4 ᠳ᠋ᠦ᠋ᠭᠡᠷ ᠰᠠᠷ᠎ᠠ ᠶᠢᠨ 10 ᠤ ᠡᠳᠦᠷ᠂ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ | ᠲᠡᠭᠡᠭᠡᠪᠦᠷᠢ ᠶᠢᠨ ᠲᠢᠩᠬᠢᠮ᠂ ᠥᠪᠡᠷᠲᠡᠭᠡᠨ ᠵᠠᠰᠠᠬᠤ ᠣᠷᠣᠨ ᠤ ᠳᠣᠲᠣᠭᠠᠳᠤ ᠶᠢ ᠬᠠᠮᠠᠭᠠᠯᠠᠬᠤ ᠲᠢᠩᠬᠢᠮ ᠬᠠᠮᠲᠤᠷᠠᠨ | ᠪᠦᠬᠦ ᠣᠷᠣᠨ ᠤ ᠵᠠᠰᠠᠮᠠᠯ ᠵᠠᠮ ᠤᠨ ᠬᠤᠷᠳᠤᠴᠠ ᠬᠢᠵᠠᠭᠠᠷᠯᠠᠬᠤ ᠶᠢ ᠲᠣᠬᠢᠷᠠᠭᠤᠯᠬᠤ ᠵᠢᠴᠢ ᠠᠶᠠᠯᠠᠯ ᠤᠨ | ᠦᠢᠯᠡᠴᠢᠯᠡᠭᠡ ᠶᠢ ᠰᠢᠯᠢᠳᠡᠭᠵᠢᠭᠦᠯᠬᠦ ᠠᠵᠢᠯ ᠤᠨ ᠪᠠᠶᠢᠷᠢᠯᠠᠭᠤᠯᠤᠯᠲᠠ ᠶᠢᠨ ᠸᠢᠳᠢᠣ᠋ ᠬᠤᠷᠠᠯ ᠬᠤᠷᠠᠯᠳᠤᠭᠤᠯᠵᠤ᠂ ᠬᠤᠶᠠᠷ | ᠰᠠᠯᠠᠭ᠎ᠠ ᠮᠥᠴᠢᠷ ᠪᠥᠬᠦ ᠣᠷᠣᠨ ᠤ ᠳᠡᠭᠡᠳᠦ ᠲᠠᠰ ᠤᠨ ᠵᠠᠰᠠᠮᠠᠯ ᠵᠠᠮ ᠤᠨ ᠬᠤᠷᠳᠤᠴᠠ ᠬᠢᠵᠠᠭᠠᠷᠯᠠᠬᠤ ᠶᠢ | ᠲᠣᠬᠢᠷᠠᠭᠤᠯᠬᠤ ᠠᠵᠢᠯ ᠢ ᠵᠢᠩᠬᠢᠨᠢ ᠪᠠᠷ ᠡᠬᠢᠯᠡᠭᠦᠯᠦᠨ᠂ ᠪᠥᠬᠦ ᠣᠷᠣᠨ ᠤ ᠬᠤᠷᠳᠤᠴᠠ ᠶᠢ 120 ᠺᠢᠯᠤᠮᠧᠲᠷ / | ᠴᠠᠭ ᠠᠴᠠ ᠳᠣᠣᠷ᠎ᠠ ᠪᠠᠷ ᠬᠢᠵᠠᠭᠠᠷᠯᠠᠬᠤ ᠲᠦᠷᠭᠡᠨ ᠤ ᠵᠠᠰᠠᠮᠠᠯ ᠵᠠᠮ᠂ ᠬᠤᠷᠳᠤᠴᠠ ᠶᠢ 80 ᠺᠢᠯᠤᠮᠧᠲᠷ / ᠴᠠᠭ ᠠᠴᠠ | ᠳᠣᠣᠷ᠎ᠠ ᠪᠠᠷ ᠬᠢᠵᠠᠭᠠᠷᠯᠠᠬᠤ ᠨᠢᠭᠡᠳᠦᠭᠡᠷ ᠳᠡᠰ ᠤᠨ ᠵᠠᠰᠠᠮᠠᠯ ᠵᠠᠮ ᠳᠤ ᠣᠷᠣᠨ ᠪᠦᠰᠡ᠂ ᠲᠡᠷᠭᠡᠨ ᠤ ᠬᠡᠯᠪᠡᠷᠢ᠂ ᠲᠡᠷᠭᠡᠨ | ᠵᠠᠮ ᠬᠤᠪᠢᠶᠠᠨ ᠬᠤᠷᠳᠤᠴᠠ ᠬᠢᠵᠠᠭᠠᠷᠯᠠᠬᠤ ᠶᠢ ᠰᠢᠯᠢᠳᠡᠭᠵᠢᠭᠦᠯᠦᠨ ᠲᠣᠬᠢᠷᠠᠭᠤᠯᠬᠤ ᠠᠴᠠ ᠳᠡᠭᠡᠳᠦ ᠲᠠᠰ ᠤᠨ ᠵᠠᠰᠠᠮᠠᠯ | ᠵᠠᠮ ︽ᠬᠤᠷᠳᠤᠴᠠ ᠪᠠᠨ ᠲᠦᠷᠭᠡᠳᠬᠡᠬᠦ︾ ᠴᠠᠭ ᠦᠶ᠎ᠡ ᠳᠤ ᠣᠷᠣᠨ᠎ᠠ ᠭᠡᠵᠡᠢ᠃ | ᠪᠦᠬᠦ ᠣᠷᠣᠨ ᠤ ᠳᠡᠭᠡᠳᠦ ᠳᠡᠰ ᠤᠨ ᠵᠠᠰᠠᠮᠠᠯ ᠵᠠᠮ ᠤᠨ ᠬᠤᠷᠳᠤᠴᠠ ᠬᠢᠵᠠᠭᠠᠷᠯᠠᠬᠤ ᠶᠢ ᠲᠣᠬᠢᠷᠠᠭᠤᠯᠬᠤ | ᠲᠤᠰᠬᠠᠢ ᠠᠵᠢᠯ ᠤᠨ ᠳᠤᠭᠤᠶᠢᠯᠠᠩ ᠨᠢ ᠲᠥᠷᠥᠯ ᠬᠤᠪᠢᠶᠠᠨ ᠠᠷᠭ᠎ᠠ ᠪᠣᠳᠣᠯᠭ᠎ᠠ ᠬᠡᠷᠡᠭᠵᠢᠭᠦᠯᠬᠦ᠂ ᠤᠷᠢᠳ ᠢᠶᠠᠷ | ᠬᠢᠯᠪᠠᠷ ᠢ ᠨᠢ ᠳᠠᠷᠠᠭ᠎ᠠ ᠨᠢ ᠬᠦᠴᠢᠷᠲᠡᠢ ᠶᠢ ᠨᠢ ᠰᠢᠢᠳᠪᠦᠷᠢᠯᠡᠬᠦ᠂ ᠬᠤᠯᠠ ᠣᠶᠢᠷ᠎ᠠ ᠶᠢ ᠤᠶᠠᠯᠳᠤᠭᠤᠯᠬᠤ᠂ ᠠᠮᠤᠷ | ᠲᠦᠪᠰᠢᠨ ᠢ ᠦᠨᠡᠨ ᠬᠦ ᠪᠠᠲᠤᠯᠠᠬᠤ ᠵᠠᠷᠴᠢᠮ ᠶᠣᠰᠣᠭᠠᠷ᠂ ᠬᠤᠷᠳᠤᠴᠠ ᠬᠢᠵᠠᠭᠠᠷᠯᠠᠬᠤ ᠶᠢ ᠲᠣᠬᠢᠷᠠᠭᠤᠯᠬᠤ᠂ | ᠪᠡᠯᠡᠳᠬᠡᠮᠵᠢ ᠶᠢ ᠲᠡᠭᠦᠯᠳᠡᠷᠵᠢᠭᠦᠯᠬᠦ᠂ ᠬᠠᠤᠯᠢ ᠬᠡᠷᠡᠭᠵᠢᠭᠦᠯᠬᠦ ᠶᠢ ᠵᠢᠷᠤᠮᠵᠢᠭᠤᠯᠬᠤ ᠵᠡᠷᠭᠡ ᠠᠷᠭ᠎ᠠ ᠬᠡᠮᠵᠢᠶ᠎ᠡ ᠠᠪᠬᠤ ᠪᠠᠷ | ᠳᠠᠮᠵᠢᠭᠤᠯᠤᠨ᠂ ᠳᠡᠭᠡᠳᠦ ᠲᠠᠰ ᠤᠨ ᠵᠠᠰᠠᠮᠠᠯ ᠵᠠᠮ ᠤᠨ ᠬᠤᠷᠳᠤᠴᠠ ᠬᠢᠵᠠᠭᠠᠷᠯᠠᠭᠰᠠᠨ ᠨᠢ ᠳᠣᠣᠷ᠎ᠠ᠂ ᠬᠤᠷᠳᠤᠴᠠ | ᠬᠢᠵᠠᠭᠠᠷᠯᠠᠬᠤ ᠲᠡᠮᠳᠡᠭ ᠢ ᠪᠠᠶᠢᠷᠢᠯᠠᠭᠤᠯᠤᠭᠰᠠᠨ ᠨᠢ ᠵᠣᠬᠢᠰ ᠦᠭᠡᠢ ᠵᠡᠷᠭᠡ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ | 2024 ᠣᠨ ᠤ ︽5.1︾ ᠠᠴᠠ ᠡᠮᠦᠨ᠎ᠡ 50% ᠶᠢᠨ ᠲᠦᠷᠭᠡᠨ ᠤ ᠵᠠᠰᠠᠮᠠᠯ ᠵᠠᠮ ᠤᠨ ᠬᠤᠷᠳᠤᠴᠠ | ᠬᠢᠵᠠᠭᠠᠷᠯᠠᠬᠤ ᠶᠢ ᠰᠢᠯᠢᠳᠡᠭᠵᠢᠭᠦᠯᠦᠨ ᠲᠣᠬᠢᠷᠠᠭᠤᠯᠬᠤ ᠪᠠᠷ ᠬᠦᠴᠦᠯᠡᠨ ᠴᠢᠷᠮᠠᠶᠢᠵᠤ᠂ 2025 ᠣᠨ ᠤ ᠰᠡᠭᠦᠯᠴᠢ ᠪᠠᠷ | ᠨᠥᠬᠦᠴᠡᠯ ᠪᠦᠷᠢᠳᠦᠭᠦᠯᠦᠭᠰᠡᠨ ᠳᠡᠭᠡᠳᠦ ᠲᠠᠰ ᠤᠨ ᠵᠠᠰᠠᠮᠠᠯ ᠵᠠᠮ ᠤᠨ ᠬᠤᠷᠳᠤᠴᠠ ᠬᠢᠵᠠᠭᠠᠷᠯᠠᠬᠤ ᠳᠤ | ᠲᠣᠬᠢᠷᠠᠭᠤᠯᠤᠯᠲᠠ ᠬᠢᠬᠦ ᠪᠦᠬᠦᠯᠢ ᠴᠣᠭᠴᠠ ᠶᠢᠨ ᠠᠵᠢᠯ ᠢ ᠪᠡᠶᠡᠯᠡᠭᠦᠯᠬᠦ ᠪᠣᠯᠣᠨ᠎ᠠ᠃ | ︽ᠮᠡᠷᠭᠡᠵᠢᠯ ᠤᠨ ᠭᠦᠢᠴᠡᠳᠬᠡᠯ ᠲᠤᠭ᠎ᠠ ᠶᠢ ᠬᠠᠷᠭᠤᠭᠤᠯᠤᠨ ᠪᠠᠶᠢᠴᠠᠭᠠᠬᠤ ᠪᠠᠷ ᠳᠡᠮᠵᠢᠨ᠂ ᠣᠳᠣᠬᠠᠨ ᠳᠤ | ᠪᠢᠳᠡ ᠲᠣᠬᠢᠷᠠᠭᠤᠯᠤᠯᠲᠠ ᠬᠢᠬᠦ ᠪᠠᠷ ᠪᠠᠶᠢᠭ᠎ᠠ ᠵᠠᠮ ᠤᠨ ᠬᠡᠰᠡᠭ ᠢ ᠠᠩᠬ᠎ᠠ ᠠᠯᠬᠤᠮ ᠲᠣᠭᠲᠠᠭᠠᠵᠠᠢ᠂ ᠵᠠᠮ ᠤᠨ | ᠶᠠᠪᠤᠳᠠᠯ ᠤᠨ ᠬᠠᠤᠯᠢ ᠬᠡᠷᠡᠭᠵᠢᠭᠦᠯᠬᠦ᠂ ᠳᠣᠲᠣᠭᠠᠳᠤ ᠶᠢ ᠬᠠᠮᠠᠭᠠᠯᠠᠬᠤ ᠵᠠᠮ ᠬᠠᠷᠢᠯᠴᠠᠭᠠᠨ ᠤ ᠬᠠᠮᠢᠶᠠᠷᠤᠯᠲᠠ᠂ | ᠡᠵᠡᠩᠨᠡᠯᠲᠡ ᠠᠷᠠᠴᠢᠯᠠᠯᠲᠠ ᠶᠢᠨ ᠨᠢᠭᠡᠴᠢ ᠨᠦᠭᠦᠳ ᠲᠣᠬᠢᠷᠠᠭᠤᠯᠤᠯᠲᠠ ᠬᠢᠬᠦ ᠪᠠᠷ ᠪᠠᠶᠢᠭ᠎ᠠ ᠵᠠᠮ ᠤᠨ ᠬᠡᠰᠡᠭ ᠢ ᠬᠡᠰᠡᠭ | ᠳᠠᠷᠠᠭᠠᠯᠠᠨ ᠲᠤᠬᠠᠢ ᠶᠢᠨ ᠲᠠᠯᠠᠪᠤᠷ ᠲᠤ ᠨᠢ ᠬᠠᠷᠭᠤᠭᠤᠯᠤᠨ ᠪᠠᠶᠢᠴᠠᠭᠠᠵᠤ ᠪᠠᠶᠢᠨ᠎ᠠ᠂ ᠲᠤᠬᠠᠢ ᠶᠢᠨ ᠲᠠᠯᠠᠪᠤᠷ ᠲᠤ ᠨᠢ | ᠬᠠᠷᠭᠤᠭᠤᠯᠤᠨ ᠪᠠᠶᠢᠴᠠᠭᠠᠭᠰᠠᠨ ᠤ ᠳᠠᠷᠠᠭ᠎ᠠ᠂ ᠬᠠᠮᠤᠭ ᠤᠨ ᠡᠴᠦᠰ ᠲᠤ ᠲᠣᠬᠢᠷᠠᠭᠤᠯᠤᠯᠲᠠ ᠬᠢᠬᠦ ᠵᠠᠮ ᠤᠨ ᠬᠡᠰᠡᠭ ᠢ | ᠲᠣᠭᠲᠠᠭᠠᠨ᠎ᠠ᠃︾ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠬᠠᠮᠢᠶ᠎ᠠ | ᠪᠦᠬᠦᠢ ᠬᠠᠷᠢᠭᠤᠴᠠᠯᠭᠠᠲᠠᠨ ᠤ ᠲᠠᠨᠢᠯᠴᠠᠭᠤᠯᠤᠭᠰᠠᠨ ᠢᠶᠠᠷ᠂ ᠵᠠᠮ ᠤᠨ ᠬᠡᠰᠡᠭ ᠲᠤ ᠲᠣᠬᠢᠷᠠᠭᠤᠯᠤᠯᠲᠠ ᠬᠢᠭᠰᠡᠨ ᠤ | ᠳᠠᠷᠠᠭ᠎ᠠ ᠨᠡᠶᠢᠭᠡᠮ ᠨᠡᠶᠢᠲᠡ ᠳᠤ ᠵᠠᠷᠯᠠᠨ ᠮᠡᠳᠡᠭᠳᠡᠬᠦ ᠶᠢᠨ ᠬᠠᠮᠲᠤ ᠵᠠᠮ ᠬᠠᠷᠢᠯᠴᠠᠭ᠎ᠠ ᠲᠡᠭᠡᠭᠡᠪᠦᠷᠢ ᠶᠢᠨ ᠰᠠᠯᠠᠭ᠎ᠠ ᠮᠥᠴᠢᠷ | ᠵᠠᠰᠠᠮᠠᠯ ᠵᠠᠮ ᠤᠨ ᠲᠡᠮᠳᠡᠭ ᠵᠢᠷᠤᠭᠠᠰᠤ ᠨᠤᠭᠤᠳ ᠲᠤ ᠲᠣᠬᠢᠷᠠᠭᠤᠯᠤᠯᠲᠠ ᠬᠢᠵᠦ᠂ ᠳᠣᠲᠣᠭᠠᠳᠤ ᠶᠢ ᠬᠠᠮᠠᠭᠠᠯᠠᠬᠤ ᠵᠠᠮ | ᠬᠠᠷᠢᠯᠴᠠᠭᠠᠨ ᠤ ᠬᠠᠮᠢᠶᠠᠷᠤᠯᠲᠠ ᠶᠢᠨ ᠰᠠᠯᠠᠭ᠎ᠠ ᠮᠥᠴᠢᠷ ᠬᠤᠷᠳᠤᠴᠠ ᠬᠢᠵᠠᠭᠠᠷᠯᠠᠬᠤ ᠰᠢᠰᠲ᠋ᠧᠮ ᠵᠢᠴᠢ ᠬᠤᠷᠳᠤᠴᠠ ᠶᠢ | ᠬᠡᠮᠵᠢᠬᠦ ᠲᠥᠬᠦᠭᠡᠷᠦᠮᠵᠢ ᠳᠤ ᠵᠡᠷᠭᠡ ᠳᠤ ᠨᠢ ᠲᠣᠬᠢᠷᠠᠭᠤᠯᠤᠯᠲᠠ ᠬᠢᠨ᠎ᠡ ᠭᠡᠵᠡᠢ᠃ | ᠡᠭᠦᠨ ᠠᠴᠠ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠰᠠᠯᠠᠭ᠎ᠠ | ᠮᠥᠴᠢᠷ ᠪᠠᠰᠠ ᠵᠢᠭᠤᠯᠴᠢᠯᠠᠯ ᠤᠨ ᠦᠢᠯᠡᠴᠢᠯᠡᠭᠡᠨ ᠤ ᠪᠠᠲᠤᠯᠠᠭ᠎ᠠ ᠶᠢᠨ ᠲᠦᠪᠰᠢᠨ ᠢ ᠳᠡᠭᠡᠭᠰᠢᠯᠡᠭᠦᠯᠬᠦ᠂ ᠲᠣᠭᠤᠷᠢᠨ | ᠵᠤᠭᠠᠴᠠᠬᠤ ᠲᠦᠷᠢᠶᠡᠰᠦᠨ ᠮᠠᠰᠢᠨ ᠲᠡᠷᠭᠡᠨ ᠤ ᠦᠢᠯᠡᠴᠢᠯᠡᠭᠡᠨ ᠤ ᠲᠣᠪᠤᠶᠢᠮ᠎ᠠ ᠠᠰᠠᠭᠤᠳᠠᠯ ᠢ ᠲᠤᠰᠬᠠᠢ ᠴᠡᠭᠴᠡᠯᠡᠨ | ᠵᠠᠰᠠᠬᠤ᠂ ᠦᠲᠡᠭᠦᠰ ᠲᠤ ᠲᠣᠬᠢᠷᠠᠭᠤᠯᠤᠨ ᠰᠠᠭᠠᠳ ᠦᠭᠡᠶᠢᠵᠢᠭᠦᠯᠬᠦ ᠵᠠᠮ ᠬᠠᠷᠢᠯᠴᠠᠭᠠᠨ ᠤ ᠠᠶᠠᠯᠠᠯ ᠤᠨ | ᠦᠢᠯᠡᠴᠢᠯᠡᠭᠡᠨ ᠤ ᠬᠡᠪᠴᠢᠶ᠎ᠡ ᠶᠢ ᠥᠷᠭᠡᠳᠬᠡᠨ ᠶᠠᠰᠤ ᠴᠢᠨᠠᠷ ᠢ ᠳᠡᠭᠡᠭᠰᠢᠯᠡᠭᠦᠯᠵᠦ ᠦᠷ᠎ᠡ ᠠᠰᠢᠭ ᠢ ᠨᠡᠮᠡᠭᠳᠡᠭᠦᠯᠬᠦ᠂ | ᠲᠦᠷᠭᠡᠨ ᠤ ᠵᠠᠰᠠᠮᠠᠯ ᠵᠠᠮ ᠤᠨ ᠬᠡᠮᠵᠢᠶ᠎ᠡ ᠳᠠᠭᠠᠭᠠᠴᠠ ᠠᠴᠠ ᠬᠡᠲᠦᠷᠡᠭᠰᠡᠨ ᠢ ᠲᠤᠰᠬᠠᠢ ᠴᠡᠭᠴᠡᠯᠡᠨ ᠵᠠᠰᠠᠬᠤ ᠵᠡᠷᠭᠡ 7 | ᠲᠤᠰᠬᠠᠢ ᠠᠵᠢᠯᠯᠠᠭ᠎ᠠ ᠦᠷᠨᠢᠭᠦᠯᠵᠦ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠵᠠᠮ ᠤᠨ ᠪᠠᠶᠢᠳᠠᠯ ᠤᠨ ᠲᠦᠪᠰᠢᠨ᠂ | ᠦᠢᠯᠡᠴᠢᠯᠡᠭᠡᠨ ᠤ ᠶᠠᠰᠤ ᠴᠢᠨᠠᠷ ᠵᠡᠷᠭᠡ ᠲᠠᠯ᠎ᠠ ᠪᠠᠷ ᠦᠨᠡᠨ ᠪᠣᠳᠠᠲᠠᠢ ᠦᠷ᠎ᠡ ᠪᠦᠲᠦᠮᠵᠢ ᠣᠯᠬᠤ ᠶᠢ ᠦᠨᠡᠨ ᠬᠦ | ᠪᠠᠲᠤᠯᠠᠵᠤ᠂ ᠣᠯᠠᠨ ᠲᠦᠮᠡᠨ ᠤ ᠠᠶᠠᠯᠠᠯ ᠤᠨ ᠲᠥᠷᠥᠭᠳᠡᠯ ᠢ ᠲᠠᠰᠤᠷᠠᠯᠲᠠ ᠦᠭᠡᠢ ᠰᠢᠯᠢᠳᠡᠭᠵᠢᠭᠦᠯᠦᠨ᠎ᠡ᠃ | |