ᠵᠣᠯ ᠵᠢᠷᠭᠠᠯ
ᠨᠡᠶᠢᠲᠡᠯᠡᠭᠰᠡᠨ ᠴᠠᠭ᠄
2025/2/25
      ᠵᠣᠯ ᠵᠢᠷᠭᠠᠯ      ᠡᠪᠡᠰᠥᠨ ᠤ ᠨᠠᠮᠠᠭᠠᠨ ᠳᠤ ᠪᠥᠮᠪᠦᠭᠡᠨᠡᠵᠤ ᠪᠠᠶᠢᠪᠡ      ᠰᠢᠬᠦᠳᠡᠷᠢ ᠬᠠᠷᠢᠨ ᠲᠡᠭᠦᠨ ᠤ ᠨᠥᠭᠦᠭᠡ ᠨᠡᠷ᠎ᠡ ᠨᠢ ᠪᠠᠶᠢᠯ᠎ᠠ      ᠵᠣᠯ ᠵᠢᠷᠭᠠᠯ ᠬᠡᠣᠭᠡᠨ ᠤ ᠬᠠᠴᠠᠷ ᠲᠤ ᠶᠠᠭᠠᠷᠠᠵᠥ ᠪᠠᠶᠢᠪᠡ      ᠥᠨᠣᠰᠣᠯᠳᠠ ᠬᠠᠷᠢᠨ ᠲᠡᠭᠦᠨ ᠤ ᠲᠡᠭᠦᠰᠭᠡᠯ ᠤᠨ ᠴᠢᠭ ᠪᠠᠶᠢᠯ᠎ᠠ      ᠵᠣᠯ ᠵᠢᠷᠭᠠᠯ      ᠰᠢᠪᠠᠭᠤᠨ ᠤ ᠵᠢᠷᠬᠢᠭᠡ ᠲᠠᠢ ᠣᠶᠠᠩᠭᠠᠷᠠᠵᠥ ᠪᠠᠶᠢᠯ᠎ᠠ      ᠮᠣᠣᠷ ᠬᠠᠷᠢᠨ ᠲᠡᠭᠦᠨ ᠳᠤ      ᠰᠡᠮᠡᠭᠡᠷ ᠮᠢᠷᠢᠶᠠᠵᠥ ᠪᠠᠶᠢᠯ᠎ᠠ      ᠵᠣᠯ ᠵᠢᠷᠭᠠᠯ      ᠬᠤᠷᠠᠭᠠᠨ ᠤ ᠮᠠᠶᠢᠯᠠᠭ᠎ᠠ ᠲᠠᠢ ᠬᠤᠣᠰᠯᠠᠵᠥ ᠪᠠᠶᠢᠯ᠎ᠠ      ᠴᠢᠨ᠋ᠸ᠎ᠠ ᠬᠠᠷᠢᠨ ᠲᠡᠭᠦᠨ ᠢ ᠢᠳᠡᠭᠦ ᠪᠠᠷ ᠪᠡᠯᠡᠥᠨᠬᠡᠵᠥ ᠪᠠᠶᠢᠯ᠎ᠠ      ᠵᠣᠯ ᠵᠢᠷᠭᠠᠯ      ᠨᠠᠷᠠᠰᠥᠨ ᠤ ᠨᠠᠮᠠᠭ᠎ᠠ ᠪᠠᠶᠢᠯ᠎ᠠ      ᠡᠪᠣᠯ ᠬᠠᠷᠢᠨ ᠲᠡᠭᠦᠨ ᠢ ᠭᠥᠯᠳᠡᠭᠡᠭᠦ ᠪᠠᠷ ᠭᠤᠷᠢᠳᠠᠵᠥ ᠪᠠᠶᠢᠯ᠎ᠠ      ᠵᠣᠯ ᠵᠢᠷᠭᠠᠯ      ᠮᠠᠨᠳᠠᠷᠠᠸ᠎ᠠ ᠴᠡᠴᠡᠭ ᠤᠨ ᠥᠨᠳᠣᠰᠥ ᠪᠠᠶᠢᠯ᠎ᠠ      ᠰᠠᠯᠬᠢ ᠲᠡᠭᠦᠨ ᠢ ᠣᠷᠭᠤᠭᠤᠯᠬᠤ ᠥᠭᠡᠢ ᠪᠠᠷ ᠰᠠᠨᠠᠵᠥ ᠪᠠᠶᠢᠯ᠎ᠠ      ᠵᠣᠯ ᠵᠢᠷᠭᠠᠯ      ᠪᠡᠷᠢ ᠴᠡᠴᠡᠭ ᠤᠨ ᠴᠣᠮᠣᠷᠯᠢᠭ ᠪᠠᠶᠢᠯ᠎ᠠ      ᠮᠥᠨᠳᠣᠷ ᠬᠠᠷᠢᠨ ᠲᠡᠭᠦᠨ ᠢ      ᠥᠷᠡᠯᠡᠭᠦᠯᠭᠦ ᠥᠭᠡᠢ ᠭᠥᠰᠡᠯ ᠲᠠᠢ ᠪᠠᠶᠢᠯ᠎ᠠ      ᠵᠣᠯ ᠵᠢᠷᠭᠠᠯ      ᠪᠣᠯᠪᠠᠰᠣᠷᠠᠵᠥ ᠭᠥᠢᠴᠡᠭᠰᠡᠡ ᠣᠯᠠᠭᠠᠨ᠎ᠠ ᠪᠠᠶᠢᠯ᠎ᠠ      ᠭᠥᠷᠳᠥ ᠬᠠᠷᠢᠨ ᠲᠡᠭᠦᠨ ᠢ      ᠨᠠᠶᠢᠷ ᠥᠭᠡᠢ ᠨᠢᠴᠠᠯᠵᠥ ᠪᠠᠶᠢᠯ᠎ᠠ      ᠵᠣᠯ ᠵᠢᠷᠭᠠᠯ      ᠵᠣᠪᠠᠯᠠᠩ ᠦᠵᠡᠭᠰᠡᠨ ᠵᠣᠷ ᠪᠠᠶᠢᠵᠠᠢ      ᠵᠣᠷᠢᠯᠭ᠎ᠠ ᠬᠠᠷᠢᠨ ᠲᠡᠭᠦᠨ ᠤ ᠵᠣᠬᠰᠤᠭ᠎ᠠ ᠥᠭᠡᠢ      ᠬᠠᠷᠠᠯᠳᠠ ᠪᠠᠶᠢᠵᠠᠢ      ᠵᠣᠯ ᠵᠢᠷᠭᠠᠯ      ᠭᠥᠳᠡᠯᠮᠣᠷᠢ ᠶᠢᠨ ᠨᠠᠨᠳᠢᠨ ᠪᠥᠳᠣᠭᠡᠯ ᠪᠠᠶᠢᠵᠠᠢ      ᠭᠥᠮᠥᠰ ᠬᠠᠷᠢᠨ ᠲᠡᠭᠦᠨ ᠤ      ᠬᠠᠮᠤᠭ ᠡᠴᠥᠰ ᠤᠨ ᠡᠵᠡᠨ ᠨᠢ ᠪᠠᠶᠢᠵᠠᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号