ᠰᠢᠨ᠎ᠡ ᠤᠨ ᠤ ᠲᠡᠭᠷᠢ
ᠨᠡᠶᠢᠲᠡᠯᠡᠭᠰᠡᠨ ᠴᠠᠭ᠄
2025/2/25
    ᠰᠢᠨ᠎ᠡ ᠤᠨ ᠤ ᠲᠡᠭᠷᠢ ᠭᠤ · ᠯᠾᠠᠮᠤᠵᠠᠪ      ᠢᠳᠡᠷ ᠶᠢᠰᠦ ᠶᠢᠨ ᠳᠡᠭᠷᠢ      ᠳᠤᠯᠢ ᠮᠡᠳᠦ ᠲᠤᠩᠭᠠᠯᠠᠭᠬᠠᠨ      ᠢᠳᠡᠭᠡᠯ ᠪᠢᠰᠢᠷᠡᠯ ᠬᠦᠰᠡᠯ      ᠵᠤᠯᠠ ᠮᠠᠳᠦ ᠬᠡᠬᠡᠨ      ᠴᠠᠰᠤᠨ ᠯᠠᠪᠰᠠ ᠶᠢᠨ ᠦᠵᠡᠰᠭᠦᠯᠡᠩ      ᠨᠠᠷᠠᠨ ᠤ ᠬᠡᠷᠡᠯ ᠳᠤ ᠬᠢᠯᠠᠰᠬᠠᠨ      ᠴᠠᠭᠠᠨ ᠪᠤᠶᠠᠨ ᠤ ᠵᠢᠷᠭᠠᠯᠠᠩ      ᠰᠠᠷᠠᠨ ᠤ ᠳᠤᠶᠠᠭᠠᠨ ᠳᠤ ᠦᠶᠦᠭᠬᠡᠨ      ᠠᠶᠢᠪᠤᠭᠤ ᠴᠠᠭ ᠤᠨ ᠪᠠᠶᠠᠰᠬᠤᠯᠠᠩ      ᠠᠯᠤᠰ ᠤᠨ ᠤᠳᠤᠳ ᠠᠴᠠ ᠳᠠᠭᠤᠷᠢᠰᠤᠩᠭᠤᠢ      ᠲᠠᠶᠢᠪᠤᠭᠤ ᠲᠥᠷᠥ ᠶᠢᠨ ᠵᠢᠪᠬᠤᠯᠠᠩ      ᠳᠡᠭᠷᠢ ᠶᠢᠨ ᠴᠢᠷᠠᠢ ᠠᠴᠠ ᠲᠤᠳᠤᠷᠠᠩᠭᠤᠢ      ᠮᠤᠷᠢᠨ ᠲᠡᠯ ᠤᠨ ᠳᠦᠷᠡᠯᠵᠡᠬᠡᠨ ᠠᠴᠠ      ᠮᠠᠯᠴᠢᠨ ᠲᠦᠮᠡᠨ ᠮᠢᠨᠢ ᠤᠮᠤᠭᠰᠢᠩᠭᠤᠢ      ᠮᠤᠭᠠᠢ ᠵᠢᠯ ᠤᠨ ᠪᠤᠱᠤᠭᠠᠨ ᠳᠤ      ᠮᠤᠨᠳᠠᠭ ᠪᠠᠶᠠᠷ ᠴᠡᠯᠬᠢᠯᠠᠩᠭᠤᠢ      ᠰᠢᠨ᠎ᠠ ᠤᠨ ᠤ ᠳᠡᠭᠷᠢ      ᠳᠡᠭᠡᠳᠦᠰ ᠤᠨ ᠶᠤᠰᠤᠨ ᠢᠶᠠᠷ ᠳᠡᠯᠭᠡᠷᠡᠩᠭᠦᠢ      ᠰᠢᠨ᠎ᠡ ᠤᠨ ᠤ ᠳᠡᠭᠷᠢ      ᠳᠡᠯᠭᠡᠷᠡᠬᠦ ᠵᠠᠶᠠᠭ᠎ᠠ ᠪᠠᠷ ᠪᠠᠳᠠᠷᠠᠩᠭᠤᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号