ᠠᠶᠢᠰᠣᠢ ᠴᠠᠭ ᠤᠨ ᠠᠶᠠᠯᠭᠤᠨ
ᠨᠡᠶᠢᠲᠡᠯᠡᠭᠰᠡᠨ ᠴᠠᠭ᠄
2024/5/6
      ᠰᠢᠨ᠎ᠡ ᠤᠨ ᠤ ᠠᠮᠤᠷ ᠠᠮᠤᠭᠤᠯᠠᠩ ᠳᠤ ᠶᠠᠭᠠᠬᠢᠨ ᠲᠡᠭᠦᠰ ᠦᠵᠡᠰᠭᠦᠯᠡᠩ ᠢ ᠪᠦᠲᠦᠭᠡᠬᠦ      ᠰᠢᠵᠢᠷ ᠲᠤᠶᠠᠭ᠎ᠠ ᠮᠡᠳᠤ ᠡᠬᠡ ᠣᠷᠤᠨ ᠤ ᠪᠠᠨ ᠭᠠᠶᠢᠬᠠᠮᠰᠢᠭ ᠢ ᠶᠠᠭᠠᠬᠢᠨ ᠮᠡᠳᠡᠷᠡᠬᠦ      ᠬᠠᠳᠠ ᠴᠢᠯᠠᠭᠤ ᠮᠡᠲᠦ ᠤᠷᠭᠤᠨ ᠶᠠᠭᠠᠬᠢᠨ ᠦᠩᠭᠡ ᠭᠡᠷᠡᠯ ᠰᠠᠴᠤᠷᠠᠬᠤ      ᠬᠠᠷᠠᠴᠠᠨ ᠠᠴᠠ ᠨᠢ ᠴᠡᠴᠡᠭᠯᠡᠬᠦ ᠪᠦᠬᠦᠨ ᠳᠡᠭᠡᠨ ᠶᠠᠭᠠᠬᠢᠨ ᠡᠷᠬᠢᠮᠰᠦᠭ ᠤᠷᠣᠰᠢᠬᠤ      ᠬᠡᠨ ᠤ ᠲᠦᠯᠦᠭᠡ ᠶᠠᠩᠵᠤᠯᠠᠭᠰᠠᠠᠨ ᠦᠴᠦᠭᠡᠳᠦᠷ ᠢ ᠶᠠᠭᠠᠬᠢᠨ ᠪᠤᠴᠠᠭᠠᠬᠤ      ᠰᠠᠶᠢᠬᠠᠨ ᠪᠦᠭᠡᠳᠡᠯ᠎ᠡ ᠡᠩᠬᠦᠷᠡᠢ ᠵᠠᠯᠠᠭᠤ ᠨᠠᠰᠤ ᠪᠠᠨ ᠴᠡᠴᠡᠭ ᠢᠶᠠᠷ ᠶᠠᠭᠠᠬᠢᠨ ᠲᠦᠰᠦᠭᠡᠯᠡᠬᠦ      ᠰᠠᠶᠢᠬᠠᠨ ᠶᠠᠪᠤᠭᠰᠠᠨ ᠡᠨᠡ ᠪᠡᠶ᠎ᠡ ᠤᠶᠤᠨ ᠰᠠᠨᠠᠭᠠᠨ ᠳᠠᠭᠠᠨ ᠶᠠᠭᠠᠬᠢᠨ ᠪᠠᠶᠠᠰᠬᠤ      ᠠᠮᠢᠳᠦᠷᠠᠯ ᠭᠡᠳᠡᠭ ᠲᠦᠯᠭᠡᠬᠡᠨ ᠤᠷᠣᠰᠬᠠᠯ ᠲᠠᠢ ᠮᠦᠷᠡᠨ ᠢ ᠶᠠᠭᠠᠬᠢᠨ ᠰᠡᠯᠢᠬᠦ      ᠭᠦᠨ ᠰᠦᠨᠢ ᠰᠠᠷᠠᠨ ᠤ ᠬᠡᠴᠡ ᠲᠠᠢ ᠬᠤᠨᠳᠠᠭᠠᠨ ᠠᠴᠠ ᠮᠦᠷᠦᠭᠡᠳᠦᠯ ᠢᠶᠠᠨ ᠶᠠᠭᠠᠬᠢᠨ ᠶᠡᠭᠦᠯᠡᠬᠦ      ᠬᠦᠨᠳᠦᠭᠦᠷᠢ ᠶᠡᠭᠡ ᠲᠠᠢ ᠰᠡᠳᠭᠢᠯ ᠳᠡᠭᠡᠨ ᠶᠠᠭᠠᠬᠢᠨ ᠠᠷᠢᠬᠢ ᠮᠡᠲᠦ ᠰᠤᠭᠲᠣᠬᠤ      ᠠᠮᠤᠷ ᠠᠮᠤᠭᠤᠯᠠᠩ ᠢᠶᠠᠷ ᠤᠷᠭᠤᠵᠣ ᠪᠤᠢ ᠡᠬᠡ ᠤᠷᠣᠨ ᠤ ᠪᠠᠨ ᠰᠢᠨ᠎ᠡ ᠦᠷ ᠢᠶᠠᠷ      ᠨᠤᠲᠤᠭ ᠢᠶᠠᠨ ᠰᠠᠨᠠᠬᠤ᠂ ᠨᠤᠲᠤᠭ ᠢᠶᠠᠨ ᠵᠤᠷᠢᠬᠤ ᠳᠤ ᠶᠠᠭᠠᠬᠢᠨ ᠰᠡᠳᠭᠢᠯ ᠬᠦᠪᠬᠢᠬᠦ      ᠮᠦᠩᠭᠦᠨ ᠰᠢᠬᠢᠳᠭᠡᠭᠡᠷᠢ ᠲᠠᠢ ᠭᠦᠨ ᠤᠭᠲᠠᠷᠭᠤᠢ ᠶᠢᠨ ᠴᠡᠭᠡᠨ ᠭᠡᠷᠡᠯ ᠳᠤ      ᠮᠢᠨᠤ ᠯᠡ ᠬᠠᠶᠢᠷᠠᠲᠠᠢ ᠮᠤᠩᠭᠤᠯ ᠤᠷᠤᠨ ᠤ ᠪᠠᠨ ᠦᠩᠭᠡ ᠶᠢ ᠶᠠᠭᠠᠬᠢᠨ ᠪᠤᠲᠤᠭᠯᠠᠬᠤ      ᠮᠤᠷᠢᠨ ᠤ ᠲᠤᠷᠭᠢᠬᠤ ᠴᠢᠮᠡᠭᠡ ᠬᠠᠶᠠ ᠨᠠᠭᠠᠰᠢᠯᠠᠨ ᠬᠠᠶᠠ ᠴᠠᠭᠠᠰᠢᠯᠠᠬᠤ      ᠮᠦᠩᠬᠡ ᠶᠢᠨ ᠶᠤᠮ ᠰᠢᠭ ᠦᠯᠢᠭᠡᠷ ᠤᠳ ᠢ ᠶᠠᠭᠠᠬᠢᠨ ᠡᠮᠰᠡᠭᠯᠡᠨ ᠲᠤᠭᠤᠷᠪᠢᠬᠤ      ᠭᠡᠵᠢᠭᠡ ᠶᠢ ᠠᠯᠳᠠᠷᠠᠭᠠᠬᠤ ᠰᠠᠯᠬᠢᠨ ᠲᠤᠮᠳᠠᠭᠤᠷ ᠲᠤᠭᠤᠴᠢᠨ ᠶᠠᠪᠤᠬᠤᠢ ᠳᠤ      ᠠᠯᠠᠭ ᠲᠤᠩᠭ᠎ᠠ ︽ᠠᠳ᠂ ᠠᠳ︾ ᠬᠡᠮᠡᠨ ᠪᠠᠭ᠎ᠠ ᠨᠠᠰᠤ ᠶᠢ ᠠᠨᠢᠷᠲᠠᠭᠤᠯᠬᠤ      ᠵᠦᠯᠭᠡᠨ ᠳᠡᠭᠡᠷ᠎ᠡ ᠨᠢᠲᠦ ᠪᠠᠨ ᠠᠨᠢᠨ ᠰᠡᠳᠭᠢᠯ ᠢᠶᠠᠨ ᠴᠢᠩᠨᠠᠨ ᠬᠡᠪᠲᠡᠬᠦᠢ ᠳᠤ      ᠡᠵᠢ ᠶᠢᠨ ᠮᠢᠨᠢ ᠵᠦᠭᠡᠯᠡᠨ ᠠᠮᠢᠰᠬᠤᠭ᠎ᠠ ᠬᠠᠴᠠᠷ ᠢ ᠦᠨᠦᠰᠤᠨ ᠡᠩᠬᠦᠷᠡᠶᠢᠯᠡᠬᠦ      ᠱᠠᠨᠵᠠᠨ ᠤ ᠠᠶᠠᠯᠭᠤ ᠮᠡᠲᠦ ᠨᠤᠲᠤᠭ ᠤᠨ ᠰᠠᠯᠬᠢᠨ ᠳᠤ ᠭᠠᠷᠬᠤᠢ      ᠰᠢᠪᠠᠭᠤᠳ ᠨᠡᠭᠦᠭᠰᠡᠭᠡᠷ ᠢᠷᠡᠵᠦ ᠪᠠᠶᠢᠬᠤ ᠶᠢ ᠬᠠᠷᠠᠵᠤ ᠲᠤᠭᠳᠤᠯᠬᠤᠢ      ᠰᠢᠨ᠎ᠡ ᠤᠨ ᠲᠡᠯᠭᠡᠷᠡᠭᠰᠡᠭᠡᠷ ᠪᠠᠶᠢᠭ᠎ᠠ ᠶᠢ ᠪᠠᠭ᠋ᠠᠷᠬᠠᠵᠣ ᠵᠢᠰᠦ ᠪᠠᠨ ᠴᠢᠮᠡᠬᠦᠢ      ᠠᠶᠢᠰᠤᠢ ᠴᠠᠭ ᠤᠨ ᠭᠠᠵᠠᠷ ᠤᠰᠤᠨ ᠤᠶᠠᠩᠭ᠎ᠠ ᠬᠦᠭᠵᠢᠮ ᠳᠤ ᠠᠷᠢᠭᠤᠰᠬᠤᠢ
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号