ᠨᠤᠲᠤᠭ ᠤᠨ ᠳᠤᠷᠠᠰᠤᠮᠵᠢ
ᠨᠡᠶᠢᠲᠡᠯᠡᠭᠰᠡᠨ ᠴᠠᠭ᠄
2024/9/11
     ᠦᠯᠦᠬᠡᠢ ᠨᠤᠲᠤᠭ ᠢᠶᠠᠨ ᠳᠤᠷᠠᠰᠬᠤ ᠪᠦᠷᠢ      ᠦᠷᠦᠴᠡ ᠴᠡᠭᠡᠵᠢᠨ ᠳᠤ ᠬᠠᠶᠢᠷ᠎ᠠ ᠪᠢᠯᠬᠠᠨ᠎ᠠ      ᠦᠭᠬᠢᠶᠡᠮᠦᠷ ᠳᠠᠩᠰᠤᠭ ᠢ ᠨᠢ ᠪᠤᠳᠤᠬᠤ ᠪᠤᠯᠭᠠᠨ      ᠦᠵᠡᠰᠭᠦᠯᠡᠩ ᠪᠠᠷ᠎ᠠ ᠨᠢ ᠨᠢᠳᠤᠨ ᠳᠤ ᠳᠤᠳᠤᠷᠠᠨ᠎ᠠ      ᠦᠭᠡᠳᠡᠩ ᠳᠤᠷᠭᠠᠨ ᠡᠯᠡᠰᠦ ᠮᠠᠩᠬᠠᠨ      ᠦᠰᠴᠦ ᠲᠦᠷᠦᠭᠰᠡᠨ ᠡᠷᠳᠡᠨᠢ ᠶᠢᠨ ᠦᠯᠦᠬᠡᠢ      ᠦᠳᠭᠡᠨ ᠰᠢᠭᠤᠶᠢᠲᠦ ᠳᠠᠯᠤᠳᠤ ᠶᠢᠨ ᠵᠤᠰᠠᠯᠠᠩ      ᠦᠨᠢᠷ ᠲᠦᠮᠡᠨ ᠤ ᠵᠢᠷᠭᠠᠯ ᠤᠨ ᠤᠷᠤᠨ      ᠤᠷᠢᠳᠤ ᠳᠡᠭᠡᠳᠦ ᠶᠢᠨ ᠦᠶ᠎ᠡ ᠠᠴᠠ      ᠤᠰᠤᠨ ᠦᠬᠡᠷ ᠤᠨ ᠲᠤᠮᠤᠭ ᠲᠠᠢ      ᠤᠷᠠᠨ ᠬᠤᠭᠤᠯᠠᠶᠢᠲᠦ ᠭᠤᠷᠭᠤᠤᠯᠳᠠᠢ ᠶᠢᠨ      ᠤᠶᠠᠩᠭ᠎ᠠ ᠶᠢᠨ ᠢᠷᠠᠭᠤ ᠵᠢᠷᠭᠢᠬᠡᠨ ᠲᠠᠢ      ᠰᠦᠩ ᠬᠠᠯᠢᠶᠠᠳᠦ ᠰᠢᠷᠭ᠎ᠠ ᠶᠢᠨ ᠨᠠᠭᠤᠷ      ᠰᠦᠨ ᠰᠢᠮ᠎ᠡ ᠶᠢᠨ ᠤᠨᠳᠤᠷᠤᠯ ᠲᠠᠢ      ᠰᠦᠷᠦᠭ ᠮᠠᠯ ᠢᠶᠠᠨ ᠤᠮᠳᠠᠯᠠᠵᠦ      ᠰᠦᠵᠢᠷᠡᠨ ᠢᠪᠢᠯᠦᠭᠰᠡᠨ ᠷᠠᠰᠢᠶᠠᠨ ᠲᠠᠢ      ᠠᠬᠤᠢ ᠨᠤᠲᠤᠭ ᠤᠨ ᠠᠯᠳᠠᠷ ᠢ ᠮᠠᠨᠳᠤᠭᠤᠯᠤᠭᠰᠠᠨ      ᠠᠷᠠᠳ ᠤᠨ ᠴᠡᠷᠢᠭ ᠤᠨ ᠰᠠᠭᠤᠷᠢᠨ ᠲᠠᠢ      ᠠᠷᠠᠳᠴᠢᠯᠠᠭᠰᠠᠨ ᠬᠤᠪᠢᠰᠬᠠᠯ ᠤᠨ ᠲᠦᠯᠦᠭᠡ ᠦᠷᠡᠭᠳᠡᠭᠰᠡᠨ            ᠠᠤᠭ᠎ᠠ ᠪᠠᠭᠠᠳᠤᠷᠴᠤᠳ ᠤᠨ ᠭᠠᠪᠢᠶ᠎ᠠ ᠲᠠᠢ      ᠦᠯᠦᠬᠡᠢ ᠨᠤᠲᠤᠭ ᠢᠶᠠᠨ ᠳᠤᠷᠠᠰᠬᠤ ᠪᠦᠷᠢ      ᠦᠷᠦᠴᠡ ᠴᠡᠭᠡᠵᠢᠨ ᠳᠤ ᠬᠠᠶᠢᠷ᠎ᠠ ᠪᠢᠯᠬᠠᠨ᠎ᠠ      ᠦᠭᠬᠢᠶᠡᠮᠦᠷ ᠳᠠᠩᠰᠤᠭ ᠢ ᠨᠢ ᠪᠤᠳᠤᠬᠤ ᠪᠤᠯᠭᠠᠨ      ᠦᠵᠡᠰᠭᠦᠯᠡᠩ ᠪᠠᠷ᠎ᠠ ᠨᠢ ᠨᠢᠳᠤᠨ ᠳᠤ ᠳᠤᠳᠤᠷᠠᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号