ᠲᠦᠷᠪᠡᠨ ᠴᠠᠭ ᠢ ᠰᠤᠳᠤᠷ ᠪᠤᠯᠳᠠᠯ᠎ᠠ᠂ ᠲᠠᠯ᠎ᠠ ᠬᠠᠩᠭᠠᠢ ᠪᠠᠨ ᠲᠡᠦᠬᠡ ᠪᠤᠯᠳᠠᠯ᠎ᠠ ᠵᠢᠳᠬᠦᠨ ᠲᠡᠮᠡᠦᠯᠵᠦ | ᠢᠷᠡᠭᠰᠡᠨ ᠬᠠᠰᠠᠭ ᠲᠡᠷᠭᠡ ᠮᠢᠨᠤ᠃ ᠨᠢᠭᠡ ᠬᠦᠷᠳᠦ ᠨᠢ ᠨᠠᠷᠠᠨ ᠤ ᠭᠡᠷᠡᠯ᠂ ᠨᠦᠭᠦᠭᠡ ᠬᠦᠷᠳᠦ ᠨᠢ ᠰᠠᠷᠠᠨ ᠤ ᠲᠤᠶᠠᠭ᠎ᠠ | ᠭᠡᠵᠦ ᠲᠥᠰᠥᠭᠡᠯᠡᠨ ᠪᠤᠳᠤᠬᠤ ᠳᠤ ᠣᠨ ᠵᠠᠭᠤᠨ ᠤ ᠲᠡᠷᠲᠡᠭᠡ ᠠᠴᠠ ︽ᠣᠷᠣᠰᠢᠬᠤᠢ︾ ᠬᠡᠮᠡᠬᠦ ᠨᠢᠭᠡᠨ | ᠠᠮᠢᠳᠤᠷᠠᠯ ᠤᠨ ᠲᠣᠮᠢᠶ᠎ᠠ ᠶᠢ ᠡᠬᠡ ᠭᠠᠵᠠᠷ ᠤᠨ ᠬᠥᠷᠥᠰᠥᠨ ᠳᠡᠭᠡᠷ᠎ᠡ ᠪᠦᠲᠦᠨ ᠲᠡᠷᠭᠡᠯ ᠠᠮᠢᠯᠠᠲᠠᠯ᠎ᠠ ᠵᠢᠷᠤᠵᠤ᠂ | ᠬᠥᠮᠥᠨ ᠵᠤᠨ ᠤ ᠥᠭᠰᠥᠵᠦ ᠥᠭᠡᠳᠡᠯᠡᠬᠦ ᠶᠢᠨ ᠭᠡᠭᠡᠨ ᠰᠠᠷᠠᠭᠤᠯ ᠵᠠᠮ ᠢ ᠨᠡᠭᠡᠭᠡᠭᠰᠡᠨ ᠪᠠᠶᠢᠵᠤ ᠳ᠋ᠠ︕ | ᠬᠤᠯᠠ ᠳᠠᠭᠠᠨ ᠮᠥᠭᠡᠷᠡᠯᠳᠦᠬᠦ ᠦᠬᠡᠷ ᠤᠨ ᠰᠦᠷᠦᠭ ᠢ ᠬᠠᠷᠠᠬᠤ ᠳᠤ ᠬᠠᠰᠠᠭ ᠢᠶᠠᠨ ᠴᠢᠷᠦᠭᠰᠡᠨ ᠠᠷᠠᠯ ᠤᠨ | ᠱᠠᠷ ᠤᠨ ᠴᠢᠨᠢ ᠰᠡᠷᠡᠶᠢᠭᠰᠡᠨ ᠬᠤᠶᠠᠷ ᠡᠪᠡᠷ ᠢᠶᠠᠷ ᠢᠶᠠᠨ ᠲᠡᠭᠷᠢ ᠳᠡᠭᠡᠷ᠎ᠡ ᠲᠠᠲᠠᠯᠠᠭᠰᠠᠨ ᠦᠰᠦᠭ ᠤᠳ ᠨᠢ ᠰᠥᠨᠢ ᠶᠢᠨ | ᠬᠠᠷᠠᠩᠭᠤᠢ ᠳᠤ ᠣᠴᠢᠯᠠᠨ ᠲᠦᠭᠡᠭᠰᠡᠨ ᠤᠳᠤᠨ ᠮᠡᠴᠢᠳ ᠪᠣᠯᠵᠤ ᠬᠠᠷᠠᠭᠠᠨ ᠳᠤ ᠡᠷᠬᠡᠯᠡᠨ ᠲᠣᠷᠮᠣᠯᠵᠠᠨᠠ᠃ | ᠪᠥᠮᠪᠥᠷᠴᠡᠭ ᠢᠶᠠᠨ ᠭᠡᠰᠡᠨ ᠪᠦᠯᠢᠶᠡᠨ ᠳᠤᠯᠠᠭᠠᠨ ᠬᠠᠶᠢᠷ᠎ᠠ ᠴᠢ ᠪᠠᠶᠢᠵᠠᠢ᠃ ᠪᠦᠭᠦᠳᠡᠭᠡᠷ ᠢᠶᠠᠨ ᠡᠷᠬᠡ ᠲᠡᠭᠰᠢ | ᠣᠷᠣᠰᠢᠬᠤ ᠶᠢ ᠬᠦᠰᠡᠨ ᠡᠷᠡᠮᠡᠯᠵᠡᠯᠡᠭᠰᠡᠨ ᠪᠣᠰᠤᠭ᠎ᠠ ᠢᠲᠡᠭᠡᠯ ᠴᠦ ᠴᠢ ᠪᠠᠶᠢᠵᠠᠢ᠃ ᠡᠩᠬᠡ ᠲᠠᠶᠢᠪᠤᠩ᠂ ᠡᠶ᠎ᠡ | ᠨᠠᠶᠢᠷᠰᠠᠭ ᠢ ᠮᠥᠩᠬᠡᠯᠡᠬᠦ ᠭᠡᠵᠦ ᠳᠣᠷᠣᠨᠠᠲᠤ ᠥᠨᠳᠦᠷᠯᠢᠭ ᠤᠨ ᠰᠡᠭᠡᠷ ᠨᠢᠷᠤᠭᠤᠨ ᠠᠴᠠ ᠬᠠᠩᠭᠢᠷ ᠴᠢᠩᠭᠢᠷ | ᠰᠠᠵᠢᠯᠠᠭᠰᠠᠭᠠᠷ ᠳᠡᠯᠡᠬᠡᠢ ᠵᠦᠭ ᠭᠡᠷᠡᠯ ᠪᠣᠯᠵᠤ ᠤᠷᠤᠰᠤᠭᠰᠠᠨ ᠠ᠋ ᠴᠢ᠃ ᠲᠠᠯ᠎ᠠ ᠶᠢᠨ ᠲᠡᠨᠵᠢᠨ ᠠᠴᠠ ᠨᠤᠮᠤᠯᠵᠠᠨ | ᠲᠠᠲᠠᠭᠰᠠᠨ ᠲᠤᠯᠤᠭᠠᠨ ᠥᠩᠭᠡ ᠶᠢᠨ ᠰᠣᠯᠣᠩᠭ᠎ᠠ ᠪᠣᠯᠵᠤ ᠰᠠᠴᠤᠷᠠᠭᠰᠠᠨ ᠠ᠋ ᠴᠢ︕ | ᠲᠠᠮ ᠶᠠᠰᠢᠩ᠂ ᠲᠦᠷᠪᠡᠨ ᠭᠤᠳᠣᠢ᠂ ᠢᠯᠠᠤ ᠁ ᠲᠡᠷᠡ ᠪᠦᠭᠦᠨ ᠲᠡᠭᠷᠢ ᠶᠢᠨ ᠵᠦᠢ᠂ ᠭᠠᠵᠠᠷ ᠤᠨ | ᠵᠢᠷᠤᠬᠠᠢ ᠳᠤ ᠵᠣᠬᠢᠴᠠᠭᠤᠯᠵᠤ ᠡᠭᠦᠳᠦᠨ ᠪᠦᠲᠦᠭᠡᠭᠰᠡᠨ ᠡᠪᠦᠭᠡ ᠳᠡᠭᠡᠳᠦᠰ ᠤᠨ ᠮᠠᠨᠢ ᠰᠡᠳᠬᠢᠬᠦᠢ ᠶᠢᠨ ᠠᠭᠤᠳᠠᠮ ᠵᠠᠢ᠂ | ᠰᠡᠳᠬᠢᠯ ᠤᠨ ᠭᠦᠨ ᠪᠠᠭᠲᠠᠭᠠᠮᠵᠢ᠂ ᠠᠮᠢᠳᠤᠷᠠᠯ ᠤᠨ ᠯᠣᠭᠢᠭ᠂ ᠠᠯᠤᠰ ᠤᠨ ᠪᠤᠳᠤᠯ ᠢ ᠪᠢᠰᠢᠷᠡᠬᠦ ᠦᠭᠡᠢ | ᠪᠠᠶᠢᠬᠤ ᠶᠢᠨ ᠠᠷᠭ᠎ᠠ ᠦᠭᠡᠢ᠃ | ᠨᠠᠷᠠᠨ ᠨᠡᠭᠦᠳᠡᠯ ᠲᠠᠢ ᠮᠠᠯᠴᠢᠨ ᠠᠷᠠᠳ ᠢ ᠮᠢᠨᠢ᠂ ᠭᠡᠷ ᠡᠷᠦᠭᠡ ᠲᠠᠢ ᠨᠢ ᠲᠡᠭᠡᠭᠡᠵᠦ ᠠᠯᠤᠰ ᠤᠨ ᠠᠶᠠᠨ ᠢ | ᠲᠤᠭᠤᠯᠵᠦ ᠢᠷᠡᠭᠰᠡᠨ ᠤᠵᠠᠭᠤᠷ ᠴᠠᠭ ᠤᠨ ︽ᠨᠢᠰᠬᠡᠯ︾᠃ ᠬᠠᠩᠭᠢᠷ ᠲᠠᠩᠭᠢᠷ ᠲᠠᠭᠤᠨ ᠢᠶᠠᠷ ᠢᠶᠠᠨ ᠬᠠᠩᠭᠠᠢ | ᠭᠤᠪᠢ ᠶᠢ ᠰᠡᠷᠡᠭᠡᠵᠦ᠂ ᠬᠡᠭᠡᠷ᠎ᠡ ᠶᠢᠨ ᠰᠠᠯᠬᠢᠨ ᠲᠠᠢ ᠲᠣᠭᠯᠠᠵᠤ ᠶᠠᠪᠤᠭᠰᠠᠨ ︽ᠲᠤᠤᠯᠢ︾᠃ ᠬᠡᠦᠬᠡᠳ ᠤᠨ ᠬᠠᠷᠠᠭ᠎ᠠ | ᠲᠡᠯᠡᠵᠦ᠂ ᠤᠬᠠᠭᠠᠨ ᠢ ᠰᠣᠷᠢᠭᠠᠳ ᠨᠤᠲᠤᠭ ᠲᠠᠨᠢᠭᠤᠯᠤᠭᠰᠠᠨ ︽ᠲᠤᠮᠤᠭ︾ ᠠ᠋︕ | ᠮᠥᠷᠥᠭᠡᠳᠦᠯ ᠳᠤ ᠴᠢ ᠮᠢᠨᠢ ᠮᠥᠩᠬᠡᠷᠡᠨ᠎ᠡ᠃ ᠮᠥᠭᠡᠷᠡᠵᠦ ᠵᠢᠳᠬᠦᠭᠰᠡᠨ ᠦᠬᠡᠷ ᠤᠨ ᠴᠢᠨᠢ ᠮᠥᠷ ᠨᠢ ᠭᠦᠷᠳᠡᠯ᠎ᠠ | ᠲᠠᠮᠠᠭ᠎ᠠ ᠰᠢᠭ᠋ ᠳᠤᠷᠠᠶᠢᠭᠠᠳ ᠭᠡᠷᠡᠯ ᠲᠤᠰᠬᠤ ᠪᠠᠷ ᠰᠢᠵᠢᠷᠲᠦᠨ ᠲᠤᠶᠠᠭᠠᠷᠠᠨ᠎ᠠ᠃ ᠣᠨ ᠵᠢᠯ ᠤᠨ ᠰᠠᠯᠬᠢ ᠪᠣᠷᠣᠭᠠᠨ᠂ | ᠬᠠᠯᠠᠭᠤᠨ ᠬᠦᠢᠲᠡᠨ ᠢ ᠠᠵᠢᠭ ᠦᠭᠡᠢ ᠲᠤᠭᠤᠯᠤᠬᠰᠠᠨ ᠴᠢᠨᠦ ᠦᠯᠢᠭᠡᠷ ᠢ ᠪᠢ ᠬᠡᠵᠢᠶᠡᠳᠡ ᠶᠠᠷᠢᠭᠠᠳ ᠪᠠᠷᠠᠬᠤ ᠦᠭᠡᠢ᠃ | ᠰᠡᠭᠦᠳᠡᠷ ᠳᠣᠣᠷ᠎ᠠ ᠴᠢᠨᠢ ᠰᠡᠷᠢᠭᠦᠴᠡᠵᠦ ᠬᠡᠪᠲᠡᠭᠰᠡᠨ ︽ᠭᠤᠷᠪᠠᠨ ᠮᠠᠷᠠᠯ︾ ᠤᠨ ᠭᠡᠷᠡᠯ ᠲᠠᠢ ᠨᠢᠳᠦ ᠴᠢᠮ᠎ᠠ ᠠᠴᠠ | ᠰᠠᠯᠬᠤ ᠦᠭᠡᠢ᠃ ᠰᠡᠷᠢᠭᠦᠨ ᠭᠤᠪᠢ ᠶᠢᠨ ᠰᠡᠪᠡᠯᠵᠡᠭᠦᠷ ᠰᠠᠯᠬᠢ ᠴᠦ ᠴᠢᠮᠠᠶᠢ ᠮᠠᠷᠲᠠᠬᠤ ᠦᠭᠡᠢ᠃ ᠬᠠᠰᠠᠭ ᠲᠡᠷᠭᠡ | ᠮᠢᠨᠢ ᠠ᠋︕ | ᠬᠤᠯᠠ ᠶᠢᠨ ᠬᠦᠰᠡᠯ ᠴᠢᠨᠢ ᠬᠠᠪᠤᠷ ᠢ ᠤᠭᠲᠤᠨ ᠴᠡᠴᠡᠭ ᠪᠣᠯᠵᠤ ᠬᠠᠩᠬᠤᠯᠲᠠᠯ᠎ᠠ ᠳᠡᠯᠭᠡᠷᠡᠭᠡ ᠴᠦ ᠶᠤᠮ ᠤᠤ︖ | ᠬᠤᠶᠠᠷ ᠬᠦᠷᠳᠦᠨ ᠤ ᠴᠢᠨᠢ ᠳᠠᠷᠤᠭᠰᠠᠨ ᠤᠷᠤᠮ ᠠᠴᠠ ᠴᠠᠬᠢᠯᠳᠠᠭ ᠳᠡᠯᠭᠡᠷᠡᠨ᠎ᠡ᠃ ᠰᠣᠷᠭᠤᠭ ᠦᠨᠦᠷ ᠢ ᠨᠢ | ᠠᠮᠲᠠᠯᠠᠬᠤ ᠳᠤ ᠢᠷᠠᠭᠤ ᠨᠠᠶᠢᠷᠠᠭ ᠰᠢᠭ᠋ ᠠᠮᠲᠠᠲᠠᠢ᠃ ᠰᠢᠳᠤᠷᠭᠤ ᠶᠣᠰᠣᠨ ᠢ ᠬᠠᠶᠢᠭᠰᠠᠨ ᠰᠠᠨᠠᠭ᠎ᠠ ᠪᠤᠳᠤᠯ ᠴᠢᠨᠢ | ᠡᠷᠬᠢᠮ ᠬᠡᠭᠡᠮᠰᠦᠭ ᠤᠨ ᠲᠦᠢᠯ ᠠ᠋᠃ ᠴᠢᠮᠠᠶᠢ ᠰᠠᠨᠠᠵᠤ ᠦᠭᠡᠶᠢᠯᠡᠬᠦ ᠲᠤᠳᠤᠮ ᠤᠳᠤ ᠴᠠᠭ ᠤᠨ ᠭᠠᠯᠲᠤ ᠲᠡᠷᠭᠡ᠂ | ᠮᠠᠰᠢᠨ ᠲᠡᠷᠭᠡ᠂ ᠨᠢᠰᠬᠡᠯ ᠁ ᠴᠢᠨᠦ ᠠᠯᠳᠠᠨ ᠬᠡᠪᠡᠯᠢ ᠠᠴᠠ ᠲᠠᠰᠤᠷᠠᠬᠰᠠᠨ ᠦᠷ᠎ᠡ ᠰᠠᠳᠤᠨ ᠭᠡᠮᠡᠷ | ᠪᠤᠳᠤᠬᠳᠠᠬᠤ ᠶᠢ ᠴᠣᠬᠤᠮ ᠶᠠᠭᠤ ᠭᠡᠬᠦ ᠪᠤᠢ︖ ᠲᠡᠷᠡ ᠪᠦᠭᠦᠨ ᠴᠢᠮ᠎ᠠ ᠠᠴᠠ ᠰᠡᠳᠡᠯᠲᠡ ᠣᠯᠣᠭᠰᠠᠨ ᠦᠭᠡᠢ ᠭᠡᠵᠦ | ᠤᠤ⁈ | ᠠᠷᠤ ᠭᠤᠣᠯ ᠤᠨ ᠤᠰᠤ ᠪᠠᠨ ᠲᠡᠭᠡᠭᠡᠵᠦ ᠠᠮᠢᠳᠤᠷᠠᠵᠤ ᠢᠷᠡᠭᠰᠡᠨ ᠡᠮᠡᠭᠡ ᠮᠢᠨᠢ᠂ ᠬᠠᠰᠠᠭ ᠲᠡᠷᠭᠡ᠂ ᠬᠠᠷ᠎ᠠ | ᠦᠬᠡᠷ ᠬᠤᠶᠠᠷ ᠲᠠᠭᠠᠨ ᠡᠭᠡᠯᠢᠲᠡᠢ ᠭᠡᠳᠡᠭ ᠨᠢ ᠠᠷᠭ᠎ᠠ ᠦᠭᠡᠢ᠃ ᠶᠡᠷᠡᠨ ᠨᠠᠢᠮᠠᠨ ᠨᠠᠰᠤᠯᠠᠲᠠᠯ᠎ᠠ ᠬᠠᠮᠲᠤ ᠥᠭᠰᠥᠵᠦ | ᠤᠷᠤᠭᠤᠳᠠᠵᠤ ᠶᠠᠪᠤᠬᠤ ᠳᠠᠭᠠᠨ ᠳᠠᠩᠳᠠ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠣᠯᠴᠢᠬᠠᠭᠰᠠᠨ ᠪᠢᠵᠡ︖ | ᠥᠭᠡᠳᠡ ᠪᠤᠯᠬᠤ ᠠᠴᠠ ᠪᠠᠨ ᠡᠮᠦᠨ᠎ᠡ ᠠᠪᠤ ᠶᠢ ᠳᠡᠷᠭᠡᠳᠡ ᠪᠠᠨ ᠳᠠᠭᠤᠳᠠᠵᠤ ︽ᠡᠷᠯᠢᠭ ᠲᠠᠮᠤ ᠶᠢᠨ ᠣᠷᠳᠣᠨ ᠢ | ᠦᠨᠡᠨ ᠤ ᠭᠠᠵᠠᠷ ᠭᠡᠳᠡᠭ᠃ ᠬᠠᠷ᠎ᠠ ᠦᠬᠡᠷ ᠬᠢᠭᠡᠳ ᠬᠠᠰᠠᠭ ᠲᠡᠷᠭᠡ ᠪᠠᠨ ᠠᠪᠴᠤ ᠭᠦᠷᠦᠭᠡᠳ ᠭᠠᠪᠢᠶ᠎ᠠ | ᠵᠢᠳᠬᠦᠯ ᠢ ᠨᠢ ᠲᠡᠮᠳᠡᠭᠯᠡᠭᠦᠯᠦᠶᠡ︾ ᠭᠡᠪᠡ᠃ ᠠᠪᠤ ᠠᠷᠭ᠎ᠠ ᠪᠠᠨ ᠪᠠᠷᠠᠬᠤ ᠳᠠᠭᠠᠨ ᠲᠤᠬᠤ ᠪᠠᠨ ᠮᠠᠭᠠᠵᠢᠭᠰᠠᠨ ᠭᠡᠳᠡᠭ᠃ | ᠭᠡᠲᠡᠯ᠎ᠡ ᠤᠨᠲᠠᠨ ᠬᠡᠪᠲᠡᠨ ᠪᠤᠳᠤᠬᠰᠠᠭᠠᠷ ᠪᠠᠶᠢᠵᠤ ᠪᠠᠷᠠᠭᠤᠨ ᠠᠶᠢᠯ ᠤᠨ ᠨᠡᠷᠡᠳᠦ ᠮᠣᠳᠣᠨ ᠲᠠᠷᠬᠠᠨ ᠨᠠᠮᠵᠢᠯ ᠡᠪᠦᠭᠡ ᠶᠢ | ᠰᠠᠨᠠᠵᠤ ᠣᠯᠣᠭᠠᠳ ᠲᠡᠭᠦᠨ ᠢᠶᠠᠷ ᠬᠠᠷᠮᠠᠯᠠᠵᠤ ᠪᠠᠭᠲᠠᠮᠠᠷ ᠬᠠᠰᠠᠭ ᠲᠡᠷᠭᠡ ᠶᠢᠨ ᠵᠠᠭᠪᠤᠷ ᠬᠢᠭᠡᠳ ᠬᠠᠷ᠎ᠠ ᠦᠬᠡᠷ ᠲᠠᠢ ᠨᠢ | ᠵᠣᠬᠢᠶᠠᠯᠭᠠᠵᠤ ᠰᠢᠷᠳᠡᠵᠦ ᠪᠤᠳᠤᠭᠠᠳ ᠬᠠᠨᠴᠤᠢ ᠳᠤᠨᠢ ᠬᠢᠵᠦ ᠶᠠᠪᠤᠭᠤᠯᠤᠭᠰᠠᠨ ᠲᠤᠬᠠᠢ ᠡᠵᠢ ᠦᠷᠭᠦᠯᠵᠢ ᠶᠠᠷᠢᠳᠠᠭ | ᠪᠠᠶᠢᠵᠠᠢ᠃ | ᠣᠶᠢᠷ᠎ᠠ ᠳᠤ ᠪᠢ ᠬᠠᠰᠢᠶᠠᠨ ᠳᠤ ᠪᠠᠶᠢᠭ᠎ᠠ ᠬᠠᠰᠠᠭ ᠲᠡᠷᠭᠡ ᠪᠠᠨ ᠬᠠᠷᠠᠬᠤ ᠪᠦᠷᠢ ᠡᠮᠡᠭᠡ ᠮᠢᠨᠢ᠂ ᠬᠠᠷ᠎ᠠ | ᠦᠬᠡᠷ ᠢᠶᠠᠨ ᠬᠥᠯᠥᠭᠡᠳ ᠠᠷᠤ ᠭᠤᠣᠯ ᠤᠨ ᠤᠰᠤᠨ ᠳᠠᠭᠠᠨ ᠶᠠᠪᠤᠬᠤ ᠰᠢᠭ᠋ ᠬᠠᠷᠠᠭᠠᠨ ᠳᠤ ᠮᠢᠨᠢ ᠪᠥᠷᠲᠥᠯᠵᠡᠨ᠎ᠡ᠃ | ︽ᠬᠠᠶᠠ ᠨᠢᠭᠡ ᠰᠥᠨᠢ ᠠᠷᠤ ᠭᠤᠣᠯ ᠠᠴᠠ ᠤᠰᠤ ᠪᠠᠨ ᠲᠡᠭᠡᠭᠡᠴᠢᠭᠡᠳ ᠡᠮᠡᠭᠡ ᠮᠢᠨᠢ ᠬᠠᠷ᠎ᠠ ᠦᠬᠡᠷ ᠢᠶᠠᠨ | ᠬᠥᠲᠥᠯᠵᠦ ︿ᠨᠤᠭᠤᠨᠵᠠᠶᠠᠭ᠎ᠠ﹀ ᠶᠢ ᠬᠠᠩᠭᠢᠨᠠᠲᠠᠯ᠎ᠠ ᠳᠠᠭᠤᠯᠠᠭᠰᠠᠭᠠᠷ ᠭᠡᠷ ᠵᠦᠭ ᠢᠶᠠᠨ ᠢᠷᠡᠨ᠎ᠡ︾ ᠬᠡᠮᠡᠨ | ᠵᠡᠭᠦᠳᠦᠯᠡᠭᠡᠳ ᠰᠡᠷᠡᠬᠦ ᠳᠤ ᠦᠷ ᠬᠠᠶᠠᠭᠠᠷᠠᠳᠠᠭ ᠪᠠᠶᠢᠯ᠎ᠠ ᠁ | ᠡᠪᠦᠭᠡ ᠳᠡᠭᠡᠳᠦᠰ ᠤᠨ ᠦᠶ᠎ᠡ ᠠᠴᠠ ᠠᠶᠠᠨ ᠤ ᠬᠠᠨᠢ᠂ ᠠᠮᠢᠳᠤᠷᠠᠯ ᠤᠨ ᠬᠢᠨᠢ ᠲᠦᠰᠢᠭ ᠪᠣᠯᠵᠤ ᠥᠪᠡᠷ ᠤᠨ | ᠭᠡᠬᠦ ᠬᠡᠷᠡᠯᠳᠦ ᠲᠡᠦᠬᠡ ᠪᠠᠨ ᠪᠦᠲᠦᠭᠡᠵᠦ ᠢᠷᠡᠭᠰᠡᠨ ᠢᠶᠠᠷ ᠪᠠᠷᠠᠬᠤ ᠦᠭᠡᠢ᠂ ᠳᠡᠯᠡᠬᠡᠢ ᠪᠠᠨ ᠬᠡᠮᠡᠬᠦ ᠥᠭᠭᠢᠶᠡᠮᠦᠷ | ᠬᠠᠶᠢᠷ᠎ᠠ ᠳᠠᠭᠠᠨ ᠳᠦᠷᠡᠯᠵᠡᠵᠦ᠂ ᠡᠩᠬᠡ ᠲᠠᠶᠢᠪᠤᠩ ᠢ ᠰᠢᠳᠦᠨ ᠡᠷᠬᠡ ᠴᠢᠯᠦᠭᠡᠨ ᠤ ᠲᠥᠯᠥᠭᠡ ᠰᠦᠷᠳᠡᠭᠦᠯᠦᠯ ᠪᠤᠶᠤ | ᠳᠣᠷᠣᠮᠵᠢᠯᠠᠯ᠂ ᠬᠠᠭᠠᠴᠠᠯ ᠬᠢᠭᠡᠳ ᠳᠣᠷᠦ᠋ᠢᠲᠠᠯ᠂ ᠤᠯᠠᠩᠭᠠᠰᠤᠭᠰᠠᠨ ᠲᠠᠶᠢᠨ ᠤ ᠥᠭᠡᠳᠡ ᠠᠴᠠ ᠲᠠᠭᠠᠷᠢᠵᠦ | ᠶᠠᠪᠤᠭᠰᠠᠨ ᠢᠯᠠᠯᠲᠠ ᠶᠢᠨ ︽ᠲᠠᠩᠺ︾ ᠴᠦ ᠴᠢ ᠶᠤᠮ ᠳ᠋ᠠ ᠬᠠᠰᠠᠭ ᠮᠢᠨᠢ ᠠ᠋︕ ᠳᠦᠩᠭᠡᠷ᠂ ᠲᠠᠩᠭᠠᠷ ᠴᠢᠨᠦ | ᠲᠠᠭᠤᠨ ᠡᠸᠦ᠋ᠷᠦᠫᠡ ᠶᠢᠨ ᠲᠡᠭᠷᠢ ᠳᠤ ᠬᠦᠩᠭᠢᠨᠡᠨ ᠳᠠᠭᠤᠷᠢᠰᠴᠤ᠂ ᠬᠥᠷᠥᠰᠥᠨ ᠳᠤ ᠳᠤᠷᠠᠶᠢᠭᠰᠠᠨ ᠮᠥᠷ ᠴᠢᠨᠢ | ᠪᠠᠯᠠᠷᠠᠰᠢ ᠦᠭᠡᠢ ᠭᠡᠷᠡᠯᠳᠦᠭᠰᠡᠭᠡᠷ ᠠ᠋︕ | ᠡᠳᠦᠷ ᠰᠥᠨᠢ ᠡᠭᠡᠯᠵᠢᠯᠡᠨ᠂ ᠣᠨ ᠵᠢᠯ ᠥᠭᠰᠥᠨ ᠪᠤᠭᠤᠷᠤᠯᠲᠤᠭᠰᠠᠨ ᠴᠦ ᠬᠤᠶᠠᠷ ᠬᠦᠷᠳᠦ ᠪᠠᠷ ᠢᠶᠠᠨ | ᠳᠡᠯᠡᠬᠡᠢ ᠶᠢ ᠨᠢᠭᠡ ᠳᠣᠮᠨᠣᠵᠤ᠂ ᠳᠣᠷᠣᠨᠠᠲᠤ ᠠᠽᠢᠶ᠎ᠠ ᠶᠢᠨ ᠠᠯᠳᠠᠷ ᠢ ᠡᠷᠭᠦᠭᠰᠡᠨ ᠴᠢᠨᠦ ᠭᠠᠪᠢᠶ᠎ᠠ ᠵᠢᠳᠬᠦᠯ᠂ ᠬᠥᠮᠥᠨ | ᠲᠥᠷᠥᠯᠬᠢᠲᠡᠨ ᠤ ᠵᠢᠷᠦᠬᠡᠨ ᠲᠣᠯᠲᠣ ᠳᠤ ᠬᠠᠳᠠᠩᠰᠢᠵᠤ᠂ ᠴᠠᠭ ᠡᠷᠢᠨ ᠤ ᠬᠥᠭᠵᠢᠯᠲᠡ ᠳᠤ ᠠᠬᠢᠭᠤᠯᠬᠤ ᠦᠢᠯᠡᠳᠦᠯ | ᠦᠵᠡᠭᠦᠯᠦᠭᠰᠡᠭᠡᠷ᠃ | ᠬᠠᠰᠠᠭ ᠮᠢᠨᠤ᠂ ᠬᠥᠭᠵᠢᠯ ᠮᠠᠨᠳᠤᠯ ᠤᠨ ᠬᠤᠷᠤᠢ ᠮᠢᠨᠤ᠃ ᠪᠠᠯᠠᠷ ᠬᠤᠴᠤᠷᠤᠩᠭᠤᠢ ᠴᠠᠭ ᠦᠶ᠎ᠡ ᠶᠢ | ᠭᠡᠶᠢᠭᠦᠯᠵᠦ ᠰᠢᠨ᠎ᠡ ᠡᠷᠢᠨ ᠢ ᠤᠭᠲᠤᠭᠰᠠᠨ ᠤᠶᠤᠨ ᠪᠢᠯᠢᠭ ᠤᠨ ᠭᠡᠭᠡ ᠮᠢᠨᠤ᠃ ᠤᠳᠤ ᠴᠢ ᠮᠢᠨᠢ ᠲᠡᠦᠬᠡ ᠪᠣᠯᠵᠤ | ᠮᠦᠽᠧᠢ ᠠᠴᠠ ᠰᠠᠴᠤᠷᠠᠨ ᠲᠤᠶᠠᠭᠠᠷᠠᠬᠤ ᠳᠠᠭᠠᠨ ᠲᠦᠮᠡᠨ ᠤ ᠰᠡᠳᠬᠢᠯ ᠢ ᠭᠡᠶᠢᠭᠦᠯᠦᠭᠰᠡᠭᠡᠷ ᠠ᠋︕ | ᠮᠥᠷᠥᠭᠡᠳᠦᠯ ᠳᠤ ᠮᠥᠩᠬᠡᠷᠡᠬᠦ ᠬᠠᠰᠠᠭ ᠮᠢᠨᠢ︕ ᠮᠥᠩᠬᠡ ᠲᠡᠭᠷᠢ ᠶᠢᠨ ᠢᠪᠡᠭᠡᠯ ᠰᠣᠶᠣᠷᠬᠠᠭᠰᠠᠨ ᠲᠡᠷᠭᠡ ᠮᠢᠨᠢ | ᠠ᠋⁈ |