ᠵᠡᠭᠦᠨ ᠦᠵᠦᠮᠦᠴᠢᠨ ᠬᠤᠰᠢᠭᠤᠨ ᠤ 354 ᠰᠤᠷᠤᠭᠴᠢ ᠶᠡᠭᠡ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠰᠢᠯᠭᠠᠯᠲᠠ ᠳᠤ ᠨᠡᠷ᠎ᠡ ᠮᠡᠳᠡᠭᠦᠯᠪᠡ
ᠨᠡᠶᠢᠲᠡᠯᠡᠭᠰᠡᠨ ᠴᠠᠭ᠄
2024/7/8
      6 ᠰᠠᠷ᠎ᠠ ᠶᠢᠨ 7 ᠤ ᠡᠳᠦᠷ᠂ ᠤᠯᠠᠨ   ᠤ ᠠᠩᠬᠠᠷᠤᠯ ᠢ ᠲᠠᠲᠠᠭᠰᠠᠨ 2024 ᠣᠨ ᠤ ᠶᠡᠭᠡ ᠳᠡᠭᠡᠳᠦ ᠰᠤᠷᠭᠠᠭᠤᠯᠢ ᠶᠢᠨ  ᠰᠣᠷᠣᠭᠴᠢ ᠡᠯᠰᠡᠬᠦ  ᠰᠢᠯᠭᠠᠯᠲᠠ ᠵᠢᠩᠬᠢᠨᠢ ᠪᠠᠷ ᠡᠬᠢᠯᠡᠪᠡ᠃ ᠵᠡᠭᠦᠨ ᠦᠵᠦᠮᠦᠴᠢᠨ ᠬᠤᠰᠢᠭᠤᠨ  ᠤ ᠥᠷᠭᠡᠨ ᠣᠯᠠᠨ ᠰᠤᠷᠤᠭᠴᠢᠳ ᠰᠢᠯᠭᠠᠯᠲᠠ ᠶᠢᠨ ᠲᠠᠯᠠᠪᠠᠢ ᠳᠤ ᠬᠦᠷᠴᠦ᠂ ᠵᠠᠯᠠᠭᠤ ᠨᠠᠰᠤᠨ ᠤ ᠬᠦᠰᠡᠯ ᠵᠡᠭᠦᠳᠦ  ᠶᠢᠨ ᠢᠶᠠᠨ ᠲᠥᠯᠥᠭᠡ ᠡᠷᠡᠯᠬᠡᠭᠯᠡᠨ ᠲᠡᠮᠡᠴᠡᠨ᠎ᠡ᠃      ᠣᠶᠢᠯᠠᠭᠠᠭᠰᠠᠨ ᠢᠶᠠᠷ᠂ 2024 ᠣᠨ ᠳᠤ ᠵᠡᠭᠦᠨ ᠦᠵᠦᠮᠦᠴᠢᠨ ᠬᠤᠰᠢᠭᠤᠨ ᠤ ᠶᠡᠭᠡ ᠳᠡᠭᠡᠳᠦ ᠰᠤᠷᠭᠠᠭᠤᠯᠢ  ᠶᠢᠨ  ᠰᠣᠷᠣᠭᠴᠢ ᠡᠯᠰᠡᠬᠦ ᠰᠢᠯᠭᠠᠯᠲᠠ ᠳᠤ 354 ᠬᠥᠮᠦᠨ ᠨᠡᠷ᠎ᠡ ᠮᠡᠳᠡᠭᠦᠯᠵᠦ᠂ ᠨᠢᠭᠡᠳᠦᠯᠲᠡᠶ ᠰᠢᠯᠭᠠᠯᠲᠠ ᠳᠤ 285 ᠬᠥᠮᠦᠨ ︵69 ᠰᠢᠯᠭᠠᠭᠤᠯᠤᠭᠴᠢ ᠨᠢᠭᠡᠨᠲᠡ ᠲᠤᠰᠠᠭᠠᠷ ᠡᠯᠰᠡᠭᠳᠡᠪᠡ︶ ᠣᠷᠣᠯᠴᠠᠵᠠᠶ᠃ ᠰᠢᠯᠭᠠᠯᠲᠠ ᠶᠢᠨ ᠴᠡᠭ1 ᠶᠢ ᠭᠠᠷᠭᠠᠵᠤ  ᠂ ᠨᠡᠶᠢᠲᠡ 14 ᠰᠢᠯᠭᠠᠯᠲᠠ ᠶᠢᠨ ᠲᠠᠯᠠᠪᠠᠶ᠂ 2 ᠰᠢᠯᠭᠠᠯᠲᠠ ᠶᠢᠨ ᠪᠡᠯᠡᠳᠬᠡᠯ  ᠲᠠᠯᠠᠪᠠᠶ ᠲᠣᠬᠢᠷᠠᠭᠤᠯᠪᠠ᠃      ᠰᠢᠯᠭᠠᠯᠲᠠ ᠶᠢᠨ ᠲᠠᠯᠠᠪᠠᠶ ᠶᠢᠨ ᠭᠠᠳᠠᠨ᠎ᠠ᠂ ᠰᠢᠯᠭᠠᠭᠤᠯᠤᠭᠴᠢᠳ ᠤᠨ ᠠᠪᠤ ᠡᠵᠢ ᠣᠶᠢᠷ᠎ᠠ ᠲᠣᠳᠤᠨᠤ ᠶᠢᠨ ᠬᠦᠮᠦᠰ ᠨᠢ ᠬᠦᠰᠡᠯ ᠮᠦᠷᠦᠭᠡᠳᠦᠯ ᠳᠡᠭᠡᠨ ᠬᠦᠲᠦᠯᠦᠭᠳᠡᠭᠰᠡᠨ ᠬᠡᠤᠬᠡᠳ ᠳᠡᠭᠦᠤ ᠨᠠᠷ ᠤᠨ ᠢᠶᠠᠨ ᠰᠢᠯᠭᠠᠯᠲᠠ ᠶᠢᠨ ᠠᠮᠵᠢᠯᠲᠠ ᠶᠢ ᠬᠦᠰᠡᠨ ᠰᠡᠳᠬᠢᠯ ᠳᠤᠭᠳᠤᠯᠤᠨ ᠬᠦᠯᠢᠶᠡᠵᠡᠭᠡᠨ᠎ᠡ᠃ ᠳᠣᠲᠣᠭᠠᠳᠤ ᠶᠢ ᠬᠠᠮᠠᠭᠠᠯᠠᠬᠤ᠂ ᠵᠠᠮ ᠬᠠᠷᠢᠯᠴᠠᠭᠠᠨ ᠤ ᠴᠠᠭᠳᠠᠭ᠎ᠠ᠂ ᠴᠠᠬᠢᠯᠭᠠᠨ ᠬᠦᠴᠦᠨ᠂ ᠭᠠᠯ ᠰᠡᠷᠭᠡᠶᠢᠯᠡᠵᠦ ᠭᠠᠯ ᠤᠨᠲᠠᠷᠠᠭᠠᠬᠤ᠂ ᠰᠢᠨ᠎ᠡ ᠴᠠᠭ ᠦᠶ᠎ᠡ  ᠶᠢᠨ ᠪᠣᠯᠪᠠᠰᠤᠨ ᠦᠶᠯᠡᠳᠦᠯᠭᠡ ᠶᠢᠨ ᠦᠶᠯᠡᠴᠢᠯᠡᠭᠡᠨ ᠤ ᠲᠥᠪ ᠵᠡᠷᠭᠡ ᠬᠠᠮᠢᠶ᠎ᠠ ᠪᠥᠬᠦᠶ ᠨᠢᠭᠡᠴᠡ ᠶᠢᠨ ᠠᠵᠢᠯᠲᠠᠳ ᠥᠷᠯᠦᠭᠡ ᠡᠷᠲᠡ ᠰᠢᠯᠭᠠᠯᠲᠠ ᠶᠢᠨ ᠲᠠᠯᠠᠪᠠᠶ ᠶᠢᠨ ᠭᠠᠳᠠᠨ᠎ᠠ ᠬᠦᠷᠴᠦ ︿︿ᠶᠡᠭᠡ ᠳᠡᠭᠡᠳᠦ ᠰᠤᠷᠭᠠᠭᠤᠯᠢ ᠶᠢᠨ  ᠰᠣᠷᠣᠭᠴᠢ ᠡᠯᠰᠡᠬᠦ  ᠰᠢᠯᠭᠠᠯᠲᠠ ᠳᠤ ᠲᠤᠰᠠᠯᠠᠬᠤ ᠰᠠᠶᠢᠨ ᠳᠤᠷ᠎ᠠ ᠶᠢᠨ ᠦᠶᠯᠡᠴᠢᠯᠡᠭᠡᠨ ᠤ ᠴᠡᠭ﹀﹀ ᠲᠣᠬᠢᠷᠠᠭᠤᠯᠵᠤ  ᠂ ᠶᠡᠭᠡ ᠳᠡᠭᠡᠳᠦ ᠰᠤᠷᠭᠠᠭᠤᠯᠢ ᠳᠤ ᠰᠢᠯᠭᠠᠭᠤᠯᠬᠤ ᠰᠣᠷᠣᠭᠴᠢᠳ ᠵᠢᠴᠢ ᠬᠡᠷ ᠤᠨ ᠠᠬᠠᠮᠠᠳ ᠲᠤ ᠤᠤᠭᠤᠬᠤ ᠤᠰᠤ᠂ ᠪᠢᠴᠢᠭ ᠤᠨ ᠬᠡᠷᠡᠭᠰᠡᠯ᠂ ᠪᠣᠷᠣᠭᠠᠨ ᠤ ᠰᠢᠬᠦᠷ ᠵᠡᠷᠭᠡ ᠬᠠᠶᠢᠷ᠎ᠠ ᠬᠠᠯᠠᠮᠵᠢ ᠶᠢᠨ ᠡᠳ᠋ ᠪᠣᠳᠠᠰ ᠢ ᠦᠨ᠎ᠡ ᠲᠥᠯᠦᠪᠦᠷᠢ ᠦᠭᠡᠢ ᠪᠠᠷ ᠬᠠᠩᠭᠠᠵᠤ᠂ ᠶᠡᠭᠡ ᠳᠡᠭᠡᠳᠦ ᠰᠤᠷᠭᠠᠭᠤᠯᠢ ᠶᠢᠨ  ᠰᠣᠷᠣᠭᠴᠢ ᠡᠯᠰᠡᠬᠦ ᠰᠢᠯᠭᠠᠯᠲᠠ ᠶᠢᠨ ᠠᠮᠤᠷ ᠲᠦᠪᠰᠢᠨ ᠪᠠ ᠤᠷᠤᠭᠰᠢᠲᠠᠶ ᠶᠠᠪᠤᠭᠳᠠᠬᠤ ᠶᠢ ᠦᠨᠡᠨ ᠬᠦ ᠪᠠᠲᠤᠯᠠᠪᠠ᠃ ᠡᠭᠦᠨ ᠠᠴᠠ ᠭᠠᠳᠠᠨ᠎ᠠ᠂ ᠵᠡᠭᠦᠨ ᠦᠵᠦᠮᠦᠴᠢᠨ ᠬᠤᠰᠢᠭᠤᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ ᠶᠡᠭᠡ ᠳᠡᠭᠡᠳᠦ ᠰᠤᠷᠭᠠᠭᠤᠯᠢ  ᠶᠢᠨ  ᠰᠣᠷᠣᠭᠴᠢ ᠡᠯᠰᠡᠬᠦ  ᠰᠢᠯᠭᠠᠯᠲᠠ ᠶᠢᠨ ᠬᠤᠭᠤᠴᠠᠭᠠᠨ ᠳᠤ ︿︿ᠬᠠᠶᠢᠷ᠎ᠠ ᠬᠠᠯᠠᠮᠵᠢᠲᠦ ᠲᠡᠷᠭᠡᠨ ᠠᠩᠭᠢ﹀﹀  ᠪᠠᠶᠢᠭᠤᠯᠵᠤ 20 ᠭᠠᠷᠤᠶ ᠲᠡᠷᠭᠡ ᠶᠢ ᠣᠷᠤᠯᠴᠠᠭᠤᠯᠤᠨ᠂ ᠰᠢᠯᠭᠠᠭᠤᠯᠤᠭᠴᠢᠳ ᠲᠤ ᠦᠨ᠎ᠡ ᠲᠥᠯᠦᠪᠦᠷᠢ ᠦᠭᠡᠢ ᠦᠢᠯᠡᠴᠢᠯᠡᠭᠦᠯᠦᠨ ᠳᠥᠭᠦᠮ ᠨᠥᠬᠦᠴᠡᠯ ᠢ ᠬᠠᠩᠭᠠᠵᠠᠢ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号