ᠪᠠᠲᠤᠴᠠᠭᠠᠨ ᠤ ᠨᠠᠮᠤᠷ
ᠨᠡᠶᠢᠲᠡᠯᠡᠭᠰᠡᠨ ᠴᠠᠭ᠄
2025/5/16
      ᠨᠠᠮᠤᠷ ᠤᠨ ᠬᠢᠷᠠᠭᠤ ᠨᠠᠪᠴᠢ ᠪᠠᠨ ᠠᠩᠬ᠎ᠠ ᠦᠨᠦᠰᠬᠦ ᠠᠴᠠ ᠪᠠᠲᠤᠴᠠᠭᠠᠨ ᠤ ᠨᠠᠮᠤᠷ ᠡᠬᠢᠯᠡᠨ᠎ᠡ᠃ ᠬᠤᠩᠭᠤᠷ ᠰᠠᠯᠬᠢ ᠨᠠᠪᠴᠢ ᠲᠠᠭᠠᠨ ᠪᠦᠵᠢᠭᠯᠡᠭᠦ ᠠᠴᠠ ᠪᠠᠲᠤᠴᠠᠭᠠᠨ ᠤ ᠨᠠᠮᠤᠷ ᠡᠬᠢᠯᠡᠨ᠎ᠡ᠃ ᠨᠠᠮᠤᠷ ᠲᠤ ᠳᠤᠷᠠᠯᠠᠭᠰᠠᠨ ᠨᠠᠪᠴᠢᠨ ᠤ ᠳᠤᠭᠳᠤᠯᠤᠯ ᠢ ᠪᠠᠲᠤᠴᠠᠭᠠᠨ ᠤ ᠨᠠᠮᠤᠷ ᠭᠡᠳᠡᠭ᠂ ᠡᠬᠡ ᠪᠠᠶᠢᠭᠠᠯᠢ ᠳᠤ ᠡᠮᠵᠡᠭᠯᠡᠭᠰᠡᠨ ᠰᠡᠳᠭᠢᠯ ᠠᠶᠠᠨᠳᠠᠭᠠᠨ ᠡᠳᠡᠭᠡᠷᠡᠳᠡᠭ ᠢ ᠪᠠᠲᠤᠴᠠᠭᠠᠨ ᠤ ᠨᠠᠮᠤᠷ ᠭᠡᠳᠡᠭ ᠡ᠃      ᠨᠠᠮᠤᠷ ᠢᠷᠡᠵᠦ ᠨᠠᠷᠠ ᠴᠠᠭᠠᠰᠢᠯᠠᠨ ᠨᠠᠪᠴᠢ ᠵᠤᠯᠭᠠᠷᠠᠬᠤ ᠳᠤ ᠤᠶᠢᠮᠤᠷᠠᠯ ᠨᠢᠭᠡ ᠯᠡ ᠰᠡᠳᠬᠢᠯ ᠢ ᠡᠵᠡᠮᠳᠡᠨ᠎ᠡ᠃ ᠴᠠᠭ ᠮᠦᠴᠡ ᠶᠠᠭᠤ ᠪᠦᠬᠦᠨ ᠢ ᠡᠮᠨᠡᠨ ᠡᠳᠡᠭᠡᠷᠡᠭᠦᠯᠳᠡᠭ ᠭᠡᠯ᠎ᠡ ᠴᠤ ᠬᠠᠶᠠ ᠨᠢᠭᠡ ᠦᠵᠡᠭᠳᠡᠯ ᠳᠣᠷᠠᠳᠬᠠᠯ ᠰᠡᠳᠬᠢᠯ ᠢ ᠬᠦᠨᠳᠡᠨ ᠡᠮᠵᠡᠭᠯᠡᠭᠦᠯᠦᠨ᠎ᠡ᠃ ᠠᠷᠪᠠᠨ ᠰᠠᠷᠠᠶᠢᠨ ᠨᠢᠭᠡᠨ ᠤ ᠠᠮᠠᠷᠠᠯᠲᠠ ᠪᠠᠷ ᠬᠡᠦᠬᠡᠨ ᠢᠶᠠᠨ ᠳᠠᠭᠠᠭᠤᠯᠤᠨ ᠪᠠᠲᠤᠴᠠᠭᠠᠨ ᠤ ᠤᠢ ᠪᠠᠷ ᠵᠤᠭᠠᠴᠠᠬᠤ ᠪᠠᠷ ᠮᠤᠷᠳᠠᠯ᠎ᠠ᠃ ᠬᠠᠩᠭᠠᠯ ᠨᠠᠭᠤᠷ ᠤᠨ ᠬᠦᠪᠡᠭᠡ ᠳᠠᠭᠤ ᠬᠡᠰᠡᠭ ᠪᠤᠰᠠᠭ ᠪᠠᠲᠤᠴᠠᠭᠠᠨ ᠦᠩᠭᠡ ᠪᠦᠯᠢᠶᠠᠯᠳᠤᠨ ᠰᠠᠭᠯᠠᠶᠢᠨ᠎ᠠ᠃ ᠬᠠᠨ ᠠᠭᠤᠯᠠ ᠶᠢᠨ ᠡᠩᠭᠡᠷ ᠠᠴᠠ ᠬᠤᠤᠯᠢᠨ ᠭᠤᠣᠯ ᠤᠨ ᠳᠡᠨᠵᠢ ᠬᠦᠷᠲᠡᠯ᠎ᠡ᠂ ᠬᠠᠩᠭᠠᠯ ᠨᠠᠭᠤᠷ ᠤᠨ ᠬᠦᠪᠡᠭᠡᠨ ᠠᠴᠠ ᠳᠠᠶᠢᠴᠢᠨᠲᠠᠯ᠎ᠠ ᠸᠠᠩ ᠤᠨ ᠣᠷᠳᠣᠨ ᠲᠤᠯᠲᠠᠯ᠎ᠠ ᠲᠡᠷᠭᠡ ᠤᠨᠤᠭ᠎ᠠ ᠬᠡᠯᠬᠢᠶᠡᠷᠡᠯᠳᠦᠨ ᠴᠤᠪᠤᠷᠠᠯᠳᠤᠨ᠎ᠠ᠃ ᠡᠰᠡᠷᠭᠦ ᠲᠠᠯ᠎ᠠ ᠳᠤᠨᠢ ᠪᠠᠶᠢᠷᠢᠰᠢᠭᠰᠠᠨ ᠺᠢᠨᠣ᠋ ᠰᠡᠭᠦᠳᠡᠷ ᠤᠨ ᠰᠠᠭᠤᠷᠢᠨ ᠭᠠᠵᠠᠷ ᠴᠤ ᠵᠤᠭᠠᠴᠢᠳ ᠢᠶᠠᠷ ᠳᠦᠭᠦᠷᠴᠡᠢ᠃ ᠲᠠᠨᠳᠡ ᠠᠴᠠ ᠵᠡᠭᠦᠨ ᠬᠤᠶᠢᠰᠢ ᠮᠤᠷᠦ᠋ᠢᠵᠤ ᠳᠡᠮᠡᠢ ᠶᠠᠪᠤᠯ ᠦᠭᠡᠢ ᠪᠠᠲᠤᠴᠠᠭᠠᠨ ᠤ ᠣᠢ ᠦᠵᠡᠮᠵᠢ ᠪᠦᠷᠢᠳᠦᠭᠦᠯᠦᠨ ᠬᠠᠷᠠᠭᠳᠠᠨ᠎ᠠ᠃ ᠳᠠᠶᠢᠴᠢᠨᠲᠠᠯ᠎ᠠ ᠨᠤᠲᠤᠭ ᠤᠨ ᠢᠶᠠᠨ ᠡᠯᠢᠭᠡᠨ ᠳᠤ ᠲᠦᠮᠡᠨ ᠠᠭᠲᠠ ᠶᠢᠨ ᠲᠦᠪᠡᠷᠭᠡᠨ ᠰᠢᠭ ᠦᠩᠭᠡ ᠪᠤᠳᠤᠭ ᠢᠶᠠᠷ ᠢᠶᠠᠨ ᠵᠤᠴᠢᠳ ᠢᠶᠠᠨ ᠤᠭᠲᠤᠨ᠎ᠠ᠃ ᠲᠡᠷᠡ ᠨᠢ ᠣᠶᠢᠮᠣᠷᠠᠵᠦ ᠶᠠᠪᠤᠭ᠎ᠠ ᠪᠢ᠂ ᠰᠡᠭᠦᠯᠴᠢ ᠨᠠᠮᠤᠷ ᠤᠨ ᠳᠠᠩ ᠴᠤᠯᠭᠤᠢ ᠳᠤ ᠪᠠᠶᠠᠨ ᠲᠠᠷᠭᠤᠨ ᠬᠠᠷᠠᠭᠠᠨ ᠤ ᠳᠠᠶᠢᠯᠠᠯᠭ᠎ᠠ ᠬᠦᠷᠲᠠᠭᠡᠵᠦ ᠪᠢᠯᠡ᠃      ᠦᠩᠭᠡ ᠪᠦᠯᠢᠶᠠᠯᠳᠤᠨ ᠦᠵᠡᠮᠵᠢ ᠪᠦᠷᠢᠳᠦᠭᠰᠡᠨ ᠪᠠᠲᠤᠴᠠᠭᠠᠨ ᠤ ᠣᠢ ᠪᠠᠷ ᠵᠤᠭᠠᠴᠠᠬᠤ ᠳᠤ ᠶᠠᠩᠵᠤ ᠪᠦᠷᠢ ᠶᠢᠨ ᠪᠠᠲᠤᠴᠠᠭᠠᠨ ᠲᠠᠨ ᠲᠠᠢ ᠵᠤᠭᠤᠭᠳᠠᠮᠠᠷ᠃ ᠵᠠᠷᠢᠮ ᠨᠢ ᠴᠡᠷᠢᠭ ᠡᠷ᠎ᠡ ᠰᠢᠭ ᠰᠦᠭᠯᠡᠶᠢᠨ ᠵᠤᠭᠰᠤᠨ᠎ᠠ᠂ ᠵᠠᠷᠢᠮ  ᠨᠢ ᠭᠠᠯᠪᠢᠷ ᠰᠣᠳᠤ ᠭᠠᠩᠭᠠᠩ ᠵᠠᠯᠠᠭᠤ ᠰᠢᠭ᠋᠂ ᠵᠠᠷᠢᠮ ᠨᠢ ᠢᠴᠢᠮᠡᠲᠡᠭᠡᠢ ᠬᠡᠦᠬᠡᠨ ᠴᠢᠷᠠᠢ ᠣᠯᠪᠠᠯᠵᠠᠭᠤᠯᠬᠤ ᠰᠢᠭ᠋᠂ ᠵᠠᠷᠢᠮ ᠨᠢ ᠠᠯᠢᠶ᠎ᠠ ᠬᠡᠦᠬᠡᠳ ᠳᠡᠭᠵᠢᠨ ᠳᠡᠷᠪᠡᠬᠦ ᠮᠡᠲᠦ᠂ ᠵᠠᠷᠢᠮ ᠨᠢ ᠠᠮᠠᠷᠠᠭ ᠬᠤᠩᠭᠤᠷ ᠠᠭᠤᠯᠵᠠᠨ ᠪᠤᠯᠵᠠᠬᠤ ᠮᠡᠲᠦ᠂ ᠪᠠᠰᠠ ᠵᠠᠷᠢᠮ ᠨᠢ ᠮᠠᠶᠢᠵᠢᠬᠢ ᠪᠤᠯᠤᠭᠰᠠᠨ ᠮᠢᠨᠦ ᠡᠮᠧ ᠰᠢᠭ᠃ ᠭᠠᠩ ᠪᠣᠯᠤᠳ ᠰᠢᠭ ᠡᠷᠡᠮᠡᠬᠡᠢ ᠵᠣᠷᠢᠭ᠂ ᠭᠠᠭᠴᠠ ᠰᠦᠭᠯᠡᠶᠢᠬᠦ ᠢᠲᠡᠭᠡᠯ ᠰᠦᠰᠦᠭ …… ᠬᠡᠯᠪᠡᠷᠢ ᠳᠦᠷᠰᠦ ᠦᠩᠭᠡ ᠪᠤᠳᠤᠭ ᠤᠨ ᠳᠠᠯᠠᠢ ᠰᠢᠭ᠋ ᠪᠠᠲᠤᠴᠠᠭᠠᠨ ᠤ ᠣᠢ  ᠳᠤ ᠮᠢᠨᠦ ᠴᠡᠭᠡᠵᠢ ᠴᠢᠬᠤᠯᠠᠳᠠᠨ ᠳᠦᠷᠰᠦᠯᠡᠯ ᠢᠪᠴᠤᠷᠠᠭᠠᠳ ᠯᠡ…… ᠭᠠᠯ ᠰᠢᠭ᠋ ᠤᠯᠠᠭᠠᠨ᠂ ᠲᠤᠭ ᠰᠢᠭ᠋ ᠤᠯᠠᠭᠠᠨ᠂ ᠨᠠᠷᠠ ᠰᠢᠭ᠋ ᠤᠯᠠᠭᠠᠨ᠂ ᠴᠢᠰᠦ ᠰᠢᠭ᠋ ᠤᠯᠠᠭᠠᠨ︔ ᠪᠠᠲᠤᠴᠠᠭᠠᠨ ᠲᠤᠮᠤ ᠰᠢᠬᠦᠷ ᠮᠡᠲᠦ᠂ ᠪᠠᠭᠴᠠ ᠴᠡᠴᠡᠭ ᠮᠡᠲᠦ᠂ ᠮᠦᠭᠦ ᠪᠠᠶᠢᠰᠢᠩ ᠮᠡᠲᠦ᠂ ᠠᠪᠤᠷᠭᠤ ᠵᠠᠩᠵᠤᠨ ᠮᠡᠲᠦ︔ ᠤᠯᠠᠭᠠᠨ᠂ ᠰᠢᠷ᠎ᠠ᠂ ᠨᠤᠭᠤᠭᠠᠨ᠂ ᠬᠥᠬᠡ᠂ ᠪᠣᠷᠤ᠂ ᠪᠠᠲᠤᠴᠠᠭᠠᠨ ᠰᠤᠯᠤᠩᠭᠠᠨ ᠦᠩᠭᠡᠲᠡᠢ …… ᠭᠡᠵᠦ ᠪᠢᠴᠢᠬᠠᠨ ᠭᠡᠦᠬᠡᠳ ᠦᠷᠢᠰᠦᠯᠳᠦᠨ ᠰᠤᠯᠤᠭᠠᠨᠠᠨ᠎ᠠ᠃      ᠡᠬᠡ ᠪᠠᠶᠢᠭᠠᠯᠢ ᠳᠤ ᠡᠮᠵᠡᠭᠯᠡᠭᠰᠡᠨ ᠵᠢᠷᠦᠬᠡ ᠠᠶᠠᠨᠳᠠᠭᠠᠨ ᠡᠳᠡᠭᠡᠷᠡᠳᠡᠭ ᠢ ᠪᠠᠲᠦᠴᠠᠭᠠᠨ ᠨᠠᠳᠠᠳᠤ ᠪᠠᠲᠤᠯᠠᠭᠰᠠᠨ᠃ ᠲᠡᠷᠡ ᠬᠠᠬᠢᠷ ᠡᠪᠦᠯ᠂ ᠬᠠᠲᠠᠭᠤ ᠭᠠᠴᠢᠭ ᠬᠠᠪᠤᠷ ᠢ ᠲᠤᠭᠤᠯᠵᠦ᠂ ᠨᠠᠷᠠ ᠬᠤᠷ᠎ᠠ ᠶᠢᠨ ᠰᠢᠮ᠎ᠡ ᠪᠠᠷ ᠨᠠᠬᠢᠶᠠᠯᠠᠨ ᠰᠤᠶᠤᠭᠠᠯᠠᠵᠤ ᠦᠳᠭᠡᠷᠡᠨ ᠢᠭᠴᠣᠷᠠᠵᠤ ᠶᠠᠪᠤᠭ᠎ᠠ ᠨᠢ ᠨᠠᠮᠤᠷ ᠴᠠᠭ ᠤᠨ ᠣᠬᠤᠷᠬᠠᠨ ᠬᠤᠭᠤᠴᠠᠭᠠᠨ ᠤ ᠡᠴᠢᠨ᠎ᠠ ᠭᠤᠶᠤ ᠪᠠᠳᠠᠷᠠᠯ ᠢᠯᠭᠠᠷᠠᠯ᠂ ᠳᠤᠷᠠᠳᠬᠠᠯ ᠮᠦᠷᠦᠭᠡᠳᠦᠯ ᠤᠨ ᠲᠦᠯᠦᠭᠡ ᠪᠢᠯᠡ᠃ ᠡᠷᠭᠢᠵᠦ ᠪᠤᠳᠤᠯᠭᠠᠰᠢᠷᠠᠬᠤ ᠳᠤ ᠠᠮᠢ ᠨᠠᠰᠤ ᠴᠦ ᠡᠶᠢᠮᠦ ᠯᠡ ᠪᠠᠶᠢᠭ᠎ᠠ᠃ ᠣᠭᠤᠰᠤᠷ ᠦᠭᠡᠢ ᠣᠷᠴᠢᠯᠠᠩ ᠤᠨ ᠵᠠᠢ ᠳᠤ ᠠᠮᠢ ᠨᠠᠰᠤ ᠬᠤᠷᠤᠮ ᠵᠠᠭᠤᠷᠠᠬᠢ ᠪᠠᠶᠢᠵᠤ ᠳ᠋ᠠ᠃ ᠲᠡᠭᠡᠬᠦ ᠲᠡᠭᠡᠨ ᠳᠠᠭᠤᠳᠠᠬᠤ ᠨᠡᠷ᠎ᠡ᠂ ᠳᠠᠭᠤᠷᠢᠰᠬᠤ ᠠᠯᠳᠠᠷ ᠪᠠᠲᠤᠴᠠᠭᠠᠨ ᠰᠢᠭ᠋ ᠳᠣᠯᠠᠯᠵᠠᠨ᠂ ᠦᠨᠳᠦᠰᠦ ᠬᠦᠷᠦᠰᠦ ᠪᠠᠨ ᠰᠢᠮᠡᠯᠡᠨ ᠲᠡᠵᠢᠭᠡᠬᠦ ᠲᠠᠪᠢᠯᠠᠩ ᠪᠠᠶᠢᠵᠦ ᠲᠠᠭᠠᠷᠠᠨ᠎ᠠ᠃      ᠪᠠᠲᠤᠴᠠᠭᠠᠨ ᠤ ᠨᠠᠮᠤᠷ ᠪᠤᠴᠠᠯᠲᠠ ᠦᠭᠡᠢ ᠨᠠᠮᠤᠷ᠂ ᠪᠤᠴᠠᠵᠤ ᠢᠷᠡᠬᠦ ᠨᠠᠮᠤᠷ᠃          2021᠂ 10᠂ 6    ᠪᠤᠷᠵᠢᠬᠢᠨ ᠭᠠᠪᠢᠷ᠎ᠠ    ᠪᠠᠲᠤᠴᠠᠭᠠᠨ ᠳᠤ
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号