ᠨᠢᠬᠡ ᠮᠤ᠋ ᠤᠢ ᠮᠤᠳᠤ ᠨᠢ ᠨᠢᠬᠡ ᠬᠤᠨᠤᠭ ᠲᠤ 67 ᠺᠢᠯᠦᠭᠷᠡᠮ ᠨᠡᠬᠦᠷᠡᠰᠦᠳᠦᠷᠦᠭᠴᠢ ᠬᠡᠢ ᠶᠢ ᠰᠤᠷᠤᠵᠤ᠂ 49 | ᠺᠢᠯᠦᠭᠷᠡᠮ ᠬᠦᠴᠢᠯᠳᠦᠷᠦᠭᠴᠢ ᠬᠡᠢ ᠶᠢ ᠭᠠᠷᠭᠠᠨ᠎ᠠ᠃ ᠨᠢᠬᠡ ᠮᠤ᠋ ᠤᠢ ᠮᠤᠳᠤ ᠨᠢ ᠵᠤᠨ ᠪᠦᠷᠢ 42 ᠲᠤᠨ ᠤᠰᠤ ᠶᠢ | ᠠᠭᠤᠷᠰᠢᠭᠤᠯᠵᠤ᠂ ᠵᠢᠯ ᠪᠦᠷᠢ 300—500 ᠲᠤᠨ ᠤᠰᠤ ᠶᠢ ᠠᠭᠤᠷᠰᠢᠭᠤᠯᠤᠨᠠ᠃ ᠨᠢᠬᠡ ᠮᠤ᠋ ᠤᠢ ᠮᠤᠳᠤ ᠨᠢ | ᠵᠢᠯ ᠪᠦᠷᠢ 22—66 ᠲᠤᠨ ᠬᠤᠭ ᠳᠤᠭᠤᠰᠤ ᠶᠢ ᠰᠤᠷᠤᠳᠠᠭ᠃ ᠨᠢᠬᠡ ᠮᠤ᠋ ᠤᠢ ᠮᠤᠳᠤ ᠨᠢ ᠰᠠᠷ᠎ᠠ ᠪᠦᠷᠢ 4 | ᠺᠢᠯᠦᠭᠷᠡᠮ ᠬᠤᠤᠷᠳᠤ ᠪᠤᠳᠠᠰ ᠢ ᠰᠤᠷᠤᠵᠤ ᠠᠪᠤᠨ᠎ᠠ᠃ ᠨᠢᠬᠡ ᠮᠤ᠋ ᠦᠬᠡᠷ ᠠᠷᠴᠠ ᠶᠢᠨ ᠮᠤᠳᠤ ᠨᠢ ᠨᠢᠬᠡ ᠰᠦᠨᠢ 2 | ᠺᠢᠯᠦᠭᠷᠡᠮ ᠪᠠᠺᠲ᠋ᠧᠷᠢ ᠶᠢ ᠤᠰᠠᠳᠬᠠᠬᠤ ᠡᠯᠧᠮᠧᠨ᠋ᠲ ᠭᠠᠷᠭᠠᠵᠤ᠂ ᠠᠭᠤᠰᠬᠢᠨ ᠦᠷᠪᠢᠰᠦᠯ᠂ ᠳᠤᠮᠤᠭᠤ᠂ | ᠶᠤᠯᠬᠤᠳᠠᠰᠤ ᠶᠢᠨ ᠪᠠᠺᠲ᠋ᠧᠷᠢ ᠶᠢ ᠤᠰᠠᠳᠬᠠᠳᠠᠭ᠃ ᠨᠢᠬᠡ ᠮᠤ᠋ ᠤᠢ ᠰᠢᠭᠤᠢ ᠨᠢ ᠤᠢ ᠰᠢᠭᠤᠢ ᠦᠬᠡᠢ ᠭᠠᠵᠠᠷ ᠠᠴᠠ | 20 ᠲᠤᠨ ᠢᠯᠡᠬᠦᠦ ᠤᠰᠤ ᠬᠠᠳᠠᠭᠠᠯᠠᠨ᠎ᠠ᠃ ᠨᠢᠬᠡ ᠮᠤ᠋ ᠬᠠᠯᠬᠠᠪᠴᠢ ᠤᠢ ᠨᠢ 100 ᠮᠤ᠋ ᠳᠠᠷᠢᠶ᠎ᠠ ᠶᠢ ᠰᠠᠯᠬᠢᠨ ᠤ | ᠭᠠᠮᠰᠢᠭ ᠠᠴᠠ ᠬᠠᠮᠠᠭᠠᠯᠠᠨ᠎ᠠ᠃ ᠨᠢᠬᠡ ᠮᠤ᠋ ᠤᠢ ᠰᠢᠭᠤᠢ ᠨᠢ ᠵᠢᠯ ᠪᠦᠷᠢ ᠨᠢᠬᠡ ᠺᠦᠪ ᠮᠧᠲᠷ ᠮᠤᠳᠤᠨ ᠮᠠᠲ᠋ᠧᠷᠢᠶᠠᠯ | ᠬᠠᠩᠭᠠᠬᠤ ᠠᠴᠠ ᠭᠠᠳᠠᠨ᠎ᠠ ᠠᠵᠤ ᠦᠢᠯᠡᠳᠪᠦᠷᠢ ᠳᠤ ᠳᠦᠯᠡᠰᠢ᠂ ᠪᠤᠷᠳᠤᠭᠤᠷ᠂ ᠳᠤᠰᠤᠯᠢᠭ᠂ ᠵᠢᠮᠢᠰ ᠵᠡᠷᠭᠡ ᠶᠢᠨ | ᠳᠦᠬᠦᠬᠡᠢ ᠡᠳ᠋ ᠬᠠᠩᠭᠠᠳᠠᠭ᠃ |