ᠵᠤᠨ ᠤ ᠵᠢᠪᠬᠤᠯᠠᠩ ᠠᠶᠠᠯᠭᠤᠨ
ᠨᠡᠶᠢᠲᠡᠯᠡᠭᠰᠡᠨ ᠴᠠᠭ᠄
2024/9/11
      ᠵᠤᠨ ᠤ ᠠᠶᠢᠯ      ᠭᠠᠵᠠᠷ ᠤᠨ ᠰᠣᠳᠠᠰᠣᠨ ᠳᠤ ᠭᠠᠯᠠᠭᠤᠲᠤ ᠶᠢᠨ ᠨᠠᠭᠤᠷ ᠣᠨᠳᠣᠷᠬᠤ ᠮᠡᠲᠦ      ᠭᠠᠯᠪᠠ ᠶᠢᠨ ᠰᠤᠨᠤᠷ ᠲᠤ ᠬᠠᠶᠢᠷ᠎ᠠ ᠤᠷᠭᠤᠳᠠᠭ ᠨᠢ ᠵᠤᠨ ᠮᠠᠨᠢ ᠪᠠᠶᠢᠯ᠎ᠠ      ᠰᠠᠯᠬᠢᠨ ᠤ ᠦᠵᠦᠭᠦᠷ ᠲᠤ ᠰᠠᠭᠠᠯᠢ ᠶᠢᠨ ᠦᠨᠢᠶᠡᠳ ᠦᠶᠡᠷᠬᠡᠳᠡᠭ ᠮᠡᠲᠦ      ᠰᠦᠷᠦᠭ ᠤᠨ ᠦᠨᠢᠷ ᠲᠤ ᠰᠡᠳᠭᠢᠯ ᠦᠶᠦᠭᠰᠢᠬᠦ ᠨᠢ ᠠᠶᠢᠯ ᠮᠢᠨᠢ ᠪᠠᠶᠢᠯ᠎ᠠ      ᠵᠤᠨ ᠤ ᠪᠠᠷ᠎ᠠ      ᠲᠡᠭᠷᠢ ᠶᠢᠨ ᠦᠪᠦᠷ ᠬᠠᠩᠭᠠᠢ      ᠨᠢᠭᠡ ᠨᠢᠳᠦᠨ ᠳᠤ ᠬᠠᠶᠠᠭᠠᠷᠠᠵᠤ ᠦᠵᠡᠭᠳᠡᠪᠡ      ᠨᠦᠭᠦᠭᠡ ᠨᠢᠭᠡ ᠨᠢᠳᠦᠨ ᠳᠤ      ᠲᠡᠯᠡᠬᠡᠢ ᠶᠢᠨ ᠡᠩᠭᠡᠷ ᠬᠠᠩᠭᠠᠢ ᠬᠠᠯᠢᠭᠤᠷᠠᠵᠣ ᠦᠵᠡᠭᠳᠡᠪᠡ      ᠡᠨᠡ ᠵᠤᠨ ᠡᠩ ᠪᠦᠳᠦᠨ ᠳᠡᠭᠡᠨ ᠳᠠᠩᠳᠠ ᠦᠯᠴᠢᠷ      ᠡᠬᠡ ᠤᠷᠤᠨ ᠮᠢᠨᠢ ᠡᠳᠦᠷ ᠪᠣᠯᠭᠠᠨ ᠲᠠᠩᠴᠤ ᠦᠭᠭᠢᠶᠡᠮᠦᠷ      ᠵᠤᠨ ᠤ ᠵᠢᠷᠤᠭ      ᠬᠦᠭᠡᠷᠦᠬᠦᠨ ᠤᠮᠪᠣᠯᠤ ᠶᠢᠨ ᠮᠠᠨᠢ ᠤᠷᠤᠭᠤᠯ ᠱᠣᠮᠪᠤᠯᠵᠠᠭᠤᠯᠵᠤ ᠵᠢᠷᠤᠭᠰᠠᠨ      ᠬᠦᠭᠡᠷᠦᠬᠦᠨ ᠬᠡᠦᠬᠡᠨ ᠶᠤᠮ ᠦᠦ︖ ᠬᠦᠯᠦᠭ ᠤᠨ ᠬᠤᠶᠠᠷ ᠨᠢᠳᠦᠨ ᠶᠤᠮ ᠦᠦ      ᠬᠥᠳᠡᠩ ᠲᠠᠲᠠᠭᠤᠯᠤᠭᠰᠠᠨ ᠠᠭᠤᠯᠠᠰ ᠦᠨᠳᠦᠷ ᠲᠡᠭᠡᠨ ᠠᠯᠤᠰᠷᠠᠨ᠎ᠠ      ᠬᠥᠬᠡ ᠨᠤᠮᠢᠨ ᠰᠢᠭᠤᠢ ᠰᠢᠪᠡᠭᠤᠳ ᠤᠨ ᠲᠠᠭᠤᠨ ᠢᠶᠠᠷ ᠠᠨᠢᠷᠯᠠᠭᠳᠠᠨ᠎ᠠ      ᠵᠤᠨ ᠤ ᠡᠳᠦᠷ      ᠢᠰᠡᠭᠡᠢ ᠭᠡᠷ ᠤᠨ ᠢᠷᠭᠤᠢ ᠬᠠᠶᠢᠷᠠᠬᠠᠨ ᠡᠳᠦᠷ ᠤᠳ      ᠢᠷᠠᠭᠤ ᠨᠠᠶᠢᠷᠠᠭ ᠤᠨ ᠭᠤᠸ᠎ᠠ ᠰᠠᠶᠢᠬᠠᠨ ᠢᠶᠠᠷ ᠤᠶᠠᠩᠭᠠᠷᠠᠬᠤᠢ      ᠡᠮᠧ ᠶᠢᠨ ᠮᠠᠨᠢ ᠡᠷᠢᠬᠡᠨ ᠮᠦᠬᠦᠯᠢᠭ ᠢᠶᠠᠷ ᠬᠡᠯᠬᠢᠭᠰᠡᠨ ᠰᠢᠭ      ᠡᠩᠬᠡ ᠲᠣᠩᠬ᠎ᠠ ᠡᠪᠡᠰᠦ ᠴᠡᠴᠡᠭ ᠤᠳ ᠴᠡᠯᠡᠭᠡᠷ ᠤᠨ ᠴᠡᠯᠡᠭᠡᠷ      ᠪᠤᠷᠬᠠᠨ ᠠᠳᠢᠰᠯᠠᠭᠰᠠᠨ ᠮᠡᠲᠦ ᠪᠢᠲᠡᠭᠦᠦ ᠪᠡᠯᠴᠢᠭᠡᠷ ᠤᠨ ᠭᠦᠨ ᠳᠤ      ᠪᠦᠮᠪᠦᠭᠡᠨ ᠭᠡᠷ ᠮᠢᠨᠢ ᠪᠦᠮᠪᠦᠷᠴᠡᠭ ᠢ ᠵᠠᠭᠪᠤᠷᠯᠠᠨ ᠣᠨᠢᠶᠠᠷᠯᠠᠬᠤᠢ      ᠪᠤᠳᠢ ᠮᠦᠷ ᠬᠤᠶᠠᠷ ᠢ ᠬᠤᠯᠪᠤᠭᠠᠳ ᠲᠠᠯᠪᠢᠭᠰᠠᠨ ᠰᠢᠭ      ᠪᠦᠭᠦᠷᠭᠡᠨ ᠲᠡᠭᠡᠷᠡᠬᠢ ᠪᠦᠳᠦᠨ ᠮᠠᠷᠭᠠᠰᠢ ᠴᠡᠩᠭᠡᠷ ᠠᠴᠠ ᠴᠡᠩᠭᠡᠷ      ᠵᠤᠨ ᠤ ᠪᠤᠷᠤᠭ᠎ᠠ      ᠰᠡᠳᠭᠢᠯ ᠤᠨ ᠴᠠᠩᠭᠠᠭ᠎ᠠ ᠪᠠᠨ ᠲᠠᠶᠢᠯᠤᠨᠠᠮ ᠭᠡᠵᠦ      ᠰᠢᠪᠡᠷ ᠰᠢᠪᠡᠷ ᠲᠤᠰᠤᠯ ᠢ ᠴᠢᠨᠢ ᠲᠡᠭᠦᠵᠦ ᠭᠦᠶᠦᠨᠡᠮ      ᠰᠡᠪᠡᠯᠵᠡᠲᠡᠯ᠎ᠡ ᠳᠡᠯᠭᠡᠷᠡᠬᠦ ᠵᠤᠨ ᠤ ᠮᠤᠳᠣᠨ ᠳᠤ      ᠰᠢᠪᠠᠭᠤ ᠪᠤᠯᠵᠣ ᠲᠣᠩᠭᠤᠳᠣᠨ ᠰᠠᠭᠤᠶ᠎ᠠ ᠭᠡᠵᠦ ᠬᠦᠰᠡᠨᠡᠮ      ᠳᠡᠯᠭᠡᠷ ᠭᠤᠪᠢ ᠲᠣᠣᠯᠢᠶᠠᠨ ᠳᠠᠭᠠᠨ ᠮᠡᠯᠮᠡᠯᠵᠡᠵᠦ      ᠲᠤᠯᠵᠢᠷ ᠲᠤᠯᠵᠢᠷ ᠬᠤᠷᠠᠭᠠᠳ ᠲᠠᠨᠢ ᠮᠠᠶᠢᠯᠠᠯᠳᠤᠨᠠᠮ      ᠲᠡᠨᠵᠢ ᠶᠢᠨ ᠡᠩᠭᠡᠷ ᠨᠠᠭᠤᠷ ᠤᠨ ᠤᠰᠣ ᠤᠪᠣᠭᠠᠷᠠᠵᠤ      ᠳᠡᠷᠲᠡᠭᠡ ᠵᠡᠭᠡᠰᠦᠨ ᠳᠤ ᠮᠡᠯᠡᠬᠡᠢ ᠶᠢᠨ ᠱᠣᠣᠬᠢᠶ᠎ᠠ ᠦᠷᠭᠦᠯᠵᠢᠯᠡᠨᠡᠮ      ᠵᠤᠨ ᠤ ᠦᠷᠯᠦᠭᠡ      ᠴᠤᠩᠬᠤᠨ ᠭᠠᠳᠠᠭ᠎ᠠ      ᠰᠢᠭᠦᠳᠡᠷᠢ ᠶᠢᠨ ᠠᠮᠢᠰᠬᠤᠭ᠎ᠠ ᠰᠡᠩᠭᠢᠨᠡᠭᠡᠳ ᠯᠡ      ᠰᠦᠨ ᠤ ᠰᠠᠭᠤᠯᠠᠭ᠎ᠠ ᠠᠴᠠ ᠨᠠᠷᠠ ᠳᠡᠯᠭᠡᠷᠡᠨ ᠪᠠᠶᠢᠮᠠᠷ      ᠴᠠᠢ ᠶᠢᠨ ᠠᠶᠠᠭᠠᠨ ᠳᠤ      ᠲᠤᠭᠤᠯ ᠤᠨ ᠠᠨᠢᠰᠭ᠎ᠠ ᠰᠡᠷᠪᠡᠯᠵᠡᠭᠡᠳ ᠯᠡ      ᠲᠣᠪᠤ ᠶᠢᠨ ᠨᠠᠭᠠᠨ᠎ᠠ ᠬᠤᠨᠢᠨ ᠴᠤᠪᠤᠭ᠎ᠠ ᠲᠤᠨᠤᠯᠵᠠᠨ ᠪᠠᠶᠢᠮᠠᠷ      ᠲᠠᠯ᠎ᠠ ᠶᠢᠨ ᠬᠥᠯ ᠲᠦᠪᠰᠢᠨ ᠠᠮᠤᠭᠤᠯᠠᠩ      ᠲᠤᠭᠤᠨᠤ ᠶᠢᠨ ᠭᠡᠷᠡᠯ ᠢᠶᠠᠷ ᠰᠠᠯᠬᠢ ᠰᠡᠪᠡᠷᠡᠭᠡᠳ ᠯᠡ      ᠲᠤᠬᠤᠮ ᠴᠠᠭᠠᠨ ᠡᠭᠦᠯᠡᠰ ᠨᠤᠲᠤᠭ ᠵᠦᠭ ᠳᠡᠷᠪᠡᠨ ᠪᠠᠶᠢᠮᠠᠷ
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号