ᠬᠡᠲᠦᠷᠡᠲᠡᠯ᠎ᠡ ᠶᠠᠳᠠᠷᠠᠪᠠᠯ ᠪᠡᠶ᠎ᠡ ᠮᠠᠬᠠᠪᠤᠳ ᠴᠢᠨᠢ ᠲᠠᠨ ᠳᠤ ᠡᠶᠢᠮᠦ ᠳᠣᠬᠢᠶ᠎ᠠ ᠥᠭᠭᠦᠨ᠎ᠡ
ᠨᠡᠶᠢᠲᠡᠯᠡᠭᠰᠡᠨ ᠴᠠᠭ᠄
2024/7/9
      ᠥᠨᠥᠳᠥᠷ᠂ ᠠᠮᠢᠳᠤᠷᠠᠯ ᠤᠨ ᠠᠶᠢᠵᠠᠮ ᠲᠦᠷᠭᠡᠰᠴᠦ᠂ ᠠᠵᠢᠯ ᠤᠨ ᠳᠠᠷᠤᠭᠠᠰᠤ ᠨᠡᠮᠡᠭᠳᠡᠨ᠂ ︽ᠬᠡᠲᠦᠷᠡᠲᠡᠯ᠎ᠡ ᠶᠠᠳᠠᠷᠠᠭᠠᠳ ᠮᠠᠷᠢᠶᠠᠯᠠᠬᠤ︾᠂ ︽ᠬᠡᠲᠦᠷᠡᠲᠡᠯ᠎ᠡ ᠶᠠᠳᠠᠷᠠᠭᠠᠳ ᠮᠠᠨᠠᠷᠠᠬᠤ︾ ᠵᠡᠷᠭᠡ ᠡᠷᠡᠭᠦᠯ ᠮᠡᠨᠳᠦ ᠶᠢᠨ ᠠᠰᠠᠭᠤᠳᠠᠯ ᠴᠤ ᠶᠠᠪᠤᠬᠤ ᠲᠤᠲᠤᠮ ᠬᠥᠮᠥᠰ ᠤᠨ ᠠᠩᠬᠠᠷᠤᠯ ᠢ ᠲᠠᠲᠠᠵᠤ ᠪᠠᠶᠢᠨ᠎ᠠ᠃ ᠡᠳᠡᠭᠡᠷ ᠢ ᠬᠡᠯᠡᠵᠦ ᠪᠠᠶᠢᠭ᠎ᠠ ᠨᠢ ᠲᠠᠨ ᠢ ᠠᠶᠤᠯᠭᠠᠬᠤ ᠶᠢᠨ ᠲᠥᠯᠥᠭᠡ ᠪᠢᠰᠢ᠂ ᠬᠠᠷᠢᠨ ᠡᠷᠡᠭᠦᠯ ᠮᠡᠨᠳᠦ ᠶᠢᠨ ᠠᠰᠠᠭᠤᠳᠠᠯ ᠳᠠᠭᠠᠨ ᠵᠥᠪ ᠢᠶᠠᠷ ᠬᠠᠨᠳᠤᠵᠤ᠂ ᠪᠡᠶ᠎ᠡ ᠮᠠᠬᠠᠪᠤᠳ ᠬᠠᠪᠤ ᠦᠭᠡᠢ ᠪᠣᠯᠤᠭᠰᠠᠨ ᠤ ᠳᠠᠷᠠᠭᠠᠬᠢ ᠳᠣᠬᠢᠶ᠎ᠠ ᠶᠢ ᠡᠷᠲᠡᠬᠡᠨ ᠣᠯᠵᠤ ᠮᠡᠳᠡᠭᠡᠳ ᠬᠤᠷᠳᠤᠬᠠᠨ ᠠᠷᠭ᠎ᠠ ᠬᠡᠮᠵᠢᠶ᠎ᠡ ᠠᠪᠬᠤ ᠶᠢ ᠰᠠᠨᠠᠭᠤᠯᠤᠶ᠎ᠠ ᠭᠡᠰᠡᠨ ᠶᠤᠮ᠃ ᠲᠡᠭᠡᠪᠡᠯ ᠳᠣᠣᠷᠠᠬᠢ ᠬᠡᠳᠦᠨ ᠰᠡᠷᠡᠮᠵᠢ ᠶᠢᠨ ᠳᠣᠬᠢᠶ᠎ᠠ ᠶᠢ ᠲᠠ ᠣᠯᠵᠤ ᠮᠡᠳᠡᠭᠰᠡᠨ ᠤᠤ︖ ᠬᠡᠪᠡᠯᠢ ᠶᠢᠨ ᠬᠡᠰᠡᠭ ᠮᠠᠷᠢᠶᠠᠯᠠᠬᠤ᠄ 30 - 50 ᠨᠠᠰᠤᠨ ᠤ ᠬᠥᠮᠥᠨ ᠤ ᠬᠡᠪᠡᠯᠢ ᠶᠢᠨ ᠬᠡᠰᠡᠭ ᠮᠠᠷᠢᠶᠠᠯᠠᠬᠤ ᠨᠢ ᠦᠷᠭᠦᠯᠵᠢ ᠴᠢᠰᠤᠨ ᠥᠭᠡᠬᠦ ᠥᠨᠳᠥᠷᠵᠢᠬᠦ᠂ ᠡᠯᠢᠭᠡ ᠥᠭᠡᠬᠦᠯᠡᠬᠦ᠂ ᠴᠢᠰᠤᠨ ᠳᠠᠷᠤᠯᠲᠠ ᠥᠨᠳᠥᠷᠵᠢᠬᠦ ᠪᠠ ᠵᠢᠷᠦᠬᠡᠨ ᠲᠢᠲᠢᠮ ᠤᠨ ᠡᠪᠡᠳᠴᠢᠨ ᠵᠡᠷᠭᠡ ᠲᠠᠢ ᠬᠤᠯᠪᠤᠭ᠎ᠠ ᠲᠠᠢ ᠪᠠᠶᠢᠳᠠᠭ᠃ ᠡᠭᠦᠨ ᠠᠴᠠ ᠭᠠᠳᠠᠨ᠎ᠠ᠂ ᠭᠡᠳᠡᠰᠦ ᠪᠦᠳᠦᠭᠦᠷᠡᠬᠦ ᠨᠢ ᠪᠠᠰᠠ ᠴᠢᠰᠤᠨ ᠰᠢᠬᠢᠷ ᠬᠡᠪ ᠤᠨ ᠪᠤᠰᠤ᠂ ᠲᠠᠮᠠᠬᠢ ᠲᠠᠲᠠᠬᠤ ᠵᠡᠷᠭᠡ ᠰᠢᠯᠲᠠᠭᠠᠨ ᠪᠠ ᠢᠳᠡᠭᠡᠨ ᠤᠮᠳᠠᠭᠠᠨ ᠤ ᠮᠠᠭᠤ ᠳᠠᠳᠬᠠᠯ ᠠᠴᠠ ᠪᠣᠯᠤᠭᠰᠠᠨ ᠪᠠᠶᠢᠵᠤ ᠮᠡᠳᠡᠨ᠎ᠡ᠃ ᠬᠡᠵᠢᠬᠡ ᠤᠨᠠᠬᠤ᠄ ᠠᠵᠢᠯ ᠤᠨ ᠳᠠᠷᠤᠭᠠᠰᠤ ᠨᠡᠮᠡᠭᠳᠡᠬᠦ ᠪᠠ ᠣᠶᠤᠨ ᠰᠠᠨᠠᠭᠠᠨ ᠤ ᠪᠠᠴᠢᠮᠳᠠᠯ ᠠᠴᠠ ᠪᠣᠯᠵᠤ ᠬᠡᠵᠢᠭᠡ ᠤᠨᠠᠳᠠᠭ᠃ ᠡᠭᠦᠨ ᠠᠴᠠ ᠭᠠᠳᠠᠨ᠎ᠠ ᠪᠠᠰᠠ ᠨᠦᠢᠷ ᠬᠤᠯᠵᠢᠬᠤ ᠡᠰᠡᠬᠦᠯ᠎ᠡ ᠬᠡᠲᠦ ᠣᠷᠣᠢ ᠤᠨᠲᠠᠬᠤ ᠵᠡᠷᠭᠡ ᠨᠢ ᠠᠷᠠᠰᠤᠨ ᠤ ᠥᠭᠡᠬᠦ ᠶᠢᠨ ᠱᠦᠭᠦᠷᠡᠯᠲᠡ ᠶᠢ ᠨᠡᠮᠡᠭᠳᠡᠭᠦᠯᠵᠦ᠂ ᠥᠭᠡᠬᠦ ᠨᠡᠪᠴᠢᠬᠦ ᠴᠢᠨᠠᠷᠲᠠᠢ ᠦᠰᠦ ᠤᠨᠠᠬᠤ ᠪᠠᠶᠢᠳᠠᠯ ᠢ ᠡᠭᠦᠰᠬᠡᠳᠡᠭ᠃ ᠪᠠᠰᠠ ᠵᠠᠷᠢᠮ ᠦᠷᠭᠦᠯᠵᠢ ᠲᠣᠬᠢᠶᠠᠯᠳᠤᠳᠠᠭ ᠳᠣᠲᠣᠷ ᠰᠠᠯᠠᠭᠠᠨ ᠤ ᠡᠪᠡᠳᠴᠢᠨ᠂ ᠵᠢᠱᠢᠶᠡᠯᠡᠪᠡᠯ ᠡᠯᠢᠭᠡ ᠪᠥᠭᠡᠷᠡᠨ ᠤ ᠠᠵᠢᠯᠯᠠᠭ᠎ᠠ ᠶᠢᠨ ᠭᠡᠮᠲᠦᠯ ᠵᠢᠴᠢ ᠪᠠᠮᠪᠠᠢ ᠪᠤᠯᠴᠢᠷᠬᠠᠢ᠂ ᠳᠣᠲᠣᠭᠠᠳᠤ ᠱᠦᠭᠦᠷᠡᠯ ᠵᠡᠷᠭᠡ ᠠᠵᠢᠯᠯᠠᠭ᠎ᠠ ᠶᠢᠨ ᠰᠠᠮᠠᠭᠤᠷᠠᠯ ᠠᠴᠠ ᠪᠣᠯᠵᠤ ᠬᠡᠵᠢᠬᠡ ᠤᠨᠠᠳᠠᠭ ᠪᠠᠶᠢᠨ᠎ᠠ᠃ ᠰᠢᠭᠡᠰᠦ ᠠᠯᠳᠠᠬᠤ᠄ 30 - 40 ᠨᠠᠰᠤᠨ ᠤ ᠬᠤᠭᠤᠷᠣᠨᠳᠣᠬᠢ ᠬᠥᠮᠥᠨ ᠪᠠᠶᠢᠨ ᠳᠠᠬᠢᠨ ᠵᠣᠷᠯᠣᠩ ᠳᠤ ᠣᠷᠣᠵᠤ᠂ ᠵᠤᠷᠯᠤᠩ ᠳᠤ ᠣᠷᠣᠬᠤ ᠲᠤᠭ᠎ᠠ ᠨᠢ ᠡᠩ ᠤᠨ ᠬᠥᠮᠥᠨ ᠠᠴᠠ ᠢᠯᠡᠭᠦᠦ ᠪᠠᠶᠢᠬᠤ ᠨᠢ ᠡᠷᠡᠭᠦᠯ ᠮᠠᠨᠲᠦ ᠶᠢᠨ ᠠᠰᠠᠭᠤᠳᠠᠯ ᠣᠷᠣᠰᠢᠵᠤ ᠪᠠᠶᠢᠭ᠎ᠠ ᠶᠢ ᠨᠢᠭᠡ ᠲᠠᠯ᠎ᠠ ᠠᠴᠠ ᠬᠠᠷᠠᠭᠤᠯᠵᠤ ᠪᠠᠶᠢᠳᠠᠭ᠃ ᠤᠰᠤ ᠠᠷᠪᠢᠨ ᠤᠤᠭᠤᠬᠤ᠂ ᠦᠷᠪᠢᠰᠦᠯ ᠵᠡᠷᠭᠡ ᠬᠦᠴᠦᠨ ᠵᠦᠢᠯ ᠠᠴᠠ ᠭᠠᠳᠠᠨ᠎ᠠ᠂ ᠣᠶᠤᠨ ᠰᠠᠨᠠᠭᠠᠨ ᠤ ᠳᠠᠷᠤᠯᠲᠠ ᠨᠢ ᠮᠥᠨ ᠴᠦ ᠪᠠᠶᠢᠨ ᠲᠠᠬᠢᠨ ᠰᠢᠭᠡᠬᠦ ᠶᠢᠨ ᠨᠢᠭᠡᠨ ᠰᠢᠯᠲᠠᠭᠠᠨ ᠪᠣᠯᠣᠨ᠎ᠠ᠂ ᠪᠠᠰᠠ ᠪᠥᠭᠡᠷ᠎ᠡ ᠶᠢᠨ ᠴᠢᠯᠠᠭᠤᠵᠢᠮᠠᠯ ᠪᠤᠶᠤ ᠰᠢᠭᠡᠰᠦ ᠢᠯᠭᠠᠷᠠᠭᠤᠯᠬᠤ ᠰᠢᠰᠲ᠋ᠧᠮ ᠤᠨ ᠡᠪᠡᠳᠴᠢᠨ ᠠᠴᠠ ᠪᠣᠯᠤᠭᠰᠠᠨ ᠪᠠᠶᠢᠵᠤ ᠮᠡᠳᠡᠨ᠎ᠡ᠃ ᠴᠡᠭᠡᠵᠢᠯᠡᠬᠦ ᠴᠢᠳᠠᠪᠤᠷᠢ ᠮᠠᠭᠤᠳᠠᠬᠤ᠄ ᠵᠣᠪᠠᠵᠤ ᠪᠤᠬᠢᠨᠢᠳᠤᠬᠤ᠂ ᠨᠦᠢᠷ ᠬᠤᠯᠵᠢᠵᠤ ᠰᠥᠨᠢᠵᠢᠨ ᠰᠠᠭᠤᠬᠤ ᠪᠠ ᠲᠠᠷᠢᠬᠢ ᠪᠠᠨ ᠬᠡᠲᠦᠷᠡᠲᠡᠯ᠎ᠡ ᠬᠡᠷᠡᠭᠯᠡᠬᠦ ᠵᠡᠷᠭᠡ ᠨᠢ ᠪᠦᠷ ᠴᠡᠭᠡᠵᠢᠯᠡᠬᠦ ᠴᠢᠳᠠᠪᠤᠷᠢ ᠶᠢ ᠳᠣᠷᠦ᠋ᠢᠲᠠᠭᠤᠯᠳᠠᠭ᠃ ᠡᠭᠦᠨ ᠠᠴᠠ ᠭᠠᠳᠠᠨ᠎ᠠ᠂ ᠪᠡᠶ᠎ᠡ ᠶᠠᠳᠠᠷᠠᠬᠤ ᠶᠢ ᠳᠠᠭᠠᠯᠳᠤᠨ ᠭᠠᠳᠠᠭᠠᠳᠤ ᠶᠢᠷᠲᠢᠨᠴᠦ ᠶᠢᠨ ᠬᠡᠷᠡᠭ ᠪᠣᠳᠠᠰ ᠢ ᠰᠡᠷᠭᠡᠭ ᠢᠶᠠᠷ ᠲᠠᠨᠢᠬᠤ ᠬᠡᠮᠵᠢᠶ᠎ᠡ ᠨᠢ ᠪᠠᠭᠤᠷᠠᠵᠤ᠂ ᠴᠡᠭᠡᠵᠢᠯᠡᠬᠦ ᠴᠢᠳᠠᠪᠤᠷᠢ ᠴᠤ ᠮᠠᠭᠤᠳᠠᠳᠠᠭ᠃ ᠴᠡᠭᠡᠵᠢ ᠪᠠᠷ ᠪᠤᠲᠤᠬᠤ ᠴᠢᠳᠠᠪᠤᠷᠢ ᠳᠣᠷᠦ᠋ᠢᠲᠠᠬᠤ᠄ ᠴᠡᠭᠡᠵᠢᠯᠡᠬᠦ ᠴᠢᠳᠠᠪᠤᠷᠢ ᠪᠠᠭᠤᠷᠠᠬᠤ ᠲᠠᠢ ᠠᠳᠠᠯᠢ ᠪᠠᠷ᠂ ᠴᠡᠭᠡᠵᠢ ᠪᠠᠷ ᠪᠤᠳᠤᠬᠤ ᠴᠢᠳᠠᠪᠤᠷᠢ ᠶᠢᠨ ᠮᠠᠭᠤᠳᠠᠬᠤ ᠨᠢ ᠴᠦ ᠰᠥᠨᠢᠵᠢᠨ ᠰᠠᠭᠤᠬᠤ᠂ ᠨᠦᠢᠷ ᠬᠤᠯᠵᠢᠬᠤ ᠵᠡᠷᠭᠡ ᠲᠠᠢ ᠬᠤᠯᠪᠣᠭ᠎ᠠ ᠲᠠᠢ ᠪᠠᠶᠢᠳᠠᠭ᠃ ᠠᠭᠤᠷᠯᠠᠵᠤ ᠳᠣᠭᠰᠢᠷᠠᠬᠤ᠄ ᠡᠨᠡ ᠨᠢ ᠠᠵᠢᠯ ᠤᠨ ᠳᠠᠷᠤᠭᠠᠰᠤ᠂ ᠠᠮᠢᠳᠤᠷᠠᠯ ᠤᠨ ᠨᠤᠬᠤᠴᠠᠭᠠᠨ ᠠᠴᠠ ᠪᠣᠯᠤᠭᠰᠠᠨ ᠪᠠᠶᠢᠵᠤ ᠮᠡᠳᠡᠨ᠎ᠡ᠃ ᠡᠳᠡᠭᠡᠷ ᠢᠯᠡᠷᠡᠯ ᠭᠠᠷᠪᠠᠯ ᠴᠠᠭ ᠲᠤᠬᠠᠢ ᠳᠤᠨᠢ ᠥᠪᠡᠷ ᠤᠨ ᠰᠡᠳᠬᠢᠴᠡ ᠪᠠ ᠠᠵᠢᠯᠯᠠᠵᠤ ᠠᠮᠠᠷᠠᠬᠤ ᠴᠠᠭ ᠢᠶᠠᠨ ᠲᠣᠬᠢᠷᠠᠭᠤᠯᠵᠤ᠂ ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠲᠤᠭᠤᠰᠢᠲᠠᠢ ᠠᠮᠠᠷᠠᠵᠤ ᠪᠣᠯᠣᠨ᠎ᠠ᠃ ᠠᠩᠬᠠᠷᠤᠯ ᠲᠥᠪᠯᠡᠷᠡᠬᠦ ᠦᠭᠡᠢ᠄ ᠡᠨᠡ  ᠨᠢ ᠨᠦᠢᠷ ᠮᠠᠭᠤ ᠠᠴᠠ ᠪᠣᠯᠤᠭᠰᠠᠨ ᠠᠴᠠ ᠭᠠᠳᠠᠨ᠎ᠠ ᠤᠶᠤᠨ ᠰᠠᠨᠠᠭᠠᠨ ᠤ ᠭᠠᠩᠰᠠᠷᠠᠯ ᠲᠠᠢ ᠬᠠᠮᠢᠶ᠎ᠠ ᠲᠠᠢ ᠪᠠᠶᠢᠵᠤ ᠮᠡᠳᠡᠨ᠎ᠡ᠃ ᠰᠡᠳᠬᠢᠯ ᠤᠨ ᠳᠠᠷᠤᠯᠲᠠ ᠶᠡᠭᠡ ᠪᠣᠯ ᠪᠡᠶ᠎ᠡ ᠴᠦ ᠲᠠᠭᠠᠨ ᠮᠠᠭᠤᠳᠠᠵᠤ᠂ ᠤᠷᠮ᠎ᠠ ᠰᠡᠳᠬᠢᠯᠭᠡ ᠶᠢ ᠨᠥᠯᠥᠭᠡᠯᠡᠬᠦ ᠪᠠᠷ ᠪᠠᠷᠠᠬᠤ ᠦᠭᠡᠢ ᠬᠥᠮᠥᠰ ᠤᠨ ᠲᠠᠨᠢᠨ ᠮᠡᠳᠡᠬᠦᠢ ᠶᠢ ᠴᠦ ᠨᠥᠯᠥᠭᠡᠯᠡᠳᠡᠭ᠃ ᠡᠶᠢᠮᠦ ᠠᠴᠠ ᠡᠩ ᠤᠨ ᠠᠮᠢᠳᠤᠷᠠᠯ ᠳᠠᠭᠠᠨ ᠳᠠᠷᠤᠭᠠᠰᠤ ᠪᠠᠨ ᠬᠥᠩᠭᠡᠯᠡᠵᠦ ᠰᠡᠳᠬᠢᠯ ᠢᠶᠠᠨ ᠠᠷᠭᠠᠳᠠᠵᠤ ᠰᠤᠷᠬᠤ ᠨᠢ ᠴᠢᠬᠤᠯᠠ᠃ ᠨᠦᠢᠷ ᠮᠠᠭᠤᠳᠠᠬᠤ᠄ ᠤᠨᠲᠠᠬᠤ ᠴᠠᠭ ᠤᠯᠠᠮ ᠠᠴᠠ ᠤᠯᠠᠮ ᠣᠬᠤᠷ ᠪᠣᠯᠵᠤ᠂ ᠰᠥᠨᠢ ᠳᠡᠭᠡᠨ ᠤᠨᠲᠠᠬᠤ ᠦᠭᠡᠢ᠂ ᠡᠳᠦᠷ ᠲᠡᠭᠡᠨ ᠴᠤᠭ ᠰᠦᠯᠳᠡ ᠦᠭᠡᠢ᠃ ᠡᠳᠡᠭᠡᠷ ᠨᠢ ᠪᠦᠷ ᠣᠶᠤᠨ ᠰᠠᠨᠠᠭᠠᠨ ᠤ ᠰᠠᠮᠠᠭᠤᠷᠠᠯ ᠠᠴᠠ ᠪᠣᠯᠵᠠᠢ᠃ ᠣᠶᠤᠨ ᠰᠠᠨᠠᠭᠠᠨ ᠤ ᠳᠠᠷᠤᠯᠲᠠ ᠶᠡᠭᠡ᠂ ᠰᠠᠨᠳᠤᠷᠤᠯ ᠪᠠᠴᠢᠮᠳᠠᠯ ᠠᠴᠠ ᠪᠣᠯᠵᠤ ᠤᠨᠲᠠᠯᠭ᠎ᠠ ᠶᠢᠨ ᠶᠠᠰᠤ ᠴᠢᠨᠠᠷ ᠳᠣᠷᠣᠭᠰᠢᠯᠠᠨ᠎ᠠ᠃ ᠤᠨᠲᠠᠬᠤ ᠠᠴᠠ ᠪᠠᠨ ᠡᠮᠦᠨ᠎ᠡ ᠬᠥᠭᠵᠢᠮ ᠰᠣᠨᠣᠰᠴᠤ᠂ ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠪᠠᠰᠠ ᠬᠠᠯᠠᠭᠤᠨ ᠤᠰᠤ ᠪᠠᠷ ᠬᠥᠯ ᠢᠶᠠᠨ ᠳᠡᠪᠲᠦᠭᠡᠬᠦ ᠪᠤᠶᠤ ᠨᠢᠭᠡ ᠴᠣᠮᠣ ᠬᠠᠯᠠᠭᠤᠨ ᠰᠦ ᠤᠤᠭᠤᠵᠤ ᠪᠣᠯᠣᠨ᠎ᠠ᠂ ᠡᠨᠡ ᠨᠢ ᠪᠦᠷ ᠤᠨᠲᠠᠯᠭ᠎ᠠ ᠳᠤ ᠬᠠᠪᠰᠤᠷᠤᠮᠵᠢ ᠪᠣᠯᠳᠠᠭ᠃ ᠲᠣᠯᠣᠭᠠᠢ ᠡᠪᠡᠳᠴᠦ ᠴᠢᠬᠢ ᠱᠤᠤᠭᠢᠬᠤ᠄ ᠦᠷᠭᠦᠯᠵᠢ ᠶᠢᠨ ᠴᠢᠨᠠᠷᠲᠠᠢ ᠲᠣᠯᠣᠭᠠᠢ ᠡᠪᠡᠳᠬᠦ᠂ ᠴᠢᠬᠢ ᠱᠤᠤᠭᠢᠬᠤ ᠨᠢ ᠶᠡᠷᠦ ᠳᠡᠭᠡᠨ ᠪᠦᠷ ᠮᠡᠳᠡᠷᠡᠯ ᠤᠨ ᠴᠢᠨᠠᠷᠲᠠᠢ ᠪᠠᠶᠢᠳᠠᠭ᠃ ᠤᠷᠲᠤ ᠬᠤᠭᠤᠴᠠᠭᠠᠨ ᠤ ᠶᠠᠳᠠᠷᠠᠯ ᠵᠦᠳᠡᠷᠡᠯ᠂ ᠣᠶᠤᠨ ᠰᠠᠨᠠᠭᠠᠨ ᠤ ᠳᠠᠷᠤᠯᠲᠠ ᠶᠡᠭᠡ᠂ ᠤᠨᠲᠠᠬᠤ ᠴᠠᠭ ᠬᠦᠷᠦᠯᠴᠡᠬᠦ ᠦᠭᠡᠢ᠂ ᠨᠦᠢᠷ ᠮᠠᠭᠤᠳᠠᠬᠤ ᠵᠡᠷᠭᠡ ᠰᠢᠯᠲᠠᠭᠠᠨ ᠠᠴᠠ ᠪᠣᠯᠤᠭᠰᠠᠨ ᠪᠠᠶᠢᠳᠠᠭ ᠶᠤᠮ᠃ ᠶᠡᠷᠦᠩᠬᠡᠢ ᠳᠤᠨᠢ ᠠᠪᠴᠤ ᠬᠡᠯᠡᠪᠡᠯ᠂ ᠬᠡᠪ ᠤᠨ ᠶᠣᠰᠣᠭᠠᠷ ᠠᠵᠢᠯᠯᠠᠵᠤ ᠠᠮᠠᠷᠠᠨ᠂ ᠢᠳᠡᠭᠡᠨ ᠤᠮᠳᠠᠭᠠᠨ ᠢᠶᠠᠨ ᠰᠠᠶᠢᠲᠤᠷ ᠲᠣᠬᠢᠷᠠᠭᠤᠯᠵᠤ᠂ ᠰᠡᠳᠬᠢᠯ ᠰᠠᠨᠠᠭ᠎ᠠ ᠪᠠᠨ ᠪᠠᠶᠠᠰᠬᠠᠵᠤ᠂ ᠬᠠᠨᠲᠠᠯ᠎ᠠ ᠤᠨᠲᠠᠬᠤ ᠶᠢ ᠪᠠᠲᠤᠯᠠᠪᠠᠯ ᠳᠡᠭᠡᠷ᠎ᠡ ᠶᠠᠷᠢᠭᠰᠠᠨ ᠡᠳᠡᠭᠡᠷ ᠢᠯᠡᠷᠡᠯ ᠠᠭᠠᠵᠢᠮ ᠳᠠᠭᠠᠨ ᠠᠷᠢᠯᠬᠤ ᠪᠣᠯᠣᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号