ᠬᠠᠪᠤᠷ ᠠᠶᠢᠰᠤᠢ ᠴᠢᠮᠡᠭᠡ
ᠨᠡᠶᠢᠲᠡᠯᠡᠭᠰᠡᠨ ᠴᠠᠭ᠄
2024/5/6
      ᠮᠢᠩᠭᠠᠨ ᠭᠠᠵᠠᠷ ᠤᠨ ᠠᠯᠤᠰ ᠠᠴᠠ ᠬᠠᠪᠤᠷ ᠤᠨ ᠤᠷᠢ ᠨᠠᠭᠠᠰᠢᠯᠠᠵᠤ      ᠮᠦᠷᠦᠭᠡᠳᠤᠯ ᠰᠠᠷᠠᠯᠵᠠᠵᠤ ᠤᠰᠤᠨ ᠤ ᠠᠶᠠᠯᠭᠤ ᠶᠢ ᠬᠦᠭᠵᠢᠮᠳᠡᠨ᠎ᠠ      ᠮᠠᠨᠠᠨᠳᠤ ᠬᠦᠭᠡ ᠠᠭᠤᠯᠠᠰ ᠲᠡᠭᠡᠳᠤᠰ ᠤᠨ ᠰᠦᠷ ᠢ ᠡᠷᠬᠦᠵᠤ      ᠲᠤᠮᠤᠭ ᠠᠯᠤᠰᠷᠠᠵᠤ ᠰᠠᠯᠬᠢᠨ ᠤ ᠬᠦᠯ ᠢ ᠲᠤᠱᠠᠨ᠎ᠠ      ᠮᠦᠷᠦᠭᠡᠳᠤᠯ ᠵᠠᠭᠤᠭᠰᠠᠨ ᠵᠠᠭᠤᠨ ᠤ ᠮᠢᠩᠭᠠᠨ ᠮᠢᠩᠭᠠᠨ ᠰᠢᠪᠠᠭᠤᠳ      ᠢᠷᠭᠠᠯ ᠬᠠᠳᠠᠨ ᠤ ᠰᠠᠵᠢᠬᠦᠷ ᠲᠤ ᠡᠬᠦᠷ ᠢᠶᠠᠨ ᠵᠠᠰᠠᠵᠤ ᠲᠤᠩᠭᠤᠳᠤᠨ᠎ᠠ      ᠮᠦᠡᠭᠭᠡᠷᠡᠯ ᠤᠨ ᠭᠤᠸ᠎ᠠ ᠡᠭᠡᠰᠢᠭ ᠢ ᠦᠨᠳᠤᠰᠤ ᠨᠠᠮᠠᠭᠠᠤᠨ ᠲᠠᠭᠤᠯᠠᠵᠤ      ᠮᠦᠴᠢᠷ ᠢᠶᠠᠨ ᠲᠡᠯᠭᠡᠭᠰᠠᠨ ᠰᠢᠭᠤᠶᠢᠳ ᠰᠠᠯᠬᠢ ᠰᠦᠷᠦᠨ ᠰᠢᠬᠦᠷᠯᠠᠨ᠎ᠠ      ᠶᠠᠪᠤᠬᠤᠢ᠂ ᠲᠠᠯ᠎ᠠ ᠳᠤ ᠨᠤᠶᠠᠯᠠᠭᠰᠠᠨ ᠰᠠᠯᠬᠢ ᠰᠢᠯᠢ ᠲᠠᠭᠠᠭᠠᠳ      ᠢᠷᠡᠬᠦᠢ᠂ ᠲᠠᠰᠤᠷᠠᠭᠰᠠᠨ ᠶᠤᠩᠬᠤᠷ ᠢ ᠵᠠᠯᠭᠠᠵᠤ ᠬᠦᠭᠵᠢᠮ ᠡᠭᠡᠰᠢᠭᠯᠡᠭᠳᠡᠭᠡᠳ      ᠦᠷᠬᠦᠢ᠂ ᠦᠨᠦᠴᠢᠨ ᠪᠦᠷᠬᠦᠳ ᠤᠨ ᠡᠬᠦᠷ ᠢᠶᠠᠨ ᠰᠠᠬᠢᠭᠰᠠᠨ ᠬᠠᠳᠠ      ᠬᠢᠨᠠᠬᠤᠢ᠂ ᠶᠡᠭᠡ ᠤᠯᠠᠨ ᠡᠪᠤᠯ ᠬᠠᠪᠤᠷ ᠤᠨ ᠪᠠᠶᠢᠷᠢ ᠪᠤᠯᠢᠶᠠᠯᠳᠤᠭᠰᠠᠨ ᠪᠠᠭᠤᠷᠢ      ᠵᠢᠷᠦᠭᠡ ᠲᠠᠭᠵᠢᠭᠤᠯᠤᠭᠰᠠᠨ ᠬᠦᠢᠳᠠᠨ ᠰᠠᠮ ᠰᠠᠮᠬᠡᠨ ᠠᠶᠡᠷᠯᠠᠭᠠᠳ      ᠵᠢᠩ ᠲᠠᠭᠠᠭᠠᠭᠰᠠᠨ ᠪᠤᠳᠤᠯ ᠴᠡᠴᠡᠭᠡᠰ ᠤᠨ ᠲᠠᠯᠪᠢ ᠳᠤ ᠡᠷᠬᠡᠯᠠᠨ᠎ᠠ      ᠵᠢᠷᠬᠢᠨ ᠵᠢᠷᠬᠢᠬᠦ ᠰᠢᠪᠠᠭᠤᠳ ᠤᠨ ᠮᠢᠩᠭᠠᠨ ᠡᠭᠡᠰᠢᠭ ᠲᠤ ᠰᠤᠭᠳᠤᠭᠤᠷᠠᠵᠤ      ᠵᠠᠬᠦᠳᠤᠨ ᠤ ᠲᠦᠮᠠᠨ ᠬᠦᠰᠡᠯ ᠬᠠᠪᠤᠷ ᠤᠨ ᠬᠤᠷ᠎ᠠ ᠪᠠᠷ ᠰᠠᠷᠪᠠᠶᠢᠨ᠎ᠠ      ᠲᠠᠯ᠎ᠠ ᠶᠢᠨ ᠪᠠᠷ᠎ᠠ ᠬᠦᠭᠡᠷᠡᠵᠤ ᠰᠢᠨᠡᠭᠡᠨ ᠲᠡᠷᠯᠢᠭ ᠢᠶᠠᠨ ᠭᠡᠳᠤᠷᠠᠨ᠎ᠠ      ᠡᠭᠡ ᠪᠠᠶᠢᠭᠠᠯᠢ ᠲᠡᠭᠡᠷ᠎ᠠ ᠨᠢ ᠪᠤᠮᠠᠨ ᠴᠡᠴᠡᠭᠡᠰ ᠢᠶᠠᠨ ᠬᠠᠳᠬᠤᠮᠠᠯᠯᠠᠨ᠎ᠠ      ᠲᠠᠨᠠᠨ ᠴᠠᠩᠭᠡᠷ ᠢᠷᠭᠤᠢ ᠠᠳᠠᠷ ᠴᠢᠮᠡᠭᠯᠡᠨ ᠲᠤᠶ᠋ᠢᠯᠵᠠᠭᠠᠳ      ᠲᠤᠮᠤᠭ ᠤᠨ ᠮᠢᠩᠭᠠᠨ ᠬᠠᠭᠤᠳᠠᠰᠤ ᠶᠢ ᠲᠠᠯᠪᠡᠭᠡᠨ ᠲᠡᠭᠡᠷ᠎ᠠ ᠨᠢ ᠤᠷᠠᠯᠠᠨ᠎ᠠ      ᠦᠯᠢᠭᠡᠷ ᠤᠨ ᠨᠢᠭᠡᠨ ᠰᠠᠯᠠᠭ᠎ᠠ ᠰᠠᠯᠬᠢᠨ ᠤ ᠭᠡᠯᠠ ᠲᠡᠭᠡᠷ᠎ᠠ ᠲᠡᠬᠦᠰᠦᠨ᠎ᠠ      ᠤᠶᠡᠩᠭ᠎ᠠ ᠶᠢᠨ ᠨᠢᠭᠡᠨ ᠱᠠᠳ ᠨᠠᠷᠠᠨ ᠤ ᠭᠡᠷᠡᠯ ᠢ ᠡᠰᠭᠡᠨ᠎ᠡ      ᠲᠠᠭᠠᠷᠠᠬᠤ ᠪᠠ ᠬᠠᠯᠠᠭᠤᠳᠠᠬᠤ ᠡᠭᠡ ᠪᠠᠶᠢᠭᠠᠯᠢ ᠶᠢᠨ ᠵᠦᠢ      ᠲᠡᠯᠭᠡᠷᠡᠬᠦ ᠪᠠ ᠵᠤᠯᠭᠠᠷᠠᠬᠤ ᠬᠦᠮᠦᠨ ᠨᠠᠶᠢᠭᠡᠮ ᠤᠨ ᠵᠢᠮ᠎ᠠ —      ᠴᠡᠴᠡᠭᠡᠰ ᠤᠨ ᠲᠠᠯᠪᠢ ᠲᠡᠭᠡᠷ᠎ᠠ ᠬᠠᠪᠤᠷ ᠤᠨ ᠵᠠᠬᠦᠳᠤ ᠲᠡᠷᠡᠯᠡᠩᠬᠡᠨ      ᠴᠢᠩ ᠪᠠᠶᠢᠭᠠᠯᠢ ᠶᠢ ᠴᠢᠮᠠᠬᠦ ᠬᠦᠭᠡᠮᠳᠦᠭ ᠤᠨᠢᠶᠠᠷ ᠦᠶᠦᠭᠬᠡᠨ      ᠬᠦᠴᠦ ᠲᠠᠮᠢᠷ ᠢᠶᠠᠨ ᠰᠦᠢᠬᠤ ᠭᠡᠮᠡᠨ᠎ᠡ ᠤᠷᠤᠭᠰᠢ ᠪᠠᠨ ᠬᠠᠷᠠᠭᠠᠷᠠᠢ      ᠬᠦᠭᠵᠢᠵᠤ ᠲᠦᠷᠡᠯᠵᠡᠭᠰᠠᠨ ᠠᠶᠢᠰᠤᠢ ᠬᠠᠪᠤᠷ ᠤᠨ ᠴᠢᠮᠡᠭᠡ ᠶᠢ ᠁
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号