︿︿ᠨᠣᠮ ᠤᠨ ᠬᠡᠰᠢᠭᠲᠦ ᠣᠮᠠᠷᠠᠲᠦ ᠬᠢᠯᠢ﹀﹀ ᠨᠣᠮ ᠣᠩᠰᠢᠯᠭ᠎ᠠ ᠶᠢᠨ ᠮᠡᠳᠡᠯᠭᠡ ᠶᠢᠨ ᠤᠷᠤᠯᠳᠤᠭᠠᠨ ᠶᠠᠪᠤᠭᠳᠠᠪᠠ
ᠨᠡᠶᠢᠲᠡᠯᠡᠭᠰᠡᠨ ᠴᠠᠭ᠄
2025/1/6
      ᠨᠤᠮ ᠪᠤᠯ ᠤᠶᠤᠨ ᠤᠬᠠᠭᠠᠨ ᠢ ᠭᠡᠷᠡᠯᠳᠦᠬᠦᠯᠬᠦ ᠨᠠᠷᠠ᠂ ᠦᠢᠯᠡᠰ ᠠᠮᠢᠳᠤᠷᠠᠯ ᠢ ᠬᠦᠳᠦᠯᠬᠦ ᠵᠢᠯᠥᠭᠤ ᠶᠤᠮ᠃  ᠨᠠᠮ ᠤᠨ ᠬᠤᠷᠢᠳᠤᠭᠠᠷ ᠶᠡᠭᠡ ᠬᠤᠷᠠᠯ ᠤᠨ ᠪᠥᠬᠦ ᠠᠷᠠᠳ ᠤᠨ ᠨᠣᠮ ᠣᠩᠰᠢᠯᠭ᠎ᠠ ᠶᠢᠨ ᠬᠥᠳᠡᠯᠭᠡᠭᠡᠨ ᠢ ᠬᠦᠨᠵᠡᠭᠡᠶᠢᠷᠡᠬᠦᠯᠬᠦ ᠴᠢᠬᠤᠯᠠ ᠪᠠᠶᠢᠷᠢᠯᠠᠭᠤᠯᠤᠯᠲᠠ ᠶᠢ ᠬᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ 12 ᠰᠠᠷ᠎ᠠ ᠶᠢᠨ 14 ᠤ ᠡᠳᠦᠷ᠂ ᠬᠤᠰᠢᠭᠤ ᠰᠢᠨ᠎ᠡ ᠴᠠᠭ ᠦᠶ᠎ᠡ ᠶᠢᠨ ᠪᠣᠯᠪᠠᠰᠦᠨ ᠦᠢᠯᠡᠳᠣᠯᠭᠡ ᠶᠢᠨ ᠦᠢᠯᠡᠴᠢᠯᠡᠭᠡᠨ ᠤ ᠲᠥᠪ ᠠᠴᠠ ᠭᠤᠤᠯᠯᠠᠨ ᠡᠷᠬᠢᠯᠡᠵᠦ᠂ ᠮᠠᠨ ᠤ ᠬᠤᠰᠢᠭᠤᠨ ᠤ ︿︿ᠨᠣᠮ ᠤᠨ ᠬᠡᠰᠢᠭᠲᠦ ᠦᠵᠦᠮᠦᠴᠢᠨ﹀﹀ ᠨᠣᠮ ᠤᠨ ᠬᠤᠯᠪᠣᠭ᠎ᠠ ᠠᠴᠠ ᠲᠠᠭᠠᠭᠠᠴᠢᠯᠠᠨ ᠡᠷᠬᠢᠯᠡᠭᠰᠡᠨ ︿︿ᠨᠣᠮ ᠤᠨ ᠬᠡᠰᠢᠭᠲᠦ ᠣᠮᠠᠷᠠᠲᠦ         ᠬᠢᠯᠢ﹀﹀ ᠭᠤᠣᠯ ᠰᠡᠳᠣᠪᠲᠦ ᠨᠣᠮ ᠣᠩᠰᠢᠯᠭ᠎ᠠ ᠶᠢᠨ ᠮᠡᠳᠡᠯᠭᠡ ᠶᠢᠨ ᠤᠷᠤᠯᠳᠤᠭᠠᠨ  ᠶᠠᠪᠤᠭᠳᠠᠵᠠᠢ᠃ ᠤᠷᠤᠯᠳᠤᠭᠠᠨ ᠳᠤ ᠪᠠᠷᠠᠭᠤᠨ ᠦᠵᠦᠮᠦᠴᠢᠨ ᠬᠤᠰᠢᠭᠤ᠂ ᠠᠪᠠᠭ᠎ᠠ ᠬᠤᠰᠢᠭᠤ᠂ ᠰᠢᠯᠥᠭᠤᠨ ᠬᠥᠬᠡ ᠬᠤᠰᠢᠭᠤ᠂ ᠤᠯᠠᠭᠠᠡᠬᠠᠳᠠ ᠬᠤᠳᠠ ᠬᠢᠬᠡᠤᠨ ᠪᠥᠬᠦ ᠬᠤᠰᠢᠭᠤᠨ ᠤ ᠨᠣᠮ ᠤᠨ ᠪᠠᠭ᠋ᠠᠳᠠᠳ ᠨᠡᠶᠢᠳᠡ 35  ᠬᠦᠮᠦᠨ ᠬᠦᠷᠦᠯᠴᠡᠨ ᠢᠷᠡᠵᠤ ᠪᠢᠷ ᠤᠨ ᠦᠵᠦᠭᠦᠷ  ᠬᠤᠷᠴᠠᠯᠠᠨ᠂ ᠤᠶᠤᠨ ᠤᠬᠠᠭᠠᠨ ᠢᠶᠠᠨ ᠰᠤᠷᠢᠵᠤ ᠤᠷᠤᠯᠳᠤᠭᠠᠨ ᠤ ᠬᠦᠷᠢᠶ᠎ᠡ ᠴᠠᠷ᠎ᠠ ᠶᠢ ᠲᠡᠯᠡᠵᠤ᠂ ᠢᠳᠡᠪᠬᠢᠯᠡᠨ ᠤᠷᠤᠯᠴᠠᠬᠰᠠᠨ ᠪᠠᠶᠢᠨ᠎ᠠ  ᠃      ᠲᠤᠰ ᠤᠷᠤᠯᠳᠤᠭᠠᠨ ᠳᠤ ᠮᠠᠨ ᠤ ᠬᠤᠰᠢᠭᠤᠨ ᠤ ᠵᠤᠬᠢᠶᠠᠯᠴᠢ ᠰ᠊ ᠮᠡᠡᠳᠦᠪᠠᠶᠠᠷ ᠤᠨ ᠭᠤᠤᠯᠯᠠᠨ ᠨᠠᠶᠢᠷᠠᠭᠤᠯᠤᠭᠰᠠᠨ ︿︿ᠲᠠᠯ᠎ᠠ ᠨᠤᠲᠤᠭ ᠤᠨ ᠨᠡᠬᠦᠳᠡᠯ ᠮᠠᠯᠵᠢᠯ ᠤᠨ ᠰᠣᠶᠣᠯ ᠤᠨ ᠲᠡᠮᠳᠡᠭ﹀﹀ ᠴᠤᠪᠤᠷᠠᠯ ᠪᠢᠴᠢᠭ —— ︿︿ᠵᠡᠬᠦᠨ ᠦᠵᠦᠮᠦᠴᠢᠨ ᠬᠤᠰᠢᠭᠤᠨ ᠤ ᠪᠣᠳᠢ﹀﹀ ᠭᠡᠬᠦ ᠨᠣᠮ ᠤᠨ ᠠᠭᠤᠯᠭ᠎ᠠ ᠳᠤ ᠰᠠᠭᠤᠷᠢᠯᠠᠨ ᠮᠡᠳᠡᠯᠭᠡ ᠶᠢᠨ ᠰᠡᠳᠣᠪ ᠭᠠᠷᠭᠠᠵᠦ᠂ ᠰᠤᠨᠤᠰᠴᠤ ᠪᠢᠴᠢᠬᠦ᠂ ᠪᠢᠷ ᠤᠨ ᠰᠢᠯᠭᠠᠯᠳᠠ᠂ ᠤᠷᠠᠨ ᠤᠩᠰᠢᠯᠭ᠎ᠠ᠂ ᠰᠡᠤᠡᠬᠢᠭᠳᠡᠯ ᠬᠤᠪᠢᠶᠠᠯᠴᠠᠬᠤ ᠵᠡᠷᠭᠡ ᠲᠦᠷᠪᠡᠨ ᠠᠯᠬᠤᠮ ᠢᠶᠠᠷ ᠶᠠᠪᠤᠬᠳᠠᠵᠠᠢ  ᠃      ᠤᠷᠤᠯᠳᠤᠭᠠᠨ ᠢᠳᠡ ᠬᠦᠭ ᠲᠠᠢ ᠶᠠᠪᠤᠬᠳᠠᠵᠤ ᠬᠢᠨᠠᠭᠴᠢᠤᠨ ᠤᠨ ᠲᠦᠪ ᠭᠤᠤᠯᠴᠢ ᠬᠢᠨᠠᠯᠳᠠ ᠪᠠᠷ ᠬᠠᠮᠤᠭ ᠡᠴᠦᠰ ᠤᠨ ᠶᠡᠷᠦᠩᠬᠡᠢ ᠬᠤᠪᠢ ᠪᠠᠷ ᠤᠯᠢᠶᠠᠰᠤᠳᠠᠢ ᠪᠠᠯᠭᠠᠰᠤᠨ ᠤ ᠲᠤᠯᠠᠭᠠᠨ ᠭᠠᠴᠠᠭᠠᠨ ᠤ ᠡᠷᠳᠡᠨᠢᠲᠤᠭᠤᠰ ᠲᠡᠷᠢᠭᠦᠯᠡᠵᠤ᠂ ᠲᠠᠭᠤᠳᠤᠨᠠᠭᠤᠷ ᠪᠠᠯᠭᠠᠰᠤᠨ ᠤ ᠵᠢᠷᠭᠠᠯᠠᠩᠳᠦ ᠭᠠᠴᠠᠭᠠᠨ ᠤ ᠲᠡᠭᠦᠰᠮᠡᠡᠳᠦ᠂ ᠨᠠᠷᠠᠡᠬᠤᠸᠠᠷ ᠲᠡᠳ᠋ᠯᠡᠨ᠂ ᠪᠠᠷᠠᠭᠤᠨ ᠦᠵᠦᠮᠦᠴᠢᠨ ᠬᠤᠰᠢᠭᠤᠨ ᠤ ᠨᠠᠪᠴᠢᠮ᠎ᠠ᠂ ᠠᠯᠳᠠᠡᠬᠢᠯᠢ ᠰᠤᠮᠤᠨ ᠤ ᠪᠠᠳᠠᠷᠠᠬᠤ ᠭᠠᠴᠠᠭᠠᠨ ᠤ          ᠡᠬᠦᠯᠡᠡᠬᠤᠸᠠᠷ᠂ ᠰᠠᠮᠠᠢ ᠰᠤᠮᠤᠨ ᠤ ᠮᠠᠡᠳᠠᠯᠳᠦ ᠭᠠᠴᠠᠭᠠᠨ ᠤ ᠰᠠᠷᠠᠡᠳᠤᠶᠠᠭ᠎ᠠ ᠨᠠᠷ ᠭᠤᠷᠪᠠᠳᠤᠭᠠᠷ ᠪᠠᠶᠢᠷᠢᠨ ᠳᠤ ᠵᠢᠬᠰᠠᠵᠤ᠂ ᠬᠦᠷᠢᠶᠡᠳᠦᠨᠠᠭᠤᠷ ᠰᠤᠮᠤᠨ ᠤ ᠰᠠᠴᠡᠡᠳᠤᠶᠠᠭ᠎ᠠ᠂ ᠲᠠᠭᠤᠳᠤᠨᠠᠭᠤᠷ ᠪᠠᠯᠭᠠᠰᠤᠨ ᠤ ᠤᠶᠤᠩᠭᠤᠸ᠎ᠠ᠂ ᠬᠤᠶᠠᠳᠤᠭᠠᠷ ᠪᠠᠭ᠎ᠠ ᠰᠤᠷᠭᠠᠭᠤᠯᠢ ᠶᠢᠨ ᠰᠠᠷᠠᠡᠴᠢᠮᠡᠭ᠂ ᠠᠵᠢᠯ ᠠᠴᠠ ᠪᠠᠨ ᠠᠮᠠᠷᠠᠭᠰᠠᠨ ᠠᠬᠠᠮᠠᠤᠨ ᠪᠠᠭᠰᠢ ᠲᠤᠷᠠᠰᠬᠠᠯᠳᠦ᠂ ᠬᠤᠰᠢᠭᠤ ᠵᠠᠬ᠎ᠠ ᠲᠡᠯᠭᠡᠬᠦᠷ ᠤᠨ ᠬᠢᠨᠡᠨ ᠬᠠᠮᠢᠶᠠᠷᠤᠯᠳᠠ ᠶᠢᠨ ᠲᠤᠪᠴᠢᠶᠠᠨ ᠤ ᠰᠠᠷᠠᠭᠤᠯ᠂ ᠤᠯᠢᠶᠠᠰᠤᠳᠠᠢ ᠪᠠᠯᠭᠠᠰᠤᠨ ᠤ ᠤᠶᠤᠩᠭᠤᠸ᠎ᠠ ᠨᠠᠷ ᠰᠢᠯᠢᠳᠡᠭ ᠲᠡᠰ ᠲᠤ ᠲᠤᠳᠤᠷᠠᠵᠤ ᠡᠷᠳᠡᠮ ᠰᠢᠡᠵᠢᠯᠡᠭᠡᠨ ᠤ ᠴᠤᠪᠤᠷᠠᠯ ᠨᠤᠮ᠂ ᠤᠷᠠᠨ ᠵᠤᠬᠢᠶᠠᠯ ᠪᠠ ᠲᠡᠤᠬᠡ ᠶᠢᠨ ᠠᠩᠬᠠᠨ ᠤ ᠲᠤᠯᠭᠤᠷ ᠪᠢᠴᠢᠭ ᠬᠢᠬᠡᠤᠨ ᠲᠡᠯᠡᠬᠡᠢ ᠶᠢᠨ ᠠᠯᠳᠠᠷᠳᠦ ᠵᠤᠬᠢᠶᠠᠯ ᠵᠡᠷᠭᠡ ᠨᠤᠮ ᠤᠨ ᠪᠡᠯᠡᠭ᠂ ᠢᠷᠠᠭᠤ ᠠᠯᠳᠠᠷ ᠤᠨ ᠦᠨᠡᠮᠯᠡᠯ ᠭᠠᠷᠳᠠᠭᠰᠠᠨ ᠪᠠᠶᠢᠨ᠎ᠠ᠃      ᠤᠷᠤᠯᠳᠤᠭᠠᠨ ᠳᠤ ᠤᠷᠤᠯᠴᠠᠭᠰᠠᠤᠨ ᠠᠴᠠ ︿︿ᠡᠶᠢᠮᠦ ᠤᠷᠤᠯᠳᠤᠭᠠᠨ ᠬᠢᠭᠰᠡᠨ ᠳᠤ ᠪᠠᠶᠠᠷᠯᠠᠵᠦ ᠪᠠᠶᠢᠨ᠎ᠠ᠂ ᠮᠠᠰᠢ ᠶᠡᠭᠡ ᠤᠯᠤᠯᠳᠠ ᠲᠠᠢ᠂ ᠮᠡᠳᠡᠳᠡᠭ ᠦᠭᠡᠢ ᠵᠦᠢᠯ ᠢᠶᠠᠨ ᠲᠤᠳᠤᠷᠬᠠᠢ ᠮᠡᠳᠡᠵᠤ ᠠᠪᠤᠯ᠎ᠠ᠂ ᠴᠢᠨᠠᠭᠰᠢᠳᠠ ᠥᠪ ᠰᠤᠶᠤᠯ ᠢᠶᠠᠨ ᠤᠯᠠᠮᠵᠢᠯᠠᠨ ᠲᠡᠯᠭᠡᠷᠡᠭᠦᠯᠵᠦ᠂ ᠨᠤᠮ ᠪᠢᠴᠢᠭ ᠢᠶᠠᠨ ᠲᠡᠭᠡᠳᠦᠯᠡᠵᠤ᠂ ᠬᠤᠶᠢᠴᠢ ᠦᠶ᠎ᠡ ᠪᠠᠨ ᠲᠠᠶᠢᠴᠢᠯᠠᠨ ᠤᠯᠠᠮ ᠢᠯᠡᠬᠦᠤ ᠰᠠᠶᠢᠨ  ᠨᠤᠮ ᠤᠩᠰᠢᠬᠤ  ᠲᠠᠳᠬᠠᠯ ᠢ ᠪᠤᠢ ᠪᠤᠯᠭᠠᠬᠤ ᠤᠷᠮ᠎ᠠ ᠵᠤᠷᠢᠭ ᠠᠪᠴᠤ ᠪᠠᠶᠢᠨ᠎ᠠ᠃﹀﹀ ᠭᠡᠵᠤ ᠶᠠᠷᠢᠵᠠᠭᠠᠯ᠎ᠠ᠃ ᠤᠷᠤᠯᠳᠤᠭᠠᠨ ᠨᠢ ᠠᠭᠤᠯᠭ᠎ᠠ ᠦᠷᠭᠡᠨ ᠲᠡᠯᠭᠡᠷ ᠪᠠᠶᠢᠵᠤ ᠬᠥᠮᠦᠰ ᠤᠨ ᠤᠷᠮ᠎ᠠ ᠵᠤᠷᠢᠭ ᠢ ᠤᠯᠠᠮ ᠨᠢᠭᠡ ᠠᠯᠬᠤᠮ ᠬᠥᠪᠴᠢᠯᠠᠵᠤ ᠴᠢᠳᠠᠬᠰᠠᠨ ᠪᠠᠶᠢᠨ᠎ᠠ  ᠃      ︿︿ᠡᠴᠢᠭᠡ ᠬᠦᠮᠦᠨ ᠨᠤᠮ ᠤᠩᠰᠢᠪᠡᠯ ᠬᠠᠷᠠᠭ᠎ᠠ ᠨᠢ ᠦᠷᠭᠡᠵᠢᠨ ᠲᠡᠯᠡᠭᠳᠡᠳᠡᠭ᠂ ᠡᠬᠡ ᠬᠥᠮᠦᠨ ᠨᠤᠮ ᠤᠩᠰᠢᠪᠡᠯ ᠦᠷ᠎ᠡ ᠤᠳᠤᠮ ᠨᠢ ᠭᠡᠭᠡᠷᠡᠳᠡᠭ᠂ ᠦᠷ᠎ᠡ ᠬᠡᠤᠬᠡᠳ ᠨᠤᠮ ᠤᠩᠰᠢᠪᠡᠯ ᠢᠷᠡᠬᠦ ᠮᠠᠷᠭᠠᠰᠢ ᠨᠢ ᠰᠠᠷᠠᠭᠤᠯᠵᠢᠳᠠᠭ﹀﹀ ᠭᠡᠳᠡᠭ ᠢᠶᠠᠷ ᠪᠦᠬᠦ ᠠᠷᠠᠤᠨ ᠢᠶᠠᠷ ᠢᠶᠠᠨ ᠨᠤᠮ ᠤᠩᠰᠢᠵᠤ ᠨᠤᠮ ᠤᠨ ᠴᠠᠭᠠᠨ ᠪᠤᠶᠠᠨ ᠢ ᠲᠡᠯᠭᠡᠷᠡᠭᠦᠯᠵᠦ ᠶᠠᠪᠤᠵᠠᠭᠠᠶ᠎ᠠ  ︕
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号