠢᠯᠠᠨ ᠪᠠᠶᠢᠯᠳᠤᠵᠤ᠂ ᠲᠤᠬᠠᠢ ᠶᠢᠨ ᠲᠠᠯᠠᠪᠠᠢ ᠳᠤ ᠬᠦᠷᠴᠦ᠂ | ᠬᠠᠮᠤᠭ ᠤᠨ ᠲᠦᠷᠭᠡᠨ ᠬᠤᠷᠳᠤᠴᠠ ᠪᠠᠷ ᠣᠯᠠᠨ ᠲᠦᠮᠡᠨ ᠤ ᠬᠦᠴᠢᠷ ᠵᠣᠪᠠᠯᠠᠩ ᠢ ᠰᠢᠢᠳᠪᠦᠷᠢᠯᠡᠵᠦ ᠥᠭᠳᠡᠭ᠃ | ᠠᠷᠠᠳ ᠤᠨ ᠴᠠᠭᠳᠠᠭ᠎ᠠ ᠶᠢᠨ ᠪᠠᠶᠠᠷ ᠨᠢ ᠲᠡᠳᠡᠨ ᠤ ᠬᠤᠪᠢ ᠳᠤ ᠢᠷᠠᠭᠤ ᠠᠯᠳᠠᠷ ᠤᠨ ᠮᠠᠭᠲᠠᠭᠠᠯ ᠪᠥᠭᠡᠳ | ᠨᠡᠩ ᠴᠤ ᠱᠠᠭᠠᠷᠳᠠᠯᠭ᠎ᠠ ᠮᠥᠨ᠃ ᠰᠤᠮᠤᠨ ᠤ ᠲᠣᠮᠢᠯᠠᠭᠰᠠᠨ ᠰᠠᠯᠪᠤᠷᠢ ᠶᠢᠨ ᠪᠦᠬᠦ ᠴᠠᠭᠳᠠᠭ᠎ᠠ ᠨᠠᠷ ᠨᠡᠩ ᠥᠨᠳᠥᠷ | ᠪᠠᠷᠢᠮᠵᠢᠶ᠎ᠠ᠂ ᠨᠡᠩ ᠴᠢᠩᠭ᠎ᠠ ᠱᠠᠭᠠᠷᠳᠠᠯᠭ᠎ᠠ᠂ ᠨᠡᠩ ᠪᠣᠳᠠᠲᠠᠢ ᠠᠷᠭ᠎ᠠ ᠬᠡᠮᠵᠢᠶ᠎ᠡ ᠪᠠᠷ ᠥᠪᠡᠷ ᠢ ᠪᠠᠨ ᠱᠠᠭᠠᠷᠳᠠᠵᠤ᠂ | ᠡᠷᠡᠰ ᠬᠠᠳᠠᠨ ᠵᠣᠷᠢᠭ ᠢᠶᠠᠷ ᠰᠤᠮᠤᠨ ᠤ ᠡᠶ᠎ᠡ ᠵᠣᠬᠢᠴᠠᠩᠭᠤᠢ ᠲᠣᠭᠲᠠᠭᠤᠨ ᠪᠠᠶᠢᠳᠠᠯ ᠢ ᠦᠷᠭᠦᠯᠵᠢᠯᠡᠨ ᠬᠠᠮᠠᠭᠠᠯᠠᠵᠤ᠂ | ᠠᠷᠠᠳ ᠣᠯᠠᠨ ᠤ ᠢᠲᠡᠭᠡᠯ ᠪᠠ ᠬᠦᠨᠳᠦ ᠨᠠᠶᠢᠳᠠᠯᠭ᠎ᠠ ᠶᠢ ᠬᠥᠰᠡᠷᠳᠡᠭᠦᠯᠦᠯ ᠦᠭᠡᠢ ᠪᠠᠷ ᠬᠦᠷᠢᠶᠡᠲᠦᠨᠠᠭᠤᠷ ᠰᠤᠮᠤᠨ ᠤ | ᠨᠡᠶᠢᠭᠡᠮ ᠠᠵᠤ ᠠᠬᠤᠢ ᠶᠢ ᠴᠢᠨᠠᠷ ᠰᠠᠶᠢᠲᠠᠢ ᠬᠥᠭᠵᠢᠭᠦᠯᠬᠦ᠂ ᠠᠷᠠᠳ ᠲᠦᠮᠡᠨ ᠤ ᠠᠮᠤᠷ ᠲᠠᠶᠢᠪᠤᠩ ᠠᠵᠤ ᠲᠥᠷᠥᠬᠦ | ᠶᠢᠨ ᠲᠥᠯᠥᠭᠡ ᠪᠦᠬᠦ ᠬᠦᠴᠦᠨ ᠪᠠᠷ ᠢᠶᠠᠨ ᠲᠡᠮᠡᠴᠡᠵᠦ᠂ ᠡᠬᠡ ᠤᠯᠤᠰ ᠤᠨ ᠤᠮᠠᠷᠠᠲᠤ ᠬᠢᠯᠢ ᠶᠢᠨ ᠠᠮᠤᠷ ᠲᠦᠪᠰᠢᠨ | ᠲᠣᠭᠲᠠᠭᠤᠨ ᠬᠠᠯᠬᠠᠪᠴᠢ ᠶᠢ ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠨ᠎ᠡ᠃ |