ᠵᠡᠭᠦᠨ ᠬᠠᠲᠠᠪᠴᠢ ᠪᠣᠭᠤᠮᠲᠠ
ᠨᠡᠶᠢᠲᠡᠯᠡᠭᠰᠡᠨ ᠴᠠᠭ᠄
2024/6/18
        ᠵᠡᠭᠦᠨ ᠬᠠᠲᠠᠪᠴᠢ ᠪᠣᠭᠤᠮᠲᠠ ᠨᠢ ᠲᠡᠤᠬᠡᠨ ᠠᠴᠠ ᠪᠠᠨ ᠠᠪᠤᠭᠠᠳ ᠳᠤᠮᠳᠠᠳᠤ ᠮᠣᠩᠭᠤᠯ ᠬᠤᠶᠠᠷ ᠤᠯᠤᠰ ᠤᠨ ᠠᠷᠠᠳ ᠲᠦᠮᠡᠨ ᠤ ᠨᠥᠬᠦᠷᠰᠡᠭ ᠶᠠᠪᠤᠯᠴᠠᠭ᠎ᠠ ᠶᠢᠨ ᠪᠣᠭᠤᠮᠲᠠ ᠪᠣᠯᠬᠤ ᠪᠦᠭᠡᠳ ᠳᠤᠮᠳᠠᠳᠤ ᠮᠣᠩᠭᠤᠯ ᠤᠨ ᠬᠢᠯᠢ ᠶᠢᠨ 1046 ᠳ᠋ᠤᠭᠠᠷ ᠵᠠᠭᠠᠭ ᠤᠨ ᠭᠠᠵᠠᠷ ᠲᠤ ᠪᠠᠶᠢᠷᠢᠯᠠᠵᠤ᠂ ᠲᠡᠤᠬᠡᠨ ᠳᠡᠭᠡᠷ᠎ᠡ ᠲᠤᠰ ᠪᠤᠭᠤᠮᠲᠠ ᠨᠢ ᠮᠣᠷᠢ ᠠᠷᠠᠯᠵᠢᠶᠠᠯᠠᠳᠠᠭ ᠵᠠᠬ᠎ᠠ ᠳᠡᠯᠭᠡᠭᠦᠷ ᠪᠠᠶᠢᠵᠠᠢ᠃ ᠰᠦᠬᠡᠪᠠᠭᠠᠳᠣᠷ ᠠᠶᠢᠮᠠᠭ ᠤᠨ ᠪᠢᠴᠢᠭᠳᠦ ᠪᠣᠭᠤᠮᠳᠠ ᠲᠠᠢ       ᠨᠢᠭᠤᠷᠯᠠᠵᠣ᠂ ᠬᠤᠶᠠᠷ ᠪᠣᠭᠤᠮᠳᠠ ᠬᠤᠭᠤᠷᠣᠠᠳᠣ ᠪᠠᠨ 4 ᠺᠢᠯᠤᠮᠧᠲᠷ ᠵᠠᠶᠢᠳᠠᠢ᠃      1992 ᠣᠨ ᠳᠤ ᠲᠥᠷᠥ ᠶᠢᠨ ᠶᠠᠪᠤᠳᠠᠯ ᠤᠨ ᠬᠤᠷᠢᠶ᠎ᠠ ᠪᠠᠷ ᠵᠥᠪᠰᠢᠶᠡᠷᠡᠭᠦᠯᠵᠦ᠂ ᠤᠯᠤᠰ ᠤᠨ ᠨᠢᠭᠡᠳᠦᠭᠡᠷ ᠲᠥᠷᠥᠯ ᠤᠨ ᠤᠯᠠᠷᠢᠯ ᠤᠨ ᠴᠢᠨᠠᠷᠲᠠᠶ ᠪᠣᠭᠤᠮᠲᠠ ᠪᠣᠯᠪᠠ︔  2004 ᠣᠨ ᠳᠤ ᠬᠡᠰᠡᠭ ᠲᠠᠯ᠎ᠠ ᠪᠠᠷ ᠨᠡᠬᠡᠬᠡᠯᠲᠡ ᠲᠠᠢ ᠪᠠᠶᠢᠭᠰᠠᠨ ᠭᠠᠵᠠᠷ ᠤᠷᠤᠨ ᠢ ᠳᠡᠰ ᠳᠡᠪᠰᠢᠭᠦᠯᠦᠭᠡᠳ ᠪᠦᠬᠦ ᠬᠢᠯᠢ ᠪᠠᠷ ᠭᠠᠳᠠᠭᠰᠢ ᠪᠠᠨ ᠨᠡᠬᠡᠬᠡᠯᠲᠡ ᠲᠠᠢ ᠭᠠᠵᠠᠷ ᠤᠷᠤᠨ ᠪᠤᠯᠭᠠᠪᠠ︔ 2008 ᠣᠨ ᠳᠤ ᠵᠢᠩᠬᠢᠨᠢ ᠪᠠᠷ ᠣᠯᠠᠨ ᠤᠯᠤᠰ ᠤᠨ ᠴᠢᠨᠠᠷᠲᠠᠶ ᠭᠠᠳᠠᠭᠰᠢ ᠪᠠᠨ ᠪᠠᠶᠢᠩᠭᠤ ᠨᠡᠭᠡᠭᠡᠯᠲᠡ ᠬᠢᠬᠦ ᠪᠤᠭᠤᠮᠲᠠ ᠪᠤᠯᠪᠠ︔ 2009 ᠣᠨ ᠳᠤ ︽ᠯᠢᠶᠣᠤᠨᠢᠩ ᠤᠨ ᠳᠠᠯᠠᠶ ᠳᠠᠭᠠᠤ ᠶᠢᠨ ᠠᠵᠤ ᠠᠬᠤᠶ ᠶᠢᠨ ᠪᠦᠰᠡ ᠶᠢᠨ ᠬᠥᠭᠵᠢᠯᠲᠡ ᠶᠢᠨ ᠲᠥᠯᠥᠪᠵᠢᠭᠦᠯᠭᠡ︾ ᠶᠢᠨ ᠬᠢᠯᠢ ᠳᠠᠭᠠᠤ ᠳᠠᠯᠠᠶ ᠳᠠᠭᠠᠤ ᠨᠡᠪᠲᠡᠷᠡᠬᠦ ᠭᠤᠷᠪᠠᠨ ᠵᠦᠢᠯ ᠤᠨ ᠵᠠᠮ ᠤᠨ ᠨᠢᠭᠡ ᠨᠢ ᠪᠣᠯᠵᠤ᠂ ᠣᠷᠣᠰ ᠮᠣᠩᠭᠤᠯ ᠳᠤ ᠨᠡᠭᠡᠭᠡᠯᠲᠡ ᠬᠢᠬᠦ ᠴᠢᠬᠤᠯᠠ ᠴᠣᠩᠬᠤ ᠪᠣᠯᠬᠤ ᠶᠢ ᠲᠣᠳᠣᠷᠬᠠᠶ ᠲᠣᠭᠲᠠᠭᠠᠪᠠ᠃ 2012 ᠣᠨ ᠳᠤ ᠪᠣᠭᠤᠮᠲᠠ ᠪᠠᠷ ᠦᠩᠭᠡᠷᠡᠬᠦ ᠡᠳ᠋ ᠪᠠᠷᠠᠭ᠎ᠠ ᠶᠢᠨ ᠬᠡᠮᠵᠢᠶ᠎ᠡ ᠠᠩᠬ᠎ᠠ ᠤᠳᠠᠭ᠎ᠠ100 ᠲᠦᠮᠡᠨ ᠲᠤᠨ ᠢ ᠳᠠᠪᠠᠪᠠ᠃ 2014 ᠤᠠ ᠤ 7 ᠰᠠᠷ᠎ᠠ ᠳᠤ᠂ ᠵᠠᠬᠦᠠ ᠬᠠᠳᠠᠪᠴᠢ ᠪᠣᠭᠤᠮᠳᠠ ᠶᠢᠨ ᠪᠣᠳᠠᠰ ᠤᠨ ᠬᠦᠢᠯᠬᠡᠬᠡᠠ ᠤ ᠲᠣᠭᠤᠷᠢᠭ ᠤᠨ ᠲᠣᠰᠬᠠᠢ ᠬᠡᠷᠡᠭᠯᠡᠭᠡᠨ ᠤ ᠲᠠᠮᠣᠷ ᠵᠠᠮ ᠨᠢ ᠵᠢᠩᠬᠢᠨᠢ ᠪᠠᠷ ᠲᠠᠷᠬᠡ ᠨᠠᠪᠳᠠᠷᠠᠵᠣ᠂ ᠮᠣᠩᠭᠤᠯ ᠤᠯᠣᠰ ᠪᠠ ᠤᠷᠣᠰ ᠤᠯᠣᠰ ᠢ ᠬᠤᠯᠪᠤᠠᠠᠰᠠᠠ᠂ ᠦᠪᠣᠷ ᠮᠣᠩᠭᠤᠯ ᠤᠨ ᠵᠠᠬᠦᠠ ᠬᠡᠰᠡᠭ ᠤᠨ ᠬ᠋ᠠᠵᠠᠷ ᠤᠷᠣᠠ ᠤ ᠬᠢᠯᠢ ᠳᠤ ᠨᠠᠪᠳᠠᠷᠠᠠ ᠲᠠᠯᠠᠢ ᠲᠠᠭᠠᠣ ᠬ᠋ᠠᠵᠠᠷ ᠬᠦᠷᠬᠦ ᠶᠢ ᠨᠦᠯᠣᠬᠡᠯᠠᠠ ᠲᠠᠭᠠᠭᠤᠯᠬᠤ ᠠᠽᠢᠶ᠎ᠠ ᠡᠸᠦ᠋ᠷᠣᠫᠠ ᠶᠢ ᠬᠤᠯᠪᠣᠭᠰᠠᠨ ᠴᠢᠬᠤᠯᠠ ᠬ᠋ᠤᠨ᠋ᠠᠴᠤᠭ᠎ᠠ ᠪᠣᠯᠣᠠᠠᠰᠠᠠ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号