ᠤᠯᠢᠶᠠᠰᠤᠳᠠᠢ ᠪᠠᠯᠭᠠᠰᠤᠨ ᠤ ᠪᠠᠶ᠋ᠬᠠᠷᠬᠡᠲᠦ ᠨᠡᠶᠢᠭᠡᠮ ᠲᠣᠭᠤᠷᠢᠭ  ᠦᠨᠦᠷᠲᠦ ᠬᠠᠪᠲᠠᠭ᠎ᠠ ᠬᠢᠬᠦ ᠭᠠᠷ ᠤᠷᠠᠯᠠᠯ ᠤᠨ ᠬᠦᠳᠡᠯᠭᠡᠭᠡᠨ ᠦᠷᠨᠢᠭᠦᠯᠪᠡ
ᠨᠡᠶᠢᠲᠡᠯᠡᠭᠰᠡᠨ ᠴᠠᠭ᠄
2024/7/5
      ᠲᠤᠮᠳᠠᠳᠦ ᠶᠢᠨ ᠦᠨᠳᠦᠰᠦᠳᠡᠨ ᠤ ᠤᠯᠠᠮᠵᠢᠯᠠᠯᠲᠤ ᠵᠠᠩ ᠦᠶᠯᠡ ᠶᠢ ᠤᠯᠠᠮ ᠨᠢᠭᠡ ᠠᠯᠬᠤᠮ ᠪᠠᠳᠠᠷᠠᠭᠤᠯᠵᠤ᠂ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ ᠤᠨ ᠡᠳᠦᠷ ᠤᠨ ᠵᠠᠩ ᠳᠠᠳᠬᠠᠯ ᠢ ᠣᠶᠢᠯᠠᠭᠠᠨ᠂ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠲᠥᠯᠥᠭᠡ᠂ 6 ᠰᠠᠷ᠎ᠠ ᠶᠢᠨ 7 ᠤ ᠡᠳᠦᠷ᠂ ᠮᠠᠨ ᠤ ᠬᠤᠰᠢᠭᠤᠨ ᠤ ᠪᠠᠶ᠋ᠬᠠᠷᠬᠡᠲᠦ ᠨᠡᠶᠢᠭᠡᠮ ᠲᠣᠭᠤᠷᠢᠭ ᠲᠤ ᠦᠨᠦᠷᠲᠦ ᠬᠠᠪᠲᠠᠭ᠎ᠠ ᠬᠢᠬᠦ ᠭᠠᠷ ᠤᠷᠠᠯᠠᠯ ᠤᠨ ᠬᠦᠳᠡᠯᠭᠡᠭᠡᠨ ᠥᠷᠨᠢᠭᠦᠯᠪᠡ᠃ ᠬᠦᠳᠡᠯᠭᠡᠭᠡᠨ ᠳᠤᠮᠳᠠ᠂ ᠡᠯ᠎ᠡ ᠦᠨᠳᠦᠰᠦᠲᠡᠨ ᠰᠠᠭᠤᠭᠠᠯᠢ ᠠᠷᠠᠳ ᠪᠣᠯᠣᠨ ᠨᠠᠮ ᠤᠨ ᠬᠡᠰᠢᠭᠦᠨ ᠤ ᠲᠥᠯᠥᠭᠡᠯᠡᠭᠴᠢᠳ ᠨᠢᠭᠡ ᠲᠠᠩᠬᠢᠮ ᠳᠤ ᠴᠤᠭᠯᠠᠷᠠᠨ᠂ ᠬᠠᠮᠲᠤ ᠪᠠᠷ ᠦᠨᠦᠷᠲᠦ ᠬᠠᠪᠲᠠᠭ᠎ᠠ ᠬᠢᠵᠦ᠂ ᠠᠮᠤᠷ ᠠᠮᠤᠭᠤᠯᠠᠩ ᠢ ᠡᠳ᠋ᠯᠡᠨ᠂ ᠬᠠᠷᠢᠯᠴᠠᠨ ᠪᠠᠶᠠᠷ ᠤᠨ ᠡᠳᠦᠷ ᠤᠨ ᠢᠷᠦᠭᠡᠯ ᠳᠡᠪᠰᠢᠭᠦᠯᠪᠡ᠃      ᠬᠦᠳᠡᠯᠭᠡᠭᠡᠨ ᠤ ᠲᠠᠯᠠᠪᠠᠶ ᠳᠤ ᠠᠭᠤᠷ ᠠᠮᠢᠰᠬᠤᠯ ᠬᠠᠯᠠᠭᠤᠨ ᠳᠤᠲᠤᠨᠤᠰᠤᠭ᠂ ᠪᠠᠶᠠᠷ ᠬᠥᠷ ᠲᠠᠢ ᠪᠠᠶᠢᠯ᠎ᠠ᠃ ᠬᠥᠮᠥᠰ ᠬᠦᠭᠡᠷᠦᠯᠳᠦᠨ ᠬᠦᠭᠵᠢᠯᠴᠢᠵᠦ᠂ ᠦᠪᠡᠷᠰᠡᠳ ᠢᠶᠠᠨ ᠭᠠᠷ ᠬᠦᠳᠦᠯᠦᠨ ᠨᠢᠭᠡ ᠨᠢᠭᠡ  ᠪᠠᠷ ᠦᠨᠦᠷᠲᠦ ᠬᠠᠪᠲᠠᠭ᠎ᠠ ᠨᠤᠭᠤᠳ ᠢ ᠬᠢᠵᠡᠭᠡᠵᠦ᠂ ᠪᠠᠰᠠ ᠬᠠᠵᠠᠭᠤ ᠳᠡᠷᠭᠡᠳᠡᠬᠢ ᠬᠦᠮᠦᠰ ᠳᠤ ᠪᠠᠨ ᠲᠠᠪᠤᠨ ᠥᠩᠭᠡᠲᠦ ᠳᠡᠭᠡᠰᠦ ᠤᠶᠠᠭᠠᠳ ᠢᠷᠦᠭᠡᠯ ᠵᠥᠩᠨᠡᠯ   ᠢᠶᠠᠨ ᠢᠯᠡᠳᠬᠡᠵᠦ᠂ ᠲᠠᠪᠤᠨ ᠰᠠᠷ᠎ᠠ   ᠶᠢᠨ ᠰᠢᠨ᠎ᠡ   ᠶᠢᠨ ᠲᠠᠪᠤᠨ ᠤ ᠪᠠᠶᠠᠷ ᠢ ᠨᠡᠩ ᠤᠳᠬ᠎ᠠ ᠠᠭᠤᠯᠭ᠎ᠠ ᠲᠠᠢ ᠪᠥᠭᠡᠳ ᠮᠠᠷᠲᠠᠭᠳᠠᠰᠢ ᠦᠭᠡᠢ ᠥᠩᠭᠡᠷᠡᠭᠦᠯᠵᠡᠢ᠃      ᠵᠢᠵᠢᠭᠬᠡᠨ ᠦᠨᠦᠷᠲᠦ ᠬᠠᠪᠲᠠᠭᠠᠨ ᠳᠤ ᠭᠦᠨ ᠵᠤᠵᠠᠭᠠᠨ ᠰᠣᠶᠣᠯ ᠤᠨ ᠠᠭᠤᠯᠬᠤᠨ ᠪᠠ ᠬᠥᠮᠥᠰ ᠤᠨ ᠬᠠᠶᠢᠷ᠎ᠠ ᠰᠡᠳᠬᠢᠯᠭᠡ ᠶᠢᠨ ᠨᠠᠶᠢᠳᠠᠯᠭ᠎ᠠ ᠠᠭᠤᠯᠤᠭᠳᠠᠵᠤ ᠪᠠᠶᠢᠳᠠᠭ᠃ ᠦᠨᠦᠷᠲᠦ ᠬᠠᠪᠲᠠᠭ᠎ᠠ ᠬᠢᠬᠦ ᠪᠠ ᠵᠡᠭᠦᠬᠦ ᠨᠢ ᠵᠠᠩ ᠳᠠᠳᠬᠠᠯ ᠤᠨ ᠤᠯᠠᠮᠵᠢᠯᠠᠯ ᠲᠡᠳᠦᠢ ᠪᠢᠰᠢ᠂ ᠨᠠᠩ ᠴᠤ ᠬᠠᠶᠢᠷ᠎ᠠ ᠰᠡᠳᠬᠢᠯᠭᠡ ᠶᠢᠨ ᠲᠦᠰᠢᠭ ᠪᠣᠯᠵᠤ᠂ ᠪᠢᠳᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠬᠥᠭᠡᠭᠡᠴᠡᠯᠳᠦᠯ ᠢ ᠲᠥᠯᠥᠭᠡᠯᠡᠵᠦ ᠪᠠᠶᠢᠳᠠᠭ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号