ᠬᠠᠪᠤᠷ ᠤᠨ ᠨᠠᠶᠢᠷᠠᠭ | | ᠪᠤᠭᠤᠴᠢᠨ ᠲ᠊ · ᠡᠷᠳᠡᠨᠢᠪᠢᠯᠢᠭ | | ᠮᠦᠩᠭᠦᠨ ᠡᠪᠦᠯ ᠢᠶᠠᠷ ᠴᠠᠢ ᠠᠶᠠᠭᠠᠯᠠᠵᠤ | ᠬᠠᠪᠤᠷ ᠢ ᠠᠮᠰᠠᠵᠤ ᠰᠠᠭᠤᠬᠤ ᠳᠤ | ᠮᠢᠷᠠᠯᠵᠠᠬᠤ ᠵᠡᠷᠭᠡᠯᠭᠡᠨ ᠰᠦᠮᠡᠯᠵᠡᠬᠦ ᠠᠭᠤᠯᠠᠰ | ᠨᠤᠳᠤᠭ ᠤᠨ ᠮᠢᠨᠢ ᠬᠠᠪᠤᠷ ᠤᠨ ᠨᠠᠶᠢᠷᠠᠭ | ᠤᠷᠢᠬᠠᠨ ᠰᠠᠯᠬᠢᠨ ᠳᠤ ᠰᠡᠮᠡᠷᠡᠭᠰᠡᠨ ᠴᠠᠰᠤ | ᠠᠯᠢᠪᠠ ᠶᠢ ᠪᠠᠶᠠᠰᠬᠠᠬᠤ ᠬᠠᠪᠤᠷ ᠤᠨ ᠨᠠᠶᠢᠷᠠᠭ | ᠲᠡᠨᠵᠢ ᠪᠠᠷ ᠲᠤᠭᠯᠠᠭᠰᠠᠨ ᠲᠦᠯ ᠤᠨ ᠲᠠᠭᠤᠣ | ᠲᠤᠶᠢᠭ ᠤᠨ ᠠᠶᠠᠯᠭᠤ ᠬᠠᠪᠤᠷ ᠤᠨ ᠨᠠᠶᠢᠷᠠᠭ | ᠭᠠᠯᠠᠭᠤᠳ ᠤᠨ ᠭᠠᠩᠭᠠᠨᠠᠭ᠎ᠠ ᠪᠤᠯᠵᠤᠮᠤᠷ ᠤᠨ ᠵᠢᠷᠭᠢᠭᠡ | ᠪᠤᠳᠤᠯ ᠳᠤ ᠬᠦᠪᠦᠷᠡᠭᠰᠡᠨ ᠬᠠᠪᠤᠷ ᠤᠨ ᠨᠠᠶᠢᠷᠠᠭ | ᠤᠯᠠᠷᠢᠯ ᠤᠨ ᠲᠦᠷᠦᠭᠦᠤ ᠪᠠᠨ ᠰᠦ ᠪᠠᠷ ᠮᠢᠯᠢᠶᠠᠭᠰᠠᠨ | ᠮᠠᠯᠴᠢᠨ ᠲᠦᠮᠡᠨ ᠤ ᠬᠠᠪᠤᠷ ᠤᠨ ᠨᠠᠶᠢᠷᠠᠭ | ᠠᠪᠤ ᠪᠠᠨ ᠦᠭᠡᠶᠢᠯᠡᠵᠦ ᠡᠵᠢ ᠪᠠᠨ ᠪᠤᠳᠤᠭᠰᠠᠨ | ᠮᠦᠷᠦᠭᠡᠳᠦᠯ ᠤᠨ ᠨᠢᠯᠪᠤᠰᠤ ᠬᠠᠪᠤᠷ ᠤᠨ ᠨᠠᠶᠢᠷᠠᠭ | ᠡᠷᠳᠡᠮ ᠢ ᠰᠤᠷᠬᠤ ᠪᠠᠷ ᠠᠯᠤᠰ ᠢ ᠵᠤᠷᠢᠭᠰᠠᠨ | ᠭᠡᠥᠭᠡᠳ ᠤᠨ ᠬᠦᠰᠡᠯᠡᠩ ᠬᠠᠪᠤᠷ ᠤᠨ ᠨᠠᠶᠢᠷᠠᠭ ᠡ︕ |