ᠦᠵᠦᠮᠦᠴᠢᠨ
ᠨᠡᠶᠢᠲᠡᠯᠡᠭᠰᠡᠨ ᠴᠠᠭ᠄
2024/6/28
      ᠪᠤᠶᠠᠨᠳᠤ ᠲᠡᠭᠡᠳᠦᠰ ᠤᠨ ᠲᠠᠯ᠎ᠠ ᠨᠢ ᠭᠡᠰᠢᠭ ᠬᠤᠷᠦ᠋ᠢᠯᠠᠭᠰᠠᠨ ᠦᠵᠦᠮᠦᠴᠢᠨ            ᠪᠠᠯᠭᠠᠷ ᠭᠤᠤᠯ ᠤᠨ ᠤᠰᠤ ᠨᠢ ᠭᠡᠭᠡ ᠲᠠᠳᠠᠭᠰᠠᠨ ᠦᠵᠦᠮᠦᠴᠢᠨ      ᠪᠤᠰᠤᠭ᠎ᠠ ᠪᠦᠭᠡᠴᠤᠳ ᠤᠨ ᠭᠡᠶᠢᠮᠦᠷᠢ ᠨᠢ ᠰᠦᠷ ᠵᠢᠪᠬᠤᠭᠠᠯᠢᠭ ᠦᠵᠦᠮᠦᠴᠢᠨ      ᠪᠡᠷᠢᠶᠡᠳ ᠦᠬᠢᠳ ᠤᠨ ᠤᠬᠠᠭᠠᠨ ᠨᠢ ᠰᠤᠤᠳᠤ ᠲᠤᠩᠭᠠᠯᠠᠭ ᠦᠵᠦᠮᠦᠴᠢᠨ      ᠴᠡᠯᠡᠭᠡᠷ ᠠᠭᠤᠳᠠᠮ ᠬᠦᠨᠳᠠᠢ ᠪᠠᠨ ᠲᠠᠪᠤᠨ ᠡᠷᠳᠡᠨᠢ ᠪᠠᠷ ᠴᠢᠮᠡᠭᠰᠡᠨ      ᠴᠡᠩᠭᠡᠷ ᠲᠡᠭᠷᠢ ᠶᠢᠨ ᠬᠦᠪᠡᠭᠡ ᠨᠢ ᠲᠤᠯᠤᠭᠠᠨ ᠦᠩᠭᠡ ᠪᠠᠷ ᠰᠤᠯᠤᠩᠭᠠᠷᠠᠭᠰᠠᠨ      ᠴᠠᠴᠠᠨ ᠪᠤᠭᠤᠷᠤᠯ ᠤᠳ ᠤᠨ ᠢᠷᠦᠭᠡᠯ ᠨᠢ ᠲᠤᠮᠤᠭᠳᠤ ᠬᠠᠶᠢᠷ᠎ᠠ ᠰᠢᠩᠭᠡᠭᠰᠡᠨ      ᠴᠢᠮᠪᠠᠢ ᠮᠠᠯᠴᠢᠳ ᠤᠨ ᠢᠳᠡᠭᠡᠯ ᠨᠢ ᠲᠡᠭᠵᠢᠷᠡᠯ ᠤᠨ ᠬᠢᠯᠪᠠᠭ᠎ᠠ ᠰᠠᠴᠤᠷᠠᠭᠰᠠᠨ      ᠡᠷᠳᠡᠨᠢᠰ ᠡᠪᠦᠷᠯᠡᠭᠰᠡᠨ ᠪᠠᠶᠠᠨ ᠲᠠᠩᠰᠤᠭ ᠦᠵᠦᠮᠦᠴᠢᠨ      ᠡᠩ ᠨᠢ ᠬᠠᠷᠠᠭᠳᠠᠬᠤ ᠦᠭᠡᠢ ᠲᠡᠨᠢᠭᠡᠷ ᠠᠭᠤᠳᠠᠮ ᠦᠵᠦᠮᠦᠴᠢᠨ      ᠡᠭᠡᠰᠢᠭ ᠠᠶᠠᠯᠭᠤᠨ ᠲᠠᠢ ᠡᠷᠳᠡᠮ ᠤᠨ ᠥᠯᠦᠭᠡᠢ ᠦᠵᠦᠮᠦᠴᠢᠨ            ᠡᠷᠳᠡᠨ ᠤ ᠲᠠᠯ᠎ᠠ ᠰᠢᠭ ᠢᠶᠠᠨ ᠤᠷᠳᠤ ᠶᠢᠨ ᠲᠠᠭᠤᠨ ᠤ ᠦᠵᠦᠮᠦᠴᠢᠨ      ᠵᠢᠷᠬᠢᠬᠦ ᠤᠯᠠᠷᠢᠯ ᠤᠨ ᠰᠠᠯᠬᠢ ᠨᠢ ᠵᠢᠮᠦᠷ ᠵᠢᠮᠦᠷᠭᠡᠨ ᠠᠶᠠᠰ ᠲᠠᠢ      ᠵᠤᠨ ᠤ ᠲᠡᠯᠭᠡᠷ ᠰᠠᠷ᠎ᠠ ᠨᠢ ᠵᠤᠮᠠᠰ ᠵᠤᠮᠠᠰᠭᠢᠨ ᠠᠭᠠᠯᠢ ᠲᠠᠢ      ᠵᠡᠭᠡᠷ᠎ᠡ ᠲᠡᠰᠢᠭᠰᠡᠨ ᠭᠤᠪᠢ ᠨᠢ ᠵᠢᠷᠤᠭ ᠤᠨ ᠮᠡᠳᠦ ᠦᠵᠡᠰᠭᠦᠯᠡᠩ ᠲᠠᠢ      ᠵᠦᠩ ᠪᠢᠯᠢᠭᠳᠦ ᠠᠷᠠᠳ ᠨᠢ ᠵᠤᠷᠢᠮᠠᠭ ᠦᠯᠴᠢᠷ ᠠᠷᠠᠨᠰᠢᠨ ᠲᠠᠢ      ᠡᠷᠡᠮᠡᠭᠡᠢ ᠬᠦᠯᠦᠭ ᠤᠨ ᠤᠤᠭᠠᠨ ᠦᠦᠷᠰᠡᠯ ᠦᠵᠦᠮᠦᠴᠢᠨ      ᠡᠷᠬᠢᠬᠦ ᠬᠤᠷᠸ᠎ᠠ ᠶᠢᠨ ᠤᠳᠤᠮ ᠤᠨ ᠭᠡᠯᠬᠢᠶ᠎ᠡ ᠦᠵᠦᠮᠦᠴᠢᠨ      ᠡᠷᠭᠡᠰ ᠲᠡᠭᠷᠢ ᠶᠢᠨ ᠦᠩᠭᠡ ᠨᠢ ᠬᠦᠭᠡ ᠦᠵᠦᠮᠦᠴᠢᠨ      ᠡᠩᠭᠡ ᠮᠡᠨᠳᠦ ᠶᠢᠨ ᠬᠠᠳᠠᠭ ᠨᠢ ᠴᠠᠭᠠᠨ ᠦᠵᠦᠮᠦᠴᠢᠨ      ᠴᠠᠭᠠᠨ ᠠᠳᠤᠭᠤᠨ ᠤ ᠨᠤᠳᠤᠭ ᠲᠤ ᠴᠠᠳᠢᠭ ᠲᠡᠦᠭᠡ ᠴᠢᠯᠠᠭᠤᠵᠢᠨᠠᠮ      ᠴᠠᠭ ᠬᠤᠭᠤᠴᠠᠭᠠᠨ ᠤ ᠲᠠᠪᠳᠠᠯᠳᠠ ᠴᠡᠩᠭᠡᠷ ᠡᠬᠦᠯᠡᠰ ᠮᠡᠳᠦ ᠨᠡᠬᠦᠳᠡᠯᠯᠡᠨᠡᠮ      ᠴᠡᠴᠡᠭᠡᠰ ᠤᠨ ᠲᠡᠯᠪᠢᠭᠡᠨ ᠲᠡᠭᠡᠷ᠎ᠡ ᠢᠨᠠᠭ ᠤᠨ ᠵᠡᠬᠢᠶ᠎ᠠ ᠪᠢᠴᠢᠨᠠᠮ      ᠴᠠᠬᠠᠷ ᠤᠨ ᠨᠢᠭᠡᠨ ᠪᠦᠰᠡᠬᠦᠢ ᠴᠢᠨᠤ ᠯᠨ ᠵᠢᠷᠦᠭᠡᠨ ᠳᠤ ᠠᠭᠤᠰᠤᠨᠠᠮ      ᠵᠡᠬᠦᠳᠦ ᠮᠦᠷᠦᠭᠡᠳᠦᠯ ᠢ ᠴᠡᠴᠡᠭᠯᠡᠭᠦᠯᠦᠨ ᠲᠡᠯᠪᠢᠭᠡᠯᠡᠭᠰᠡᠨ ᠦᠵᠦᠮᠦᠴᠢᠨ      ᠵᠢᠷᠦᠭᠡᠨ ᠲᠤᠯᠢᠳᠤ ᠶᠢ ᠠᠨᠢᠷᠳᠤᠨ ᠤᠶᠠᠷᠠᠭᠠᠭᠰᠠᠨ ᠦᠵᠦᠮᠦᠴᠢᠨ      ᠵᠤᠯᠭᠠᠷᠠᠬᠤ ᠨᠠᠪᠴᠢᠰ ᠤᠨ ᠬᠠᠮᠳᠤ ᠨᠢᠯᠪᠤᠰᠤ ᠪᠠᠨ ᠨᠢᠭᠤᠭᠰᠠᠨ ᠦᠵᠦᠮᠦᠴᠢᠨ      ᠵᠠᠭᠤᠨ ᠵᠠᠭᠤᠨ ᠵᠢᠯ ᠢᠶᠠᠷ ᠬᠠᠶᠢᠷᠠᠯᠠᠨ ᠰᠠᠨᠠᠬᠤ ᠦᠵᠦᠮᠦᠴᠢᠨ      ᠬᠦᠭᠡ ᠲᠡᠭᠷᠢ ᠳᠡᠭᠡᠨ ᠮᠦᠷᠬᠦᠨ ᠲᠠᠭᠠᠳᠬᠠᠬᠤ ᠰᠢᠳᠦᠭᠡᠨ ᠲᠠᠢ      ᠬᠦᠰᠡᠬᠦ ᠰᠡᠳᠭᠢᠯ ᠳᠤ ᠮᠦᠷᠦᠭᠡᠰᠦᠯ ᠤᠷᠭᠤᠭᠤᠯᠬᠤ ᠲᠠᠪᠢᠯᠠᠩ ᠲᠠᠢ      ᠬᠦᠮᠦᠨ ᠮᠦᠰᠦᠨ ᠤ ᠲᠤᠳᠤᠭᠠᠳᠤ ᠶᠢᠷᠳᠢᠨᠴᠦ ᠶᠢᠨ ᠴᠠᠶᠢᠯᠭᠠᠨ ᠨᠠᠨᠳᠢᠨ ᠭᠡᠭᠡ ᠲᠠᠢ      ᠬᠦᠯᠭᠡᠨ ᠲᠡᠦᠭᠡ ᠶᠢᠨ ᠷᠢᠳᠢ ᠤᠷᠤᠰᠢᠭᠰᠠᠨ ᠨᠤᠮ ᠤᠨ ᠴᠠᠭᠠᠨ ᠪᠤᠶᠠᠨ ᠲᠠᠢ      ᠠᠯᠳᠠᠨ ᠨᠠᠷᠠᠨ ᠤᠷᠭᠤᠨ ᠮᠠᠨᠳᠤᠬᠤ ᠶᠢᠨ ᠪᠡᠯᠭᠡᠳᠡᠯ ᠦᠵᠦᠮᠦᠴᠢᠨ      ᠠᠷᠢᠭᠤᠨ ᠷᠠᠰᠢᠶᠠᠨ ᠤ ᠮᠦᠩᠬᠦᠨ ᠤᠨᠳᠤᠷᠤᠯᠳᠤ ᠦᠵᠦᠮᠦᠴᠢᠨ      ᠠᠷᠭ᠎ᠠ ᠪᠢᠯᠢᠭ ᠤᠨ ᠡᠬᠢᠯᠡᠯ ᠪᠤᠶᠤ ᠦᠷᠬᠦᠯᠵᠢᠯᠡᠯ ᠦᠵᠦᠮᠦᠴᠢᠨ      ᠠᠯᠳᠠᠩᠬᠠᠨ ᠵᠠᠶᠠᠭᠠᠨ ᠤ ᠮᠦᠩᠭᠡ ᠶᠢᠨ ᠤᠳᠬ᠎ᠠ ᠦᠵᠦᠮᠦᠴᠢᠨ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号