ᠰᠢᠷ᠎ᠠ ᠨᠠᠭᠤᠷ ᠭᠡᠵᠦ ᠮᠢᠨᠦ ᠨᠤᠳᠤᠭ ᠤᠨ | ᠵᠢᠷ ᠤᠨ ᠨᠢᠭᠡᠨ ᠵᠢᠵᠢᠭᠬᠡᠨ ᠨᠠᠭᠤᠷ᠂ | ᠵᠢᠷ ᠤᠨ ᠨᠢᠭᠡᠨ ᠵᠢᠵᠢᠭᠬᠡᠨ ᠨᠠᠭᠤᠷ ᠪᠤᠯᠪᠠᠴᠤ᠂ | ᠮᠢᠨᠦ ᠰᠡᠳᠬᠢᠯ ᠳᠤ ᠵᠢᠷ ᠤᠨ ᠪᠤᠰᠤ ᠳᠤᠷᠠᠳᠬᠠᠯ ᠲᠠᠢ ᠨᠠᠭᠤᠷ | ︵ᠡᠪᠦᠷ ᠲᠡᠮᠳᠡᠭᠯᠡᠯ ᠠᠴᠠ ᠪᠠᠨ︶ | ᠨᠢᠭᠡ ᠰᠢᠷ᠎ᠠ ᠨᠠᠭᠤᠷ ① ᠤᠨ ᠤᠰᠤᠨ ᠳᠤ ᠵᠢᠭᠠᠰᠤ ᠭᠡᠵᠦ ᠪᠠᠶᠢᠳᠠᠭ ᠦᠭᠡᠢ᠃ ᠰᠢᠨᠠᠭᠠᠨ ᠬᠤᠷᠤᠬᠠᠢ ᠬᠠᠷᠢᠨ | ᠮᠢᠯᠢᠶᠡᠳ ② ᠠᠷᠪᠢᠨ ᠪᠠᠶᠢᠳᠠᠭ᠃ ᠰᠢᠨᠠᠭ᠎ᠠ ᠱᠦᠭᠦᠭᠦᠯ ᠢᠶᠠᠨ ᠪᠠᠷᠢᠴᠢᠬᠠᠭᠠᠳ ᠰᠢᠨᠠᠭᠠᠨ ᠬᠤᠷᠤᠬᠠᠢ ᠶᠢ ᠨᠢ | ᠰᠢᠭᠦᠵᠦ ᠲᠡᠭᠦᠵᠦ ᠶᠠᠪᠤᠭᠰᠠᠨ ᠡ᠂ ᠪᠢ᠃ ᠰᠢᠨᠠᠭᠠᠨ ᠬᠤᠷᠤᠬᠠᠢ ᠶᠢ ᠨᠢ ᠰᠢᠭᠦᠵᠦ ᠶᠠᠪᠤᠬᠤ ᠳᠤ ᠮᠢᠨᠢ ︽ᠰᠢᠨᠠᠭᠠᠨ | ᠬᠤᠷᠤᠬᠠᠢ ᠪᠤᠯᠤᠭᠰᠠᠨ ᠴᠤ᠂ ᠠᠮᠢ ᠭᠤᠤᠯ ᠲᠠᠢ ᠠᠮᠢᠲᠠᠨ ᠰᠢᠤ︕ ᠠᠮᠢ ᠲᠠᠢ ᠭᠤᠤᠯ ᠲᠠᠢ ᠠᠮᠢᠲᠠᠨ ᠤ ᠠᠮᠢ ᠶᠢ | ᠬᠦᠨᠦᠭᠡᠵᠦ ᠬᠤᠷᠤᠭᠠᠵᠤ ᠪᠤᠯᠬᠤ ᠦᠭᠡᠢ ᠰᠢᠤ᠃ ᠰᠠᠶ᠋ᠢ ᠶᠢᠨ ᠪᠠᠷᠢᠭᠰᠠᠨ ᠰᠢᠨᠠᠭᠠᠨ ᠬᠤᠷᠤᠬᠠᠢ ᠪᠠᠨ ᠰᠢᠷ᠎ᠠ ᠨᠠᠭᠤᠷ | ᠲᠠᠭᠠᠨ ᠪᠤᠴᠠᠭᠠᠵᠤ ᠲᠠᠯᠪᠢ ᠡ᠂ ᠬᠦᠦ ᠮᠢᠨᠢ︾ ᠭᠡᠵᠦ ᠡᠵᠢ ᠮᠢᠨᠢ ᠨᠠᠳᠠ ᠰᠠᠨᠠᠭᠤᠯᠳᠠᠭ ᠡ᠃ ᠡᠵᠢ ᠶᠢᠨ ᠢᠶᠠᠨ | ᠰᠠᠶᠢᠬᠠᠨ ᠰᠠᠨᠠᠭᠤᠯᠭ᠎ᠠ ᠶᠢ ᠰᠤᠨᠤᠰᠤᠯ᠎ᠠ ᠯᠠ ᠭᠡᠪᠡᠯ ᠪᠢ᠂ ᠰᠢᠭᠦᠵᠦ ᠠᠪᠴᠢᠷᠠᠭᠰᠠᠨ ᠰᠢᠨᠠᠭᠠᠨ ᠬᠤᠷᠤᠬᠠᠢ ᠪᠠᠨ ᠰᠢᠷ᠎ᠠ | ᠨᠠᠭᠤᠷ ᠤᠨ ᠤᠰᠤᠨ ᠳᠤ ᠱᠠᠯᠪᠠᠭ᠋ᠠᠨ ᠪᠤᠴᠠᠭᠠᠵᠤ ᠠᠪᠠᠴᠢᠨ ᠲᠠᠯᠪᠢᠳᠠᠭ ᠪᠠᠶᠢᠭᠰᠠᠨ ᠡ᠃ ᠰᠠᠶ᠋ᠢ ᠶᠢᠨ ᠲᠠᠯᠪᠢᠭᠰᠠᠨ | ᠰᠢᠨᠠᠭᠠᠨ ᠬᠤᠷᠤᠬᠠᠶᠢᠳ ᠮᠢᠨᠢ ︽ᠰᠢᠷ᠎ᠠ ᠨᠠᠭᠤᠷ ᠲᠠᠭᠠᠨ ᠪᠤᠴᠠᠭᠠᠳ ᠢᠷᠡᠴᠢᠬᠡᠯ᠎ᠡ᠃ ᠰᠠᠨᠠᠭ᠎ᠠ ᠰᠡᠳᠬᠢᠯ ᠠᠮᠤᠷᠵᠢᠨ | ᠲᠠᠶᠢᠪᠤᠰᠢᠷᠠᠴᠢᠠᠬᠯᠠ᠃ ᠰᠠᠶᠢᠨ ᠨᠠᠶᠢᠵᠠ ᠴᠢᠮ᠎ᠠ ᠳᠠᠭᠠᠨ ᠳᠠᠯᠠᠷᠬᠠᠯ᠎ᠠ︾ ᠭᠡᠬᠦ ᠰᠢᠤ ᠰᠡᠭᠦᠯ ᠲᠤᠯᠤᠭᠠᠢ ᠪᠠᠨ | ᠮᠤᠷᠤᠯᠵᠠᠭᠤᠯᠤᠨ ᠮᠤᠰᠢᠪᠠᠯᠵᠠᠭᠤᠯᠤᠭᠰᠠᠭᠠᠷ ᠰᠢᠷ᠎ᠠ ᠨᠠᠭᠤᠷ ᠤᠨ ᠤᠰᠤᠨ ᠳᠠᠭᠠᠨ ᠱᠤᠮᠪᠠᠨ᠂ ᠴᠠᠭᠠᠰᠢ ᠶᠠᠪᠤᠳᠠᠭ ᠡ᠃ | | ᠰᠢᠷ᠎ᠠ ᠨᠠᠭᠤᠷ ᠤᠨ ᠮᠢᠨᠢ ᠰᠢᠨᠠᠭᠠᠨ ᠬᠤᠷᠤᠬᠠᠢ ᠨᠢ ᠪᠤᠯᠤᠭᠰᠠᠨ ᠴᠤ᠂ ᠰᠠᠨᠠᠭ᠎ᠠ ᠰᠡᠳᠬᠢᠯ ᠠᠴᠠ ᠭᠠᠷᠤᠰᠢ | ᠦᠭᠡᠢ - ᠬᠤᠯᠪᠤᠭᠠᠲᠠᠢ︕ ᠰᠠᠯᠤᠭᠠᠳ ᠬᠤᠯᠠ ᠶᠠᠪᠤᠭᠰᠠᠨ ᠴᠤ ᠰᠠᠨᠠᠭᠳᠠᠭᠠᠳ ᠪᠤᠳᠤᠭᠳᠠᠭᠠᠳ ᠯᠠ ᠪᠠᠶᠢᠬᠤ ᠶᠤᠮ | ᠡ︕ | ᠬᠤᠶᠠᠷ ᠰᠢᠷ᠎ᠠ ᠨᠠᠭᠤᠷ ᠤᠨ ᠤᠰᠤ ᠱᠠᠯᠪᠠ ︵ᠱᠠᠯᠪᠠᠭ︶ ᠶᠡᠬᠡᠲᠡᠢ ᠤᠰᠤ ᠶᠤᠮ᠃ ︽ᠱᠠᠯᠪᠠ ᠶᠡᠭᠡ ᠲᠠᠢ | ᠪᠤᠯᠤᠭᠰᠠᠨ ᠴᠤ ᠬᠤᠤᠷ ᠦᠭᠡᠢ ᠶᠤᠮ︾ ᠭᠡᠳ ᠰᠢᠨᠠᠭ᠎ᠠ ᠲᠤᠭᠤᠭ᠎ᠠ ᠪᠠᠨ ᠳᠡᠭᠦᠷᠦᠭᠡᠳ ᠰᠢᠪᠬᠠᠵᠦ ᠲᠡᠭᠡᠭᠡᠳᠡᠭ | ᠪᠠᠶᠢᠭᠰᠠᠨ ᠡ᠂ ᠡᠵᠢ ᠮᠢᠨᠢ᠃ ᠰᠢᠪᠬᠠᠵᠦ ᠲᠡᠭᠡᠭᠡᠭᠰᠡᠨ ᠤᠰᠤ ᠪᠠᠨ ᠠᠪᠴᠢᠷᠠᠭᠠᠳ᠂ ᠰᠠᠭᠤᠯᠠᠭ᠎ᠠ ᠰᠠᠪᠠᠨ ᠳᠠᠭᠠᠨ | ᠳᠦᠭᠦᠷᠭᠡᠨ ᠬᠢᠵᠦ᠂ ᠲᠤᠩᠭᠠᠭᠠᠵᠤ ᠴᠡᠪᠡᠷᠰᠢᠭᠦᠯᠦᠭᠡᠳ᠂ ᠴᠠᠢ ᠬᠤᠭᠤᠯᠠ ᠪᠠᠨ ᠴᠢᠨᠠᠨ ᠪᠤᠴᠠᠯᠭᠠᠨ ᠤᠤᠭᠤᠳᠠᠭ᠂ | ᠢᠳᠡᠳᠡᠭ ᠪᠢᠯᠡ᠂ ᠮᠠᠨ ᠤ ᠬᠢᠨ᠃ | ᠰᠢᠷ᠎ᠠ ᠨᠠᠭᠤᠷ ᠤᠨ ᠤᠰᠤ ᠱᠠᠯᠪᠠ ᠪᠤᠯᠤᠭᠰᠠᠨ ᠴᠤ ᠬᠤᠤᠷ ᠦᠭᠡᠢ ᠯᠡ ᠪᠠᠶᠢᠵᠤ ᠳ᠋ᠠ᠃ ᠰᠢᠷ᠎ᠠ ᠪᠠᠭ᠎ᠠ | ᠠᠴᠠ ᠪᠠᠨ ᠤᠤᠭᠤᠵᠤ ᠬᠦᠷᠲᠡᠨ ᠢᠷᠡᠭᠰᠡᠨ ᠪᠢᠳᠡᠨ ᠳᠤ ︽ᠰᠢᠷ᠎ᠠ︾ ︽ᠪᠤᠷᠤ︾ ᠶᠢᠨ ᠭᠡᠮ ᠭᠡᠵᠦ ᠰᠢᠩᠭᠡᠵᠦ | ᠰᠠᠭᠤᠭᠰᠠᠨ ᠶᠠᠭᠤᠮ᠎ᠠ ᠶᠡᠷᠦ ᠦᠭᠡᠢ᠃ ᠡᠷᠡᠭᠦᠯ ᠴᠢᠬᠢᠷᠠᠭ᠂ ᠦᠯᠵᠡᠢ ᠮᠡᠨᠳᠦ ᠪᠠᠷ ᠠᠮᠢᠳᠤᠷᠠᠭᠰᠠᠭᠠᠷ᠂ | ᠤᠷᠤᠰᠢᠭᠰᠠᠭᠠᠷ ᠡ︕…… | ᠭᠤᠷᠪᠠ ᠰᠢᠷ᠎ᠠ ᠨᠠᠭᠤᠷ ᠤᠨ ᠤᠰᠤ ᠱᠤᠷᠪᠤᠭ ᠠᠮᠲᠠ ᠲᠠᠢ ᠤᠰᠤ ᠶᠤᠮ᠃ ︽ᠱᠤᠷᠪᠤᠭ ᠠᠮᠲᠠ ᠲᠠᠢ ᠤᠰᠤ | ᠴᠢᠨᠢ ᠱᠠᠤ ᠳᠠᠪᠤᠰᠤᠨ ᠤ ᠤᠷᠤᠨ ᠳᠤ ᠵᠠᠷᠤᠬᠤ ᠳᠤ ᠬᠠᠷᠠᠳᠠᠭᠤᠨ ③ ᠶᠤᠮ ᠡ︾ ᠭᠡᠳ ᠰᠦᠷᠦᠭ ᠰᠦᠷᠦᠭ | ᠮᠠᠯ ᠢᠶᠠᠨ ᠰᠦᠯᠵᠢᠯᠳᠦᠭᠦᠯᠦᠨ ᠵᠦᠷᠢᠯᠳᠦᠭᠦᠯᠦᠨ ᠤᠰᠤᠯᠠᠳᠠᠭ ᠪᠢᠯᠡ᠂ ᠨᠤᠳᠤᠭ ᠤᠨ ᠮᠢᠨᠢ ᠮᠠᠯᠴᠢᠳ᠃ | ᠱᠤᠷᠪᠤᠭ ᠠᠮᠲᠠ ᠲᠠᠢ ᠤᠰᠤ ᠴᠢᠨᠢ ᠱᠤᠮᠲᠠᠢ ④ ᠰᠠᠶᠢᠨ ᠴᠤ ᠪᠠᠶᠢᠵᠤ ᠳ᠋ᠠ᠂ ᠬᠦᠭᠡᠷᠦᠭᠦᠢ︕ ᠰᠢᠷ᠎ᠠ | ᠨᠠᠭᠤᠷ ᠤᠨ ᠤᠰᠤ ᠶᠢ ᠤᠤᠭᠤᠭᠰᠠᠨ ᠮᠠᠯ ᠰᠦᠷᠦᠭ ᠰᠠᠷ᠎ᠠ ᠬᠤᠷᠢ ᠬᠤᠨᠤᠭ ᠤᠨ ᠳᠤᠲᠤᠷ᠎ᠠ ᠦᠩᠭᠡ ᠵᠢᠰᠦ ᠤᠷᠤᠵᠤ | ᠦᠶᠦᠭ ᠲᠠᠷᠭᠤᠨ ᠪᠤᠯᠤᠭᠠᠳ ᠢᠷᠡᠳᠡᠭ ᠡ᠃ | ᠰᠢᠷ᠎ᠠ ᠨᠠᠭᠤᠷ ᠤᠨ ᠮᠢᠨᠢ ᠤᠰᠤ ᠱᠤᠷᠪᠤᠭ ᠠᠮᠲᠠ ᠲᠠᠢ ᠪᠤᠯᠤᠭᠰᠠᠨ ᠴᠤ ᠶᠠᠭᠠᠬᠢᠮᠠᠢ᠂ ᠰᠠᠯᠴᠢᠬᠠᠭᠠᠳ ᠬᠤᠯᠠ | ᠶᠠᠪᠤᠬᠤᠯᠠᠷ᠂ ᠰᠠᠨᠠᠭᠳᠠᠭᠠᠳ ᠲᠤᠷᠠᠰᠤᠭᠳᠠᠭᠠᠳ ᠯᠠ ᠪᠠᠶᠢᠬᠤ ᠶᠤᠮ ᠡ︕ | ᠳᠦᠷᠪᠡ ᠰᠢᠷ᠎ᠠ ᠨᠠᠭᠤᠷ ᠤᠨ ᠤᠰᠤ ᠰᠢᠪᠠᠷ ᠶᠡᠬᠡᠳᠡᠢ ᠤᠰᠤ ᠶᠤᠮ᠃ ︽ᠰᠢᠪᠠᠷ ᠶᠡᠬᠡᠲᠡᠢ ᠤᠰᠤ ᠴᠢᠨᠢ ᠮᠠᠯ | ᠬᠠᠷ᠎ᠠ ᠤᠰᠤᠯᠠᠬᠤ ᠳᠤ ᠰᠠᠶᠢᠨ ᠶᠤᠮ ᠡ᠃ ᠰᠢᠪᠠᠷ ᠱᠠᠤ ᠳᠤᠨᠢ ᠮᠠᠯ ᠬᠠᠷ᠎ᠠ ᠬᠦᠯ ᠢᠶᠠᠨ ᠳᠦᠷᠦᠵᠦ ᠰᠢᠩᠭᠡᠳᠬᠡᠪᠡᠯ᠂ | ᠦᠶ᠎ᠡ ᠭᠡᠰᠢᠭᠦᠦ ᠨᠢ ᠴᠢᠩᠭᠠᠷᠠᠵᠤ ᠡᠪᠡᠳᠴᠢᠨ ᠳᠠᠬᠤᠯ ᠨᠢ ᠠᠷᠢᠯᠳᠠᠭ ᠶᠤᠮ ᠡ︾ ᠭᠡᠵᠦ ᠮᠢᠨᠦ ᠨᠤᠳᠤᠭ ᠤᠨ | ᠮᠠᠯᠴᠢᠳ ᠮᠠᠰᠢ ᠤᠳᠬ᠎ᠠ ᠲᠠᠢ ᠶᠠᠷᠢᠳᠠᠭ ᠰᠠᠨ᠃ ᠮᠢᠩᠭ᠎ᠠ ᠲᠦᠮᠡᠨ ᠮᠠᠯ ᠢᠶᠠᠨ ᠮᠠᠶᠢᠯᠠᠭᠤᠯᠵᠤ ᠴᠠᠶᠢᠯᠠᠭᠤᠯᠤᠨ ᠰᠢᠷ᠎ᠠ | ᠨᠠᠭᠤᠷ ᠲᠠᠭᠠᠨ ᠤᠰᠤᠯᠠᠳᠠᠭ ᠰᠠᠨ︕ …… | ᠲᠠᠪᠤ ᠰᠢᠷ᠎ᠠ ᠨᠠᠭᠤᠷ ᠤᠨ ᠬᠤᠶᠢᠲᠤ ᠲᠠᠨᠵᠢᠨ ᠳᠤ ᠰᠠᠷᠠᠭᠠᠨᠲᠤ ᠭᠡᠵᠦ ᠨᠢᠭᠡᠨ ᠨᠠᠮᠭᠠᠷᠬᠠᠨ ᠠᠭᠤᠯᠠ ᠪᠤᠢ᠃ | ᠰᠠᠷᠠᠭᠠᠨᠲᠤ ᠠᠭᠤᠯᠠ ᠶᠢᠨ ᠡᠩᠭᠡᠷ ᠲᠤ ᠰᠢᠷ᠎ᠠ ᠪᠠᠭ᠎ᠠ ᠳᠠᠭᠠᠨ ᠰᠠᠭᠤᠵᠤ ᠰᠤᠷᠤᠯᠴᠠᠵᠤ ᠦᠩᠭᠡᠷᠡᠭᠰᠡᠨ | ᠰᠤᠷᠭᠠᠭᠤᠯᠢ ᠶᠢᠨ ᠮᠢᠨᠢ ᠪᠠᠭᠤᠷᠢ ︵ᠪᠠᠭ᠎ᠠ ᠰᠤᠷᠭᠠᠭᠤᠯᠢ ᠶᠢᠨ ᠮᠢᠨᠢ ᠪᠠᠭᠤᠷᠢ︶ ⑤ ᠪᠤᠢ᠃ ᠰᠤᠷᠭᠠᠭᠤᠯᠢ ᠶᠢᠨ ᠮᠢᠨᠢ | ᠪᠠᠭᠤᠷᠢ ᠳᠡᠭᠡᠷ᠎ᠡ ᠪᠠᠯᠴᠢᠷ ᠪᠠᠭ᠎ᠠ ᠶᠢᠨ ᠦᠶ᠎ᠡ ᠶᠢᠨ ᠮᠢᠨᠢ ᠮᠦᠷ ᠪᠤᠢ᠃ ᠪᠠᠯᠴᠢᠷ ᠪᠠᠭ᠎ᠠ ᠶᠢᠨ ᠦᠶ᠎ᠡ ᠶᠢᠨ ᠮᠢᠨᠢ ᠮᠦᠷ | ᠳᠡᠭᠡᠷ᠎ᠡ ᠪᠠᠶᠠᠨ ᠴᠠᠭᠠᠨ ᠮᠦᠷᠦᠭᠡᠳᠦᠯ ᠬᠦᠰᠡᠯ ᠮᠢᠨᠢ ᠪᠤᠢ᠃ ᠪᠠᠶᠠᠨ ᠴᠠᠭᠠᠨ ᠮᠦᠷᠦᠭᠡᠳᠦᠯ ᠬᠦᠰᠡᠯ ᠢᠶᠠᠨ | ᠳᠦᠷᠦᠭᠡᠯᠡᠭᠡᠳ᠂ ᠪᠠᠭ᠋ᠠᠳᠤᠯ᠂ ᠪᠠᠶᠠᠰᠤᠯᠲᠠᠢ ᠶᠠᠪᠤᠵᠠᠭᠠᠵᠤ ᠪᠤᠢ᠂ ᠪᠢᠳᠡ᠃ | 1986 ᠤᠨ ᠤ ᠨᠠᠮᠤᠷ ᠬᠦᠬᠡᠬᠤᠲᠠᠨ᠎ᠠ ᠠᠩᠬ᠎ᠠ ᠨᠤᠤᠷᠠᠭᠯᠠᠵᠤ᠂ 2009.02.22 ᠲᠤ ᠵᠠᠰᠠᠵᠤ | ᠵᠦᠭᠰᠢᠯᠡᠵᠦ ᠪᠢᠴᠢᠪᠡ᠃ | | |