ᠠᠯᠲᠠᠨᠬᠢᠯᠢ ᠰᠤᠮᠤᠨ ᠤ ᠠᠯᠲᠠᠨᠬᠢᠯᠢ ᠭᠠᠴᠠᠭ᠎ᠠ ᠨᠢ ᠡᠯ᠎ᠠ ᠭᠠᠴᠠᠭᠠᠨ ᠤ 95 ᠤᠨ ᠠᠴᠠ ᠬᠤᠶᠢᠰᠢᠬᠢ ᠵᠠᠯᠠᠭᠤᠴᠤᠤᠨ ᠢ ᠵᠤᠬᠢᠶᠠᠨ ᠪᠠᠶᠢᠭᠤᠯᠤᠨ ᠠᠵᠢᠷᠭ᠎ᠠ ᠤᠷᠭᠠᠯᠠᠬᠤ ᠤᠷᠤᠯᠲᠤᠭᠠᠨ ᠶᠠᠪᠤᠭᠲᠠᠭᠤᠯᠪᠠ
ᠨᠡᠶᠢᠲᠡᠯᠡᠭᠰᠡᠨ ᠴᠠᠭ᠄
2025/5/23
      ᠪᠤᠲᠤᠭ ᠢᠶᠠᠨ ᠰᠤᠯᠢᠭᠰᠠᠨ ᠤᠯᠠᠷᠢᠯ ᠤᠨ ᠰᠠᠶᠢᠬᠠᠨ ᠵᠤᠨ ᠤ ᠴᠠᠭ ᠲᠤ᠂  ᠠᠯᠲᠠᠨᠬᠢᠯᠢ ᠰᠤᠮᠤᠨ ᠠᠯᠲᠠᠨᠬᠢᠯᠢ ᠭᠠᠴᠠᠭ᠎ᠠ ᠨᠢ ᠰᠢ ᠶᠢᠨ ᠫᠢᠩ ᠶᠡᠷᠦᠩᠬᠡᠢ ᠱᠦᠵᠢ ᠶᠢᠨ ︽ᠮᠣᠩᠭᠤᠯ ᠮᠣᠷᠢᠨ ᠤ ᠵᠣᠷᠢᠭ ᠰᠠᠨᠠᠭ᠎ᠠ︾᠎ ᠶᠢ ᠪᠠᠳᠠᠷᠠᠭᠤᠯᠬᠤ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ  ᠲᠤᠭᠤᠰᠢᠯᠠᠬᠤᠯᠤᠨ ᠨᠠᠶᠢᠳᠠᠪᠤᠷᠢᠵᠢᠭᠤᠯᠵᠤ᠂  ᠤᠯᠠᠮᠵᠢᠯᠠᠯᠲᠤ ᠰᠤᠶᠤᠯ ᠢᠶᠠᠨ ᠵᠠᠯᠭᠠᠮᠵᠢᠯᠠᠨ ᠪᠠᠲᠠᠷᠠᠭᠤᠯᠵᠤ᠂   ᠬᠤᠶᠢᠴᠢ ᠦᠶ᠎ᠠ ᠶᠢᠨ ᠪᠠᠨ ᠠᠲᠤᠭᠤ ᠡᠳ᠋ᠯᠡᠬᠡᠨ ᠤ ᠤᠷ᠎ᠠ ᠲᠠᠮ᠂ ᠤᠭᠠᠬᠠᠨ ᠰᠠᠮᠪᠠᠭ᠎ᠠ ᠶᠢ ᠰᠢᠯᠭᠠᠨ᠂ ᠵᠠᠯᠠᠭᠤᠴᠤᠤᠨ ᠤᠨ ᠢᠶᠠᠨ ᠤᠷᠮ᠎ᠠ ᠵᠤᠷᠢᠭ ᠢ ᠨᠢ ᠬᠦᠭᠵᠢᠬᠡᠨ ᠲᠠᠪᠵᠢᠬᠡᠬᠦ ᠵᠤᠷᠢᠯᠭ᠎ᠠ ᠪᠠᠷ 95 ᠤᠨ ᠠᠴᠠ ᠬᠤᠶᠢᠰᠢᠬᠢ ᠵᠠᠯᠠᠭᠤᠴᠤᠤᠨ ᠢ ᠵᠤᠬᠢᠶᠠᠨ ᠪᠠᠶᠢᠭᠤᠯᠤᠨ ᠠᠵᠢᠷᠭ᠎ᠠ ᠤᠷᠭᠠᠯᠠᠬᠤ ᠤᠷᠤᠯᠲᠤᠭᠠᠨ ᠶᠠᠪᠤᠭᠲᠠᠭᠤᠯᠪᠠ  ᠃      ᠲᠤᠰ ᠤᠲᠠᠭᠠᠨ ᠤ ᠤᠷᠤᠯᠲᠤᠭᠠᠨ ᠳᠤ 16 ᠨᠠᠷ᠎ᠠ ᠰᠢᠵᠢᠬᠢᠨᠠᠭᠰᠠᠨ ᠵᠠᠯᠠᠭᠤᠴᠤᠤᠨ ᠤᠷᠤᠯᠴᠠᠵᠤ᠂ ᠭᠠᠴᠠᠭᠠᠨ ᠎ ᠤ ᠠᠬᠠᠮᠠᠤᠨ ᠤᠷᠭᠠᠴᠢᠳ ᠠᠴᠠ ᠵᠠᠯᠠᠭᠤ ᠪᠠᠭᠠᠴᠤᠤᠨ ᠳᠤ ᠪᠠᠨ ᠠᠵᠢᠷᠭ᠎ᠠ ᠰᠢᠷᠭᠤᠭᠤᠯᠵᠤ ᠤᠷᠭᠠᠯᠠᠬᠤ ᠳᠤ ᠪᠠᠨ ᠬᠦᠮᠤᠨ ᠤ ᠬᠤᠭᠤᠷᠤᠨᠲᠤᠬᠢ ᠵᠠᠢ ᠪᠠᠨ ᠲᠠᠩᠴᠠᠬᠦᠯᠬᠦ᠂ ᠤᠷᠭ᠎ᠠ ᠬᠠᠶᠠᠯᠲᠠ ᠪᠠᠨ ᠲᠠᠭᠠᠷᠠᠭᠤᠯᠬᠤ᠂ ᠬᠠᠷᠠᠴᠨ ᠬᠢᠷᠬᠠᠢ᠂ ᠬᠦᠲᠠᠯᠬᠡᠬᠡᠨ ᠬᠤᠷᠲᠤᠨ ᠪᠠᠶᠢᠬᠤ ᠬᠡᠬᠦ ᠮᠠᠲᠤᠴᠢᠯᠠᠨ ᠬᠠᠰᠢᠷ ᠲᠤᠷᠰᠢᠯᠠᠭ᠎ᠠ ᠪᠠᠨ ᠵᠢᠭᠠᠵᠤ᠂ ᠬᠦᠷ ᠨᠡᠷᠬᠢᠶᠠᠨ ᠶᠠᠬᠡᠲᠠᠢ ᠪᠠᠶᠢᠯ᠎ᠠ᠃      ᠨᠤᠭᠤᠭᠠᠨ ᠳᠤ ᠴᠠᠲᠤᠭᠰᠠᠨ ᠬᠡᠬᠡᠷ ᠵᠢᠰᠤᠮ᠂ ᠰᠠᠷᠠᠯ ᠵᠢᠰᠤᠮ ᠤᠨ ᠠᠵᠢᠷᠭ᠎ᠠ ᠬᠦᠶᠤᠲᠠᠯ ᠲᠦᠬᠦᠷᠠᠨ ᠲᠠᠭᠠᠷᠢᠬᠤ ᠳᠤ ᠵᠠᠯᠠᠭᠤᠴᠤᠤᠨ ᠤᠷᠭ᠎ᠠ ᠠᠯᠲᠠᠵᠤ ᠪᠠᠶᠢᠭᠰᠠᠨ ᠴᠤ ᠤᠷᠮ᠎ᠠ ᠵᠤᠷᠢᠭ ᠨᠢ ᠰᠠᠷᠬᠦᠵᠤ᠂ ᠤᠷᠤᠯᠳᠤᠭᠠᠨ ᠤ ᠠᠲᠠᠭᠠᠷᠬᠠᠯ ᠳᠤ ᠪᠠᠨ ᠲᠠᠬᠢᠨ ᠲᠠᠬᠢᠨ ᠤᠷᠭᠠᠯᠠᠵᠤ᠂ ᠬᠤᠷᠴᠨ ᠰᠢᠷᠤᠬᠦᠨ ᠤᠷᠤᠯᠲᠤᠭᠠᠨ ᠪᠠᠷ ᠲᠠᠮᠵᠢᠨ ᠪᠦᠯᠢᠶᠠᠨ ᠭᠠᠴᠠᠭᠠᠨ ᠤ  ᠰᠦᠯᠳᠡᠪᠠᠳᠠᠷᠠ ᠲᠠᠷᠢᠬᠦᠯᠠᠵᠤ᠂ ᠠᠯᠲᠠᠨᠬᠢᠯᠢ ᠭᠠᠴᠠᠭᠠᠨ ᠤ ᠪᠠᠶᠠᠨᠷᠬᠡᠲᠤ ᠲᠠᠳ᠋ᠯᠠᠵᠤ᠂  ᠪᠠᠶᠠᠡᠬᠠᠩᠭᠠᠢ ᠭᠠᠴᠠᠭᠠᠨ ᠤ ᠰᠠᠶᠢᠨᠴᠤᠭᠲᠤ ᠬᠤᠷᠪᠠᠲᠤᠭᠠᠷ ᠨᠠᠷ᠎ᠠ ᠳᠤ ᠲᠤᠲᠤᠷᠠᠵᠤ᠂ ᠵᠠᠯᠠᠭᠤᠴᠤᠤᠨ ᠳᠤ ᠪᠠᠨ ᠦᠪ ᠰᠤᠶᠤᠯ ᠢᠶᠠᠨ ᠦᠪᠯᠠᠨ ᠵᠠᠯᠭᠠᠭᠤᠯᠬᠤ ᠳᠤ ᠶᠢ ᠬᠢᠴᠢᠶᠡᠭᠰᠠᠨ ᠡᠨᠠᠬᠦ ᠠᠵᠢᠯᠯᠠᠭ᠎ᠠ ᠮᠠᠰᠢ ᠶᠡᠭᠡ ᠦᠷ᠎ᠠ ᠪᠦᠲᠤᠮᠵᠢ ᠲᠠᠢ᠂ ᠦᠯᠵᠡᠢ ᠬᠡᠶᠢᠮᠤᠷᠢ ᠲᠠᠢ ᠨᠠᠭᠠᠲᠤᠮ ᠪᠤᠯᠵᠤ᠂ ᠲᠠᠯ᠎ᠠ ᠨᠤᠲᠤᠭ ᠢ ᠠᠮᠢᠵᠢᠷᠠᠯ ᠤᠨ ᠬᠦᠴᠦᠨ ᠢ ᠪᠢᠯᠬᠠᠭᠤᠯᠵᠤ᠂  ᠮᠣᠩᠭᠤᠯ ᠮᠣᠷᠢᠨ ᠤ ᠵᠣᠷᠢᠭ ᠰᠠᠨᠠᠭ᠎ᠠ ᠶᠢ ᠪᠤᠲᠠᠲᠤ ᠠᠵᠢᠯᠯᠠᠭ᠎ᠠ ᠪᠠᠷ ᠦᠢᠯᠡᠳᠦᠯᠭᠡᠵᠢᠭᠦᠯᠪᠡ᠃
 
ᠢᠷᠡᠯᠲᠡ᠄ ᠠᠯᠲᠠᠨᠬᠢᠯᠢ ᠰᠤᠮᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号