ᠯᠧᠢ ᠹᠧᠩ ᠤᠨ ᠵᠣᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠵᠤ᠂ ︽ᠬᠤᠪᠢ ᠨᠡᠮᠡᠷᠢ ᠦᠵᠡᠭᠦᠯᠬᠦ᠂ | ᠨᠥᠬᠦᠷᠰᠡᠭ ᠢᠶᠠᠷ ᠬᠠᠨᠳᠤᠬᠤ᠂ ᠬᠠᠷᠢᠯᠴᠠᠨ ᠬᠠᠪᠰᠤᠷᠤᠯᠴᠠᠬᠤ᠂ ᠠᠯᠬᠤᠮ ᠳᠠᠪᠰᠢᠬᠤ︾ ᠰᠠᠶᠢᠨ ᠳᠤᠷ᠎ᠠ ᠶᠢᠨ | ᠦᠢᠯᠡᠴᠢᠯᠡᠭᠡᠨ ᠤ ᠣᠶᠢᠯᠠᠭᠠᠭᠳᠠᠬᠤᠨ ᠢ ᠦᠢᠯᠡᠳᠦᠯᠭᠡᠵᠢᠭᠦᠯᠬᠦ ᠶᠢᠨ ᠲᠥᠯᠥᠭᠡ᠂ 3 ᠰᠠᠷ᠎ᠠ ᠶᠢᠨ 5 ᠤ ᠡᠳᠦᠷ᠂ | ᠳᠠᠭᠤᠳᠤᠨᠠᠭᠤᠷ ᠪᠠᠯᠭᠠᠰᠤᠨ ᠤ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ︽ᠯᠧᠢ ᠹᠧᠩ ᠠᠴᠠ ᠰᠤᠷᠤᠯᠴᠠᠬᠤ | ᠳᠤᠷᠠᠰᠬᠠᠯ ᠤᠨ ᠡᠳᠦᠷ︾ ᠢᠶᠠᠷ ᠠᠵᠠ ᠲᠣᠬᠢᠶᠠᠯ ᠪᠣᠯᠭᠠᠨ᠂ ᠰᠠᠶᠢᠨ ᠳᠤᠷ᠎ᠠ ᠶᠢᠨ ᠦᠢᠯᠡᠴᠢᠯᠡᠭᠴᠢᠳ ᠢ ᠵᠣᠬᠢᠶᠠᠨ | ᠪᠠᠶᠢᠭᠤᠯᠵᠤ᠂ ᠬᠠᠷᠢᠶ᠎ᠠ ᠣᠷᠣᠨ ᠤ ᠪᠠᠨ ᠭᠠᠭᠴᠠᠭᠠᠷ ᠰᠠᠭᠤᠭ᠎ᠠ ᠨᠠᠰᠤᠲᠠᠨ ᠤ ᠳᠤ ᠭᠦᠨᠵᠡᠭᠡᠶᠢᠷᠡᠭᠦᠯᠦᠨ᠂ ︽ᠯᠧᠢ | ᠹᠧᠩ ᠠᠴᠠ ᠰᠤᠷᠤᠯᠴᠠᠬᠤ︾ ᠭᠤᠣᠯ ᠰᠡᠳᠦᠪᠲᠦ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠶᠢ | ᠥᠷᠨᠢᠭᠦᠯᠪᠡ᠃ | ᠰᠠᠶᠢᠨ ᠳᠤᠷ᠎ᠠ ᠶᠢᠨ ᠦᠢᠯᠡᠴᠢᠯᠡᠭᠴᠢᠳ ᠨᠠᠰᠤᠲᠠᠨ ᠤ ᠭᠡᠷ ᠲᠤ ᠬᠦᠷᠴᠦ᠂ ᠬᠦᠷᠢᠶ᠎ᠡ ᠬᠠᠰᠢᠶ᠎ᠠ ᠶᠢ ᠨᠢ | ᠴᠡᠪᠡᠷᠯᠡᠵᠦ᠂ ᠡᠭᠦᠳᠡ ᠴᠣᠩᠬᠤ ᠶᠢ ᠨᠢ ᠠᠷᠴᠢᠵᠤ᠂ ᠶᠠᠭᠤᠮ᠎ᠠ ᠶᠢ ᠨᠢ ᠲᠡᠭᠰᠢᠯᠡᠵᠦ ᠦᠭᠪᠡ᠃ ᠴᠡᠪᠡᠷᠯᠡᠬᠦ ᠶᠢᠨ ᠵᠠᠪ | ᠴᠢᠯᠦᠭᠡ ᠪᠠᠷ ᠰᠠᠶᠢᠨ ᠳᠤᠷ᠎ᠠ ᠶᠢᠨ ᠠᠵᠢᠯᠯᠠᠭᠴᠢ ᠨᠠᠰᠤᠲᠠᠨ ᠲᠠᠢ ᠵᠣᠭᠤᠭᠳᠠᠵᠤ᠂ ᠲᠡᠳᠡᠨ ᠤ ᠠᠮᠢᠳᠤᠷᠠᠯ ᠤᠨ | ᠬᠡᠷᠡᠭᠴᠡᠭᠡ ᠶᠢ ᠰᠣᠨᠣᠰᠬᠤ ᠶᠢᠨ ᠬᠠᠮᠲᠤ ᠬᠠᠷᠢᠯᠴᠠᠬᠤ ᠠᠷᠭ᠎ᠠ ᠬᠡᠯᠪᠡᠷᠢ ᠪᠠᠨ ᠦᠯᠡᠳᠡᠭᠡᠵᠦ᠂ ᠨᠠᠰᠤᠲᠠᠨ ᠳᠤ | ︽ᠬᠦᠴᠢᠷᠳᠡᠯ ᠲᠠᠢ ᠪᠣᠯ ᠴᠠᠭ ᠲᠤᠬᠠᠢ ᠳᠤᠨᠢ ᠰᠠᠶᠢᠨ ᠳᠤᠷ᠎ᠠ ᠶᠢᠨ ᠠᠵᠢᠯᠯᠠᠭᠴᠢ ᠶᠢ ᠡᠷᠢᠭᠡᠷᠡᠢ︾ ᠭᠡᠵᠦ ᠵᠠᠬᠢᠪᠠ᠃ | ᠨᠠᠰᠤᠲᠠᠶᠢᠴᠤᠳ ᠤᠨ ᠴᠠᠬᠢᠯᠭᠠᠨ ᠬᠤᠯᠪᠣᠭᠠᠨ ᠤ ᠮᠡᠬᠡᠯᠡᠯ᠂ ᠨᠠᠰᠤᠵᠢᠯ ᠤᠨ ᠮᠡᠬᠡᠯᠡᠯ ᠵᠡᠷᠭᠡ ᠠᠰᠠᠭᠤᠳᠠᠯ ᠳᠤ | ᠴᠢᠭᠯᠡᠭᠦᠯᠦᠨ᠂ ᠰᠠᠶᠢᠨ ᠳᠤᠷ᠎ᠠ ᠶᠢᠨ ᠠᠵᠢᠯᠯᠠᠭᠴᠢ ᠨᠠᠷ ︽ᠤᠬᠠᠭᠤᠯᠤᠨ ᠲᠠᠶᠢᠯᠪᠤᠷᠢᠯᠠᠭᠴᠢ︾ ᠪᠣᠯᠵᠤ᠂ ᠬᠡᠷᠡᠭ ᠤᠨ | ᠵᠢᠱᠢᠶ᠎ᠡ ᠶᠢ ᠲᠠᠶᠢᠯᠪᠤᠷᠢᠯᠠᠬᠤ᠂ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ ᠵᠡᠷᠭᠡ ᠠᠷᠭ᠎ᠠ ᠮᠠᠶ᠋ᠢᠭ ᠢᠶᠠᠷ | ᠳᠠᠮᠵᠢᠭᠤᠯᠤᠨ᠂ ᠨᠠᠰᠤᠲᠠᠶᠢᠴᠤᠳ ᠤᠨ ᠮᠡᠬᠡᠯᠡᠯ ᠢ ᠰᠡᠷᠭᠡᠶᠢᠯᠡᠬᠦ ᠮᠡᠳᠡᠯᠭᠡ ᠶᠢ ᠤᠬᠠᠭᠤᠯᠤᠨ ᠳᠠᠶᠢᠯᠪᠦᠷᠢᠯᠠᠪᠠ᠃ | ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠪᠣᠳᠠᠲᠤ ᠠᠵᠢᠯᠯᠠᠭ᠎ᠠ ᠪᠠᠷ ᠢᠶᠠᠨ ︽ᠯᠧᠢ ᠹᠧᠩ ᠠᠴᠠ | ᠰᠤᠷᠤᠯᠴᠠᠬᠤ ᠡᠳᠦᠷ︾ ᠢ ᠳᠤᠷᠠᠰᠬᠠᠨ ᠳᠠᠮᠳᠡᠭᠯᠡᠵᠦ᠂ ᠰᠢᠨ᠎ᠡ ᠴᠠᠭ ᠦᠶ᠎ᠡ ᠶᠢᠨ ᠪᠣᠯᠪᠠᠰᠤᠨ ᠤ ᠬᠡᠪ ᠰᠤᠷᠲᠠᠯ ᠢ | ᠰᠤᠷᠳᠠᠯᠴᠢᠯᠠᠪᠠ᠃ ᠬᠤᠶᠢᠰᠢᠳᠠ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠬᠢ ᠶᠢᠨ ᠦᠢᠯᠡᠳᠦᠯ ᠢ ᠤᠯᠠᠮ | ᠰᠠᠶᠢᠳᠤᠷ ᠪᠠᠳᠠᠷᠠᠭᠤᠯᠤᠨ᠂ ᠨᠡᠩ ᠤᠯᠠᠨ ᠬᠠᠯᠠᠭᠤᠨ ᠳᠤᠯᠠᠭᠠᠨ ᠦᠯᠢᠭᠡᠷ ᠢ ᠪᠢᠴᠢᠭᠯᠡᠬᠦ ᠪᠣᠯᠣᠨ᠎ᠠ᠃ |