1791 ᠣᠨ ᠳᠤ ᠲᠡᠭᠷᠢ ᠲᠡᠳᠬᠦᠭᠴᠢ ᠬᠠᠭᠠᠨ ᠬᠠᠶᠠᠩᠬᠢᠷᠸ᠎ᠠ ᠰᠦᠮ᠎ᠡ ᠳᠤ ᠮᠤᠩᠭᠤᠯ ︽ᠳ᠋ᠠᠨᠵᠤᠤᠷ︾ | ᠬᠡᠮᠡᠬᠦ ᠠᠪᠤᠷᠭᠤ ᠰᠤᠳᠤᠷ ᠢ ᠱᠠᠩᠨᠠᠨ ᠦᠭᠬᠦᠭᠰᠡᠨ ᠠᠴᠠ ᠡᠳᠦᠭᠡ ᠬᠦᠷᠳᠡᠯ᠎ᠡ ᠬᠤᠶᠠᠷ ᠵᠠᠭᠤ ᠭᠠᠷᠤᠢ ᠵᠢᠯ ᠤᠨ | ᠲᠡᠦᠬᠡ ᠲᠠᠢ ᠪᠤᠯᠪᠠ᠃ ᠮᠤᠩᠭᠤᠯ ︽ᠳ᠋ᠠᠨᠵᠤᠤᠷ︾ ᠰᠤᠳᠤᠷ ᠪᠤᠯ ᠪᠤᠷᠬᠠᠨ ᠱᠠᠰᠢᠨ ᠤ ᠳᠡᠯᠡᠭᠡᠢ ᠳᠤ ᠠᠯᠳᠠᠷᠲᠠᠢ ᠶᠡᠭᠡ | ᠬᠦᠯᠭᠡᠨ ᠰᠤᠳᠤᠷ ᠪᠤᠯᠤᠨ᠎ᠠ᠃ ᠲᠡᠷᠡ ᠨᠢ ᠮᠠᠨ ᠤ ᠤᠯᠤᠰ ᠤᠨ ᠮᠤᠩᠭᠤᠯ᠂ ᠲᠦᠪᠡᠳ᠂ ᠮᠠᠨᠵᠤ᠂ ᠬᠢᠳᠠᠳ ᠵᠡᠷᠭᠡ | ᠣᠯᠠᠨ ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠠᠪᠤᠷᠭᠤ ᠪᠦᠳᠦᠭᠡᠯ ᠪᠤᠯᠬᠤ ᠪᠠᠷ ᠦᠯᠦ ᠪᠠᠷᠠᠨ᠂ | ᠮᠤᠩᠭᠤᠯᠴᠤᠳ ᠤᠨ ᠳᠤᠮᠳᠠ ᠪᠤᠷᠬᠠᠨ ᠱᠠᠰᠢᠨ ᠤ ᠬᠦᠭᠵᠢᠯᠲᠡ ᠶᠢᠨ ᠲᠦᠪᠯᠡᠷᠡᠭᠰᠡᠨ ᠢᠯᠡᠷᠡᠯ ᠪᠣᠯᠬᠤ ᠪᠦᠭᠡᠳ | ᠮᠤᠩᠭᠤᠯ ᠰᠤᠶᠤᠯ ᠤᠨ ᠲᠡᠦᠬᠡᠨ ᠳᠠᠬᠢ ᠣᠷᠴᠢᠭᠤᠯᠭ᠎ᠠ ᠶᠢᠨ ᠠᠪᠤᠷᠭᠤ᠂ ᠪᠠᠷᠯᠠᠯ ᠬᠡᠪᠯᠡᠯ ᠤᠨ ᠠᠪᠤᠷᠭᠤ ᠪᠦᠳᠦᠭᠡᠯ | ᠪᠤᠯᠬᠤ ᠶᠤᠮ᠃ ︽ᠳ᠋ᠠᠨᠵᠤᠤᠷ︾ ᠳᠤ ᠪᠤᠷᠬᠠᠨ ᠱᠠᠰᠢᠨ᠂ ᠬᠠᠤᠯᠢ ᠳᠦᠷᠢᠮ᠂ ᠶᠤᠰᠤ ᠰᠤᠷᠳᠠᠬᠤᠨ ᠤ ᠵᠦᠢᠯ | ᠠᠭᠤᠯᠤᠭᠳᠠᠵᠤ ᠪᠠᠶᠢᠬᠤ ᠠᠴᠠ ᠭᠠᠳᠠᠨ᠎ᠠ ᠪᠠᠰᠠ ᠬᠦᠨ ᠤᠬᠠᠭᠠᠨ᠂ ᠯᠤᠬᠢᠭ ᠵᠦᠢ᠂ ᠬᠡᠯᠡ ᠵᠦᠢ᠂ ᠰᠢᠯᠦᠭ | ᠲᠠᠭᠤᠯᠠᠯ᠂ ᠤᠷᠠᠨ ᠵᠢᠷᠤᠭ᠂ ᠲᠡᠭᠷᠢ ᠶᠢᠨ ᠵᠦᠢ᠂ ᠴᠠᠭ ᠤᠯᠠᠷᠢᠯ᠂ ᠡᠮ ᠡᠮᠨᠡᠯᠭᠡ᠂ ᠭᠠᠷ ᠤᠷᠠᠯᠠᠯ ᠵᠡᠷᠭᠡ ᠤᠯᠠᠨ | ᠠᠷᠪᠢᠨ ᠬᠦᠷᠢᠶ᠎ᠡ ᠬᠡᠪᠴᠢᠶᠡᠨ ᠤ ᠠᠭᠤᠯᠭ᠎ᠠ ᠶᠢ ᠪᠠᠭᠳᠠᠭᠠᠵᠤ ᠪᠠᠶᠢᠳᠠᠭ᠃ | 1791 ᠣᠨ ᠳᠤ᠂ ᠮᠠᠨᠵᠤ ᠶᠢᠨ ᠲᠡᠭᠷᠢ ᠲᠡᠳᠬᠦᠭᠴᠢ ᠬᠠᠭᠠᠨ ᠠᠴᠠ ᠮᠤᠩᠭᠤᠯ ᠤᠨ ᠶᠡᠭᠡ ᠬᠦᠯᠭᠡᠨ ᠰᠤᠳᠤᠷ | — ︽ᠳ᠋ᠠᠨᠵᠤᠤᠷ︾ ᠪᠤᠯᠤᠨ ᠲᠡᠷᠢᠬᠦᠨ ᠯᠠᠮᠠ ᠶᠢᠨ ᠲᠠᠮᠠᠭ᠎ᠠ ᠬᠤᠶᠠᠷ ᠢ ᠬᠦᠪᠡᠭᠡᠲᠦ ᠰᠢᠷ᠎ᠠ ᠬᠤᠰᠢᠭᠤᠨ ᠤ | ᠬᠠᠶᠠᠩᠬᠢᠷᠸ᠎ᠠ ᠰᠦᠮ᠎ᠡ ᠶᠢᠨ ᠬᠤᠶᠠᠳᠤᠭᠠᠷ ᠲᠦᠷᠢ ᠶᠢᠨ ᠬᠡᠬᠡᠨ ᠰᠡᠴᠡᠨ ᠴᠤᠷᠵᠢ ᠳᠤᠷ ᠱᠠᠩᠨᠠᠵᠠᠢ᠃ ᠲᠤᠬᠠᠢ ᠶᠢᠨ | ᠦᠶ᠎ᠡ ᠳᠤ ᠰᠦᠮ᠎ᠡ ᠶᠢᠨ ᠬᠠᠮᠢᠶᠠᠷᠤᠯᠲᠠ ᠰᠠᠶᠢᠨ ᠪᠠᠶᠢᠭᠰᠠᠨ ᠲᠤᠯᠠ ᠮᠤᠩᠭᠤᠯ ︽ᠳ᠋ᠠᠨᠵᠤᠤᠷ︾ ᠢ ᠮᠠᠰᠢ ᠰᠠᠶᠢᠨ | ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠶᠤᠮ᠃ ᠡᠳᠦᠬᠡ ᠲᠡᠯᠡᠭᠡᠢ ᠲᠡᠭᠡᠷ᠎ᠡ ᠮᠤᠩᠭᠤᠯ ︽ᠳ᠋ᠠᠨᠵᠤᠤᠷ︾ ᠨᠢ | ᠲᠤᠮᠳᠠᠳᠤ ᠤᠯᠤᠰ ᠲᠤ ᠬᠤᠶᠠᠷ ᠢᠵᠢ᠂ ᠮᠤᠩᠭᠤᠯ ᠤᠯᠤᠰ ᠲᠤ ᠨᠢᠭᠡ ᠢᠵᠢ ᠨᠡᠶᠢᠲᠡ ᠭᠤᠷᠪᠠᠭ᠋ᠠᠨ ᠢᠵᠢ | ᠬᠠᠳᠠᠭᠠᠯᠠᠭᠳᠠᠵᠤ ᠪᠤᠢ᠃ ᠡᠬᠦᠨ ᠤ ᠲᠤᠳᠤᠷ᠎ᠠ ᠬᠠᠶᠠᠩᠬᠢᠷᠸ᠎ᠠ ᠰᠦᠮ᠎ᠡ ᠳᠤ ᠬᠠᠳᠠᠭᠠᠯᠠᠭᠳᠠᠵᠤ ᠪᠠᠶᠢᠭᠰᠠᠨ ︽ | ᠳ᠋ᠠᠨᠵᠤᠤᠷ︾ ᠨᠢ ᠴᠠᠭᠠᠰᠤ ᠨᠢ ᠨᠠᠷᠢᠯᠢᠭ᠂ ᠦᠰᠦᠭ ᠨᠢ ᠲᠤᠳᠤ᠂ ᠵᠢᠷᠤᠭ ᠤᠷᠠᠯᠠᠯ ᠨᠢ ᠭᠤᠶᠤᠮᠰᠤᠭ᠂ ᠪᠦᠷᠢᠨ | ᠪᠦᠳᠦᠨ ᠬᠠᠳᠠᠭᠠᠯᠠᠭᠳᠠᠵᠤ ᠢᠷᠡᠭᠰᠡᠨ ᠢᠶᠠᠷ ᠢᠶᠠᠨ ᠬᠠᠮᠤᠭ ᠤᠨ ᠰᠠᠶᠢᠨ ᠨᠢᠭᠡᠨ ᠢᠵᠢ ᠶᠤᠮ᠃ | ᠲᠤᠰ ᠪᠡᠭᠡᠵᠢᠩ ᠮᠤᠳᠤᠨ ᠪᠠᠷ ᠤᠨ ᠮᠤᠩᠭᠤᠯ ︽ᠳ᠋ᠠᠨᠵᠤᠤᠷ︾ ᠤᠨ ᠵᠢᠷᠤᠭ ᠤᠷᠠᠯᠠᠯ ᠨᠢ ᠮᠠᠰᠢ ᠭᠤᠶᠤ | ᠬᠡᠬᠡᠨᠴᠢᠷ ᠪᠠᠶᠢᠵᠤ᠂ ᠪᠤᠳᠢ ᠪᠦᠷᠢ ᠶᠢᠨ ᠬᠠᠪᠳᠠᠰᠤ ᠮᠤᠳᠤᠨ ᠤ ᠳᠤᠳᠤᠷ᠎ᠠ ᠲᠠᠯ᠎ᠠ ᠪᠠ ᠪᠤᠳᠢ ᠶᠢᠨ ᠡᠬᠢᠨ ᠳᠤ ᠪᠦᠷ | ᠦᠩᠭᠡ ᠮᠢᠷᠠᠯᠵᠠᠭᠰᠠᠨ ᠵᠢᠷᠤᠮᠠᠯ ᠪᠤᠷᠬᠠᠨ ᠤ ᠬᠦᠷᠦᠭ ᠤᠳ ᠪᠠᠶᠢᠵᠤ᠂ ᠨᠠᠶᠢᠲᠡ 1120 ᠬᠤᠪᠢ ᠪᠤᠷᠬᠠᠨ ᠤ | ᠦᠩᠭᠡᠲᠦ ᠵᠢᠷᠤᠮᠠᠯ ᠬᠦᠷᠦᠭ ᠲᠠᠢ ᠶᠤᠮ᠃ ᠡᠳᠡᠭᠡᠷ ᠦᠩᠭᠡᠲᠦ ᠪᠤᠷᠬᠠᠨ ᠤ ᠬᠦᠷᠦᠭ ᠵᠢᠷᠤᠭ ᠢ ᠠᠯᠲᠠ᠂ ᠮᠦᠩᠬᠦ᠂ | ᠱᠢᠷᠦ᠂ ᠰᠤᠪᠤᠳ᠂ ᠤᠭ᠍ᠶᠤ᠂ ᠨᠤᠮᠢᠨ᠂ ᠯᠠᠪᠠᠢ᠂ ᠵᠡᠰ᠂ ᠭᠠᠩ ᠵᠡᠷᠭᠡ ᠡᠷᠳᠡᠨᠢᠰ ᠢ ᠨᠠᠶᠢᠷᠠᠭᠤᠯᠵᠤ ᠵᠢᠷᠤᠵᠤ | ᠪᠦᠳᠦᠭᠡᠭᠰᠡᠨ ᠶᠤᠮ᠃ ᠡᠳᠡᠭᠡᠷ ᠬᠦᠷᠦᠭ ᠵᠢᠷᠤᠭ ᠢ ᠪᠤᠷᠬᠠᠨ ᠪᠦᠷᠢ ᠶᠢᠨ ᠬᠡᠪ ᠨᠠᠮᠪᠠ ᠪᠠ ᠬᠦᠷᠦᠭ ᠵᠢᠷᠤᠭ ᠢ | ᠪᠦᠳᠦᠭᠡᠨ ᠵᠢᠷᠤᠬᠤ ᠤᠨᠤᠯ ᠤᠨ ᠵᠤᠬᠢᠶᠠᠯ ︽ᠪᠡᠶ᠎ᠡ ᠰᠡᠳᠬᠢᠯ ᠤᠨ ᠬᠤᠪᠢ ᠬᠡᠮᠵᠢᠶᠡᠨ ᠤᠷᠤᠰᠢᠪᠠ︾᠂ ︽ | ᠲᠤᠭᠤᠯᠤᠭᠰᠠᠨ ᠪᠤᠷᠬᠠᠨ ᠤ ᠨᠤᠮᠯᠠᠭᠰᠠᠨ ᠪᠡᠶ᠎ᠡ ᠲᠦᠷᠰᠦ ᠶᠢᠨ ᠬᠡᠮᠵᠢᠶᠡᠨ ᠤ ᠲᠠᠶᠢᠯᠪᠦᠷᠢ ᠬᠡᠮᠡᠬᠦ︾᠂ ︽ᠵᠢᠷᠤᠭ ᠤᠨ | ᠪᠡᠯᠭᠡ ᠴᠢᠨᠠᠷ ᠤᠷᠤᠰᠢᠪᠠ︾᠂ ︽ᠪᠡᠶ᠎ᠡ ᠶᠢᠨ ᠲᠦᠷᠰᠦ ᠬᠦᠷᠦᠭ ᠬᠡᠮᠵᠢᠶᠡᠨ ᠤ ᠪᠡᠯᠭᠡ ᠴᠢᠨᠠᠷ ᠬᠡᠮᠡᠭᠳᠡᠬᠦ︾ ᠵᠡᠷᠭᠡ ᠳᠤ | ᠲᠤᠭᠳᠠᠭᠤᠨ ᠨᠤᠮᠯᠠᠭᠰᠠᠨ ᠶᠤᠰᠤ ᠪᠠᠷ ᠭᠤᠶᠤ ᠰᠠᠶᠢᠬᠠᠨ ᠤᠷᠠᠯᠢᠭ ᠤᠨ ᠬᠡᠪ ᠨᠠᠮᠪᠠ ᠲᠠᠢ ᠵᠢᠷᠤᠵᠤ ᠪᠦᠳᠦᠭᠡᠪᠡ᠃ | ᠪᠠᠰᠠ ᠪᠤᠳᠢ ᠪᠦᠷᠢ ᠶᠢᠨ ᠭᠠᠳᠠᠷ ᠲᠠᠯ᠎ᠠ ᠳᠤ ᠨᠠᠢᠮᠠᠨ ᠲᠠᠬᠢᠯ ᠤᠨ ᠵᠢᠷᠤᠭ ᠲᠠᠢ ᠪᠠᠶᠢᠳᠠᠭ᠃ ᠪᠤᠳᠢ ᠶᠢᠨ ᠦᠰᠦᠭ ᠤᠨ | ᠰᠡᠶᠢᠯᠪᠦᠷᠢ ᠨᠢ ᠴᠤ ᠲᠡᠷᠢ ᠲᠡᠭᠰᠢ᠂ ᠭᠤᠶᠤ ᠦᠵᠡᠮᠦᠷᠢ ᠲᠠᠢ ᠪᠠᠶᠢᠳᠠᠭ᠃ ᠡᠳᠡᠭᠡᠷ ᠨᠢ ᠲᠤᠬᠠᠢ ᠶᠢᠨ ᠦᠶ᠎ᠡ ᠶᠢᠨ | ᠤᠷᠠᠨ ᠵᠢᠷᠤᠭ᠂ ᠰᠢᠷ ᠪᠤᠳᠤᠭ᠂ ᠪᠠᠷ ᠬᠡᠪᠯᠡᠯ ᠤᠨ ᠤᠷ᠎ᠠ ᠮᠡᠷᠭᠡᠵᠢᠯ ᠢ ᠰᠤᠳᠤᠯᠬᠤ ᠳᠤ ᠴᠢᠬᠤᠯᠠ ᠯᠠᠪᠯᠠᠯᠲᠠ ᠪᠤᠯᠪᠠ᠃ | ᠡᠳᠦᠭᠡ ᠡᠨᠡ ᠰᠤᠳᠤᠷ ᠢ ᠥᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ | ᠰᠠᠩ ᠳᠤ ᠬᠠᠳᠠᠭᠠᠯᠠᠵᠤ ᠪᠤᠢ᠃ | 2007 ᠣᠨ ᠳᠤ᠂ ᠬᠦᠪᠡᠭᠡᠲᠦ ᠰᠢᠷ᠎ᠠ ᠬᠤᠰᠢᠭᠤ ᠨᠢ ︽ᠮᠤᠩᠭᠤᠯ ︿ᠳ᠋ᠠᠨᠵᠤᠤᠷ﹀ ᠢ ᠥᠪᠯᠡᠭᠰᠡᠨ ᠲᠠᠭᠰᠢᠨ | ᠤᠷᠤᠨ︾ ᠢᠶᠠᠷ ᠵᠦᠪᠰᠢᠶᠡᠷᠡᠨ ᠨᠡᠷᠡᠶᠢᠳᠦᠭᠳᠡᠪᠡ᠃ ᠬᠠᠶᠠᠩᠬᠢᠷᠸ᠎ᠠ ᠰᠦᠮ᠎ᠡ ᠨᠢ ᠮᠤᠩᠭᠤᠯ ︽ᠳ᠋ᠠᠨᠵᠤᠤᠷ︾ ᠢ | ᠥᠪᠯᠡᠭᠰᠡᠨ ᠠᠩᠬᠠᠨ ᠤ ᠰᠦᠮ᠎ᠡ ᠪᠣᠯᠵᠠᠢ᠃ ᠬᠦᠪᠡᠭᠡᠲᠦ ᠰᠢᠷ᠎ᠠ ᠬᠤᠰᠢᠭᠤ ᠨᠢ ᠲᠤᠰ ᠦᠨᠡᠳᠦ ᠲᠡᠦᠬᠡᠨ ᠰᠤᠳᠤᠷ ᠢ | ᠦᠨᠢᠲᠡ ᠲᠤᠷᠠᠰᠬᠠᠬᠤ ᠶᠢᠨ ᠲᠤᠯᠠᠳᠠ 2007 ᠣᠨ ᠳᠤ ᠬᠠᠶᠠᠩᠬᠢᠷᠸ᠎ᠠ ᠰᠦᠮ᠎ᠡ ᠶᠢᠨ ᠵᠡᠬᠦᠨ ᠬᠤᠶᠢᠲᠤ | ᠠᠭᠤᠯᠠ ᠶᠢᠨ ᠤᠷᠤᠢ ᠲᠡᠭᠡᠷ᠎ᠡ ︽ᠳ᠋ᠠᠨᠵᠤᠤᠷ︾ ᠤᠨ ᠲᠤᠷᠠᠰᠬᠠᠯ ᠤᠨ ᠬᠦᠰᠢᠶ᠎ᠡ ᠪᠤᠰᠬᠠᠭᠰᠠᠨ ᠶᠤᠮ᠃ ᠡᠨᠡ | ᠬᠦᠰᠢᠶ᠎ᠡ ᠨᠢ ᠰᠦᠮ᠎ᠡ ᠶᠢᠨ ᠠᠷᠤ ᠳᠤ ᠰᠦᠨᠳᠡᠷᠯᠡᠬᠦ ᠪᠧᠲ᠋ᠧ ᠤᠪᠤᠭᠠᠨ ᠤ ᠵᠡᠬᠦᠨ ᠡᠮᠦᠨ᠎ᠡ ᠲᠠᠯ᠎ᠠ ᠳᠤ ᠪᠠᠶᠢᠷᠢᠰᠢᠵᠦ | ᠪᠠᠶᠢᠳᠠᠭ᠃ ᠨᠤᠲᠤᠭ ᠤᠨ ᠬᠦᠮᠦᠰ ︽ᠳ᠋ᠠᠨᠵᠤᠤᠷ ᠤᠪᠤᠭ᠎ᠠ︾ ᠬᠡᠮᠡᠨ ᠬᠦᠨᠳᠦᠳᠬᠡᠨ ᠲᠠᠭᠤᠳᠠᠳᠠᠭ᠃ |