ᠪᠤᠭᠤ ᠰᠢᠳᠠᠷ᠎ᠠ ᠶᠢᠨ ᠲᠦᠷᠦᠯ ᠵᠦᠢᠯ ᠪᠤᠭᠤ ᠰᠢᠳᠠᠷ᠎ᠠ ᠶᠢᠨ ᠲᠦᠷᠦᠯ ᠵᠦᠢᠯ ᠠᠴᠠ ᠬᠡᠳᠤ ᠶᠢ ᠲᠠᠨᠢᠯᠴᠠᠭᠤᠯᠤᠶ᠎ᠠ | 1. ᠡᠪᠡᠷ ᠪᠤᠭᠤ ᠡᠪᠡᠷ ᠪᠤᠭᠤ ᠨᠢ ᠬᠤᠶᠠᠷ ᠨᠣᠬᠠᠢ ᠪᠠ ᠨᠢᠭᠡ ᠪᠤᠭᠤ ᠪᠠᠷ ᠪᠦᠷᠢᠯᠳᠦᠵᠡᠢ᠃ ᠰᠢᠳᠠᠷ᠎ᠠ ᠶᠢᠨ | ᠬᠦᠯᠭᠡ ᠨᠢ ᠦᠬᠡᠷ ᠤᠨ ᠡᠪᠡᠷ ᠬᠡᠯᠪᠡᠷᠢ ᠲᠠᠢ᠂ 13 ᠰᠠᠭᠤᠳᠠᠯ ᠲᠠᠢ᠃ | ᠨᠡᠭᠦᠬᠦ ᠠᠷᠭ᠎ᠠ᠄ ᠬᠤᠶᠠᠷ ᠨᠤᠬᠠᠢ ᠪᠠᠷ ᠨᠢᠭᠡ ᠪᠤᠭᠤ ᠶᠢ ᠬᠠᠰᠢᠵᠤ ᠦᠬᠡᠷ ᠤᠨ ᠡᠪᠡᠷ ᠤᠨ ᠦᠵᠦᠭᠦᠷ ᠲᠤ | ᠬᠠᠭᠠᠨ᠎ᠠ᠃ ᠪᠤᠭᠤ ᠪᠠᠷᠢᠭᠰᠠᠨ ᠨᠢ ᠣᠷᠢᠳ ᠢᠶᠠᠷ ᠨᠡᠭᠦᠵᠤ᠂ ᠨᠤᠬᠠᠢ ᠪᠠᠷᠢᠭᠰᠠᠨ ᠨᠢ ᠲᠠᠷᠠᠭ᠎ᠠ ᠪᠠᠷ ᠬᠠᠰᠢᠵᠤ ᠨᠡᠭᠦᠨ᠎ᠡ᠃ | ᠣᠳᠠᠭ᠎ᠠ ᠪᠦᠷᠢ ᠨᠢᠭᠡ ᠠᠯᠬᠤᠮ ᠨᠡᠭᠡᠬᠦ ᠪᠦᠭᠡᠳ ᠪᠤᠭᠤ ᠨᠢ ᠨᠤᠬᠠᠢ ᠶᠢ ᠢᠳᠡᠵᠤ ᠪᠤᠯᠬᠤ ᠦᠭᠡᠢ᠃ ᠨᠤᠬᠠᠢ | ᠪᠠᠷᠢᠭᠰᠠᠨ ᠨᠢ ᠪᠤᠭᠤ ᠶᠢ ᠦᠭᠡᠷ ᠤᠨ ᠡᠪᠡᠷ ᠲᠤ ᠬᠠᠰᠢᠵᠤ ᠨᠡᠭᠡᠬᠦ ᠰᠠᠭᠤᠳᠠᠯ ᠦᠭᠡᠢ ᠪᠤᠯᠭᠠᠪᠠᠯ ᠠᠩᠴᠢᠨ ᠤ | ᠭᠠᠨᠵᠤᠭ᠎ᠠ ᠲᠦᠭᠦᠷᠡᠩ ᠲᠣᠭᠠᠴᠠᠭᠳᠠᠨ ᠨᠤᠬᠠᠢ ᠪᠠᠷᠢᠭᠰᠠᠨ ᠨᠢ ᠢᠯᠠᠨ᠎ᠠ᠂ ᠪᠤᠭᠤ ᠶᠢ ᠦᠭᠡᠷ ᠤᠨ ᠡᠪᠡᠷ ᠲᠤ ᠬᠠᠰᠢᠵᠤ | ᠲᠡᠶᠢᠯᠬᠦ ᠦᠭᠡᠢ ᠪᠤᠯ ᠠᠩᠴᠢᠨ ᠤ ᠭᠠᠨᠵᠤᠭ᠎ᠠ ᠬᠤᠭᠤᠰᠣᠨ ᠳᠤ ᠲᠤᠭᠠᠴᠠᠭᠳᠠᠨ ᠪᠤᠭᠤ ᠪᠠᠷᠢᠭᠰᠠᠨ ᠨᠢ ᠢᠯᠠᠨ᠎ᠠ᠃ | ᠡᠪᠡᠷ ᠪᠤᠭᠤ ᠪᠤᠯ ᠬᠠᠮᠤᠭ ᠤᠨ ᠲᠦᠭᠦᠮ ᠪᠤᠭᠤ ᠰᠢᠳᠠᠷ᠎ᠠ ᠮᠥᠨ᠃ ᠲᠦᠷᠪᠡ ᠲᠠᠪᠤᠨ ᠨᠠᠰᠤᠨ ᠤ ᠨᠢᠯᠬ᠎ᠠ | ᠬᠡᠤᠬᠡᠳ ᠤᠨ ᠰᠣᠷᠬᠤ ᠳᠤ ᠲᠤᠬᠢᠷᠠᠭᠰᠠᠨ᠂ ᠬᠤᠵᠢᠮ ᠤᠨ ᠰᠢᠯᠢᠳᠡᠭ ᠰᠢᠳᠠᠷᠴᠢᠨ ᠤ ᠬᠦᠮᠦᠵᠢᠭᠳᠡᠬᠦ ᠶᠢᠨ ᠰᠠᠭᠤᠷᠢ | ᠰᠣᠷᠭᠠᠨ ᠬᠦᠮᠦᠵᠢᠯ ᠮᠥᠨ᠃ | 2. ᠱᠣᠷᠤᠩ ᠪᠤᠭᠤ ᠱᠣᠷᠤᠩ ᠪᠤᠭᠤ ᠨᠢ ᠭᠤᠷᠪᠠᠨ ᠨᠤᠬᠠᠢ ᠪᠠ ᠨᠢᠭᠡ ᠪᠤᠭᠤ ᠪᠠᠷ ᠪᠦᠷᠢᠯᠳᠦᠵᠡᠢ᠃ | ᠰᠢᠳᠠᠷ᠎ᠠ ᠶᠢᠨ ᠬᠦᠯᠦᠭ ᠨᠢ ᠱᠣᠷᠤᠩ ᠬᠡᠯᠪᠡᠷᠢ ᠲᠠᠢ᠂ 12 ᠰᠠᠭᠤᠳᠠᠯ ᠲᠠᠢ᠃ | ᠨᠡᠭᠦᠬᠦ ᠠᠷᠭ᠎ᠠ ᠪᠤᠯ ᠭᠤᠷᠪᠠᠨ ᠨᠤᠬᠠᠢ ᠪᠠᠷ ᠨᠢᠭᠡ ᠪᠤᠭᠤ ᠶᠢ ᠬᠠᠰᠢᠵᠤ ᠱᠣᠷᠤᠩ ᠤᠨ ᠦᠵᠦᠭᠦᠷ ᠲᠤ | ᠬᠠᠭᠠᠨ᠎ᠠ᠃ ᠪᠤᠭᠤ ᠪᠠᠷᠢᠭᠰᠠᠨ ᠨᠢ ᠣᠷᠢᠳ ᠢᠶᠠᠷ ᠨᠡᠭᠦᠵᠤ᠂ ᠨᠤᠬᠠᠢ ᠪᠠᠷᠢᠭᠰᠠᠨ ᠨᠢ ᠲᠠᠷᠠᠭᠠᠴᠢ ᠪᠠᠷ ᠬᠠᠰᠢᠵᠤ | ᠨᠡᠭᠦᠨ᠎ᠡ᠂ ᠣᠳᠠᠭ᠎ᠠ ᠪᠦᠷᠢ ᠨᠢᠭᠡ ᠠᠯᠬᠤᠮ ᠨᠡᠭᠦᠬᠦ ᠪᠦᠭᠡᠳ ᠪᠤᠭᠤ ᠨᠢ ᠨᠤᠬᠠᠢ ᠶᠢ ᠢᠳᠡᠵᠤ ᠪᠤᠯᠬᠤ ᠦᠭᠡᠢ᠃ | ᠨᠤᠬᠠᠢ ᠪᠠᠷᠢᠭᠰᠠᠨ ᠨᠢ ᠪᠤᠭᠤ ᠶᠢ ᠱᠣᠷᠤᠩ ᠤᠨ ᠦᠵᠦᠭᠦᠷ ᠲᠤ ᠬᠠᠰᠢᠵᠤ ᠨᠡᠭᠦᠬᠦ ᠰᠠᠭᠤᠳᠠᠯ ᠦᠭᠡᠢ ᠪᠤᠯᠭᠠᠪᠠᠯ | ᠠᠩᠴᠢᠨ ᠤ ᠭᠠᠨᠵᠤᠭ᠎ᠠ ᠲᠦᠭᠦᠷᠡᠩ ᠳᠤ ᠲᠤᠭᠠᠴᠠᠭᠳᠠᠨ ᠨᠤᠬᠠᠢ ᠪᠠᠷᠢᠭᠰᠠᠨ ᠨᠢ ᠢᠯᠠᠨ᠎ᠠ᠂ ᠪᠤᠭᠤ ᠶᠢ ᠱᠣᠷᠤᠩ ᠤᠨ | ᠦᠵᠦᠭᠦᠷ ᠲᠤ ᠬᠠᠰᠢᠵᠤ ᠲᠡᠶᠢᠯᠬᠦ ᠦᠭᠡᠢ ᠪᠤᠯ ᠠᠩᠴᠢᠨ ᠤ ᠭᠠᠨᠵᠤᠭ᠎ᠠ ᠬᠤᠭᠤᠰᠤᠨ ᠳᠤ ᠲᠤᠭᠠᠴᠠᠭᠳᠠᠨ ᠪᠤᠭᠤ | ᠪᠠᠷᠢᠭᠰᠠᠨ ᠨᠢ ᠢᠯᠠᠨ᠎ᠠ᠃ ᠡᠪᠡᠷ ᠪᠤᠭᠤ ᠲᠠᠢ ᠢᠯᠭᠠᠭᠳᠠᠬᠤ ᠵᠦᠢᠯ ᠪᠤᠯ ᠨᠤᠬᠠᠢ ᠨᠢ ᠪᠤᠭᠤ ᠶᠢ ᠱᠣᠷᠤᠩ ᠤᠨ | ᠠᠭᠤᠵᠢᠮ ᠲᠠᠯ᠎ᠠ ᠵᠦᠭ ᠲᠤᠳᠠᠭᠠᠯᠭᠠᠵᠤ ᠪᠤᠯᠬᠤ ᠦᠭᠡᠢ᠂ ᠪᠤᠭᠤ ᠨᠢ ᠠᠭᠤᠵᠢᠮ ᠲᠠᠯ᠎ᠠ ᠵᠦᠭ ᠲᠣᠳᠠᠭᠠᠨ | ᠭᠠᠷᠴᠢᠬᠠᠪᠠᠯ ᠠᠩᠴᠢᠨ ᠤ ᠭᠠᠨᠵᠤᠭ᠎ᠠ ᠬᠤᠭᠤᠰᠤᠨ ᠳᠤ ᠲᠤᠭᠠᠴᠠᠭᠳᠠᠨ ᠪᠤᠭᠤ ᠪᠠᠷᠢᠭᠰᠠᠨ ᠨᠢ ᠢᠯᠠᠨ᠎ᠠ᠃ ᠲᠠᠷᠦᠢ | ᠱᠣᠷᠤᠩ ᠪᠤᠭᠤ ᠨᠢ ᠡᠪᠡᠷ ᠪᠤᠭᠤ ᠠᠴᠠ ᠪᠠᠨ ᠨᠢᠭᠡ ᠠᠯᠬᠤᠮ ᠲᠠᠪᠰᠢᠵᠤ ᠬᠦᠷᠢᠶ᠎ᠡ ᠠᠪᠠ ᠶᠢᠨ ᠠᠩᠨᠠᠯ ᠤᠨ | ᠰᠣᠶᠤᠯ ᠤᠨ ᠣᠬᠠᠭᠠᠨ ᠰᠠᠮᠪᠠᠭ᠎ᠠ ᠶᠢ ᠨᠡᠩ ᠠᠮᠢᠳᠤᠯᠢᠭ ᠲᠣᠰᠬᠠᠵᠡᠢ᠃ | 3. ᠠᠷᠪᠠᠨ ᠬᠤᠶᠠᠷ ᠨᠤᠬᠠᠶᠢᠳᠤ ᠪᠤᠭᠤ ᠰᠢᠳᠠᠷ᠎ᠠ ︵ᠠᠷᠪᠠᠨ ᠬᠤᠶᠠᠷ ᠰᠢᠳᠠᠷ᠎ᠠ︶ ᠨᠠᠭᠠᠳᠬᠤᠢ ᠨᠢ | 12 ᠠᠪᠠ ᠶᠢᠨ ᠨᠤᠬᠠᠢ ᠪᠠ ᠨᠢᠭᠡ ᠪᠤᠭᠤ ᠪᠠᠷ ᠪᠦᠷᠢᠯᠳᠦᠵᠡᠢ᠃ ᠰᠢᠳᠠᠷ᠎ᠠ ᠶᠢᠨ ᠬᠦᠯᠭᠡ ᠨᠢ ᠬᠤᠷᠢᠨ ᠲᠦᠷᠪᠡᠨ | ᠰᠢᠳᠠᠷ᠎ᠠ ᠶᠢᠨ ᠬᠦᠯᠭᠡ ᠠᠴᠠ ᠨᠢᠭᠡ ᠠᠭᠤᠯᠠ ᠲᠣᠳᠠᠭᠤ᠂ 6 ᠨᠠᠢᠮᠠ ᠵᠠᠮᠳᠤ ᠰᠠᠭᠤᠳᠠᠯ ︵ᠲᠠᠷᠠᠭᠠᠴᠢ ᠪᠠᠷ ᠲᠠᠳᠬᠠᠯ | ᠶᠤᠰᠣᠭᠠᠷ ᠨᠠᠢᠮᠠᠨ ᠵᠠᠮ ᠭᠡᠶ᠎ᠡ᠂ ᠨᠢᠭᠡᠨ ᠰᠠᠭᠤᠳᠠᠯ ᠠᠴᠠ ᠬᠡᠳᠦᠨ ᠵᠦᠭ ᠲᠡᠶᠢᠰᠢ ᠶᠠᠪᠤᠵᠤ ᠵᠠᠮ ᠲᠠᠢ ᠪᠤᠯ ᠲᠡᠳᠦᠢ ᠵᠠᠮ | ᠭᠡᠳᠡᠭ᠃ ᠵᠢᠱᠢᠶᠡᠯᠡᠪᠡᠯ ᠬᠦᠯᠭᠡᠨ ᠤ ᠲᠦᠪ ᠲᠤ ᠪᠠᠶᠢᠭ᠎ᠠ ᠰᠠᠭᠤᠳᠠᠯ ᠨᠢ ᠨᠠᠢᠮᠠᠨ ᠵᠦᠭ ᠲᠤ ᠨᠡᠭᠦᠵᠤ ᠪᠤᠯᠬᠤ ᠲᠤᠯᠠ | ᠨᠠᠢᠮᠠᠨ ᠵᠠᠮ ᠭᠡᠨ᠎ᠡ︶᠂ 3 ᠲᠠᠪᠤᠨ ᠵᠠᠮ᠂ 5 ᠲᠦᠷᠪᠡᠨ ᠵᠠᠮ᠂ 15 ᠭᠤᠷᠪᠠᠨ ᠵᠠᠮ ᠢᠶᠠᠷ ᠪᠦᠷᠢᠯᠳᠦᠭᠰᠡᠨ ᠨᠡᠶᠢᠳᠡ | 29 ᠰᠠᠭᠤᠳᠠᠯ ᠪᠦᠬᠦᠢ ᠬᠦᠯᠭᠡ ᠪᠤᠯᠤᠨ᠎ᠠ᠃ | ᠨᠠᠭᠠᠳᠬᠤ ᠠᠷᠭ᠎ᠠ ᠨᠢ ᠬᠤᠷᠢᠨ ᠲᠦᠷᠪᠡᠨ ᠰᠢᠳᠠᠷ᠎ᠠ ᠲᠠᠢ ᠪᠦᠷᠢᠮᠦᠰᠦᠨ ᠠᠳᠠᠯᠢᠬᠠᠨ᠃ 4. ᠡᠪᠳᠤ | ᠱᠠᠭᠠᠵᠠᠭᠠᠢ ᠰᠢᠳᠠᠷ᠎ᠠ ᠶᠢᠨ ᠬᠦᠯᠭᠡ ᠨᠢ ᠵᠠᠭᠠᠯᠮᠠᠢ ᠬᠡᠯᠪᠡᠷᠢ ᠲᠠᠢ᠂ ᠬᠦᠨᠳᠡᠯᠡᠨ᠂ ᠭᠤᠯᠳᠤ᠂ ᠵᠢᠰᠢᠭᠦᠣ ᠱᠣᠭᠤᠮ | ᠣᠭᠳᠣᠯᠣᠯᠴᠠᠨ ᠪᠦᠳᠦᠵᠡᠢ᠃ ᠰᠢᠳᠠᠷ᠎ᠠ ᠶᠢᠨ ᠬᠦᠯᠭᠡ ᠨᠢ ᠨᠡᠶᠢᠳᠡ 33 ᠰᠠᠭᠤᠳᠠᠯ ᠲᠠᠢ᠃ ᠡᠭᠦᠨ ᠳᠤ ᠨᠠᠢᠮᠠᠨ | ᠵᠠᠮ ᠲᠠᠢ ᠰᠠᠭᠤᠳᠠᠯ 5︔ ᠲᠤᠯᠤᠭᠠᠨ ᠵᠠᠮ ᠲᠠᠢ ᠰᠠᠭᠤᠳᠠᠯ 4᠃ ᠲᠦᠷᠪᠡᠨ ᠵᠠᠮ ᠲᠠᠢ ᠰᠠᠭᠤᠳᠠᠯ 4᠃ ᠭᠤᠷᠪᠡᠨ | ᠵᠠᠮ ᠲᠠᠢ ᠰᠠᠭᠤᠳᠠᠯ 20 ᠪᠤᠢ᠃ ᠨᠠᠭᠠᠳᠬᠤᠢ᠄ ᠨᠢᠭᠡ ᠪᠤᠭᠤ ︵ᠵᠠᠷᠢᠮ ᠳᠠᠭᠠᠨ ᠪᠠᠷᠰ ᠭᠡᠵᠤ ᠨᠡᠷᠡᠯᠡᠨ᠎ᠡ︶ ᠪᠠ 13 | ᠨᠤᠬᠠᠢ ︵ᠠᠳᠡ ᠱᠠᠭᠠᠵᠠᠭᠠᠢ ᠭᠡᠵᠤ ᠨᠡᠷᠡᠯᠡᠳᠡᠭ︶ ᠪᠠᠷ ᠪᠦᠷᠢᠳᠦᠪᠡ᠃ ᠨᠠᠭᠠᠳᠬᠤ ᠠᠴᠠ ᠡᠮᠦᠨ᠎ᠡ ᠨᠢᠭᠡ ᠪᠤᠭᠤ ᠪᠠ | 13 ᠨᠤᠬᠠᠢ ᠪᠠᠨ ᠴᠦᠮ ᠬᠦᠯᠭᠡᠨ ᠲᠡᠭᠡᠷ᠎ᠡ ᠪᠠᠶᠢᠷᠢᠯᠠᠭᠤᠯᠤᠨ᠎ᠠ᠂ ᠨᠡᠭᠦᠵᠤ ᠢᠳᠡᠬᠦ ᠠᠷᠭ᠎ᠠ ᠨᠢ ᠬᠤᠷᠢᠨ ᠲᠦᠷᠪᠡᠨ | ᠰᠢᠳᠠᠷ ᠲᠠᠢ ᠠᠳᠠᠯᠢᠬᠠᠨ᠂ ᠢᠯᠭᠠᠭ᠎ᠠ ᠲᠠᠢ ᠵᠦᠢᠯ ᠭᠡᠪᠡᠯ ᠱᠠᠭᠠᠵᠠᠭᠠᠢ ᠨᠢ ᠢᠳᠡᠭᠳᠡᠭᠡᠳ ᠵᠢᠷᠭᠤᠭ᠎ᠠ ᠠᠴᠠ ᠴᠦᠭᠡᠨ | ᠪᠤᠯᠪᠠᠯ ᠪᠤᠭᠤ ᠪᠠᠷᠢᠭᠰᠠᠨ ᠨᠢ ᠬᠤᠨᠵᠢᠨ᠎ᠠ᠃ ᠬᠤᠶᠠᠷ ᠲᠠᠯ᠎ᠠ ᠶᠢᠨ ᠠᠯᠢ ᠨᠢ ᠴᠦ ᠨᠢᠭᠡ ᠨᠡᠭᠦᠳᠡᠯ ᠢᠶᠠᠨ ᠭᠤᠷᠪᠠ | ᠣᠳᠠᠭ᠎ᠠ ᠲᠠᠪᠳᠠᠬᠤ ᠳᠤ ᠬᠦᠷᠪᠡᠯ ᠱᠦᠭᠦᠭᠳᠡᠭᠰᠡᠨ ᠢᠶᠠᠷ ᠲᠣᠭᠠᠴᠠᠨ᠎ᠠ᠃ ᠭᠤᠷᠪᠠ ᠲᠠᠯᠪᠢᠯ ᠢᠶᠠᠷ ᠢᠯᠠᠵᠤ | ᠢᠯᠠᠭᠳᠠᠬᠤ ᠪᠠᠨ ᠲᠣᠭᠳᠠᠭᠠᠨ᠎ᠠ᠃ | ᠡᠨᠡ ᠨᠠᠭᠠᠳᠤᠮ ᠨᠢ ᠡᠪ ᠰᠠᠨᠠᠭ᠎ᠠ ᠪᠠᠨ ᠨᠢᠭᠡᠳᠬᠡᠪᠡᠯ ᠶᠡᠭᠡ ᠬᠦᠴᠦᠳᠡᠨ ᠢ ᠢᠯᠠᠵᠤ ᠪᠤᠯᠤᠨ᠎ᠠ ᠭᠡᠰᠡᠨ ᠢ | ᠢᠯᠡᠷᠡᠭᠦᠯᠦᠨ ︽ᠴᠣᠪᠤᠵᠤ ᠶᠠᠪᠤᠭᠰᠠᠨ ᠪᠠᠷᠰ ᠠᠴᠠ ᠴᠣᠭᠯᠠᠵᠤ ᠰᠠᠭᠤᠭᠰᠠᠨ ᠱᠠᠭᠠᠵᠠᠭᠠᠢ ᠲᠡᠭᠡᠷ᠎ᠡ︾᠂ ︽ᠡᠪᠳᠤ | ᠱᠠᠭᠠᠵᠠᠭᠠᠢ ᠪᠤᠭᠤ ᠪᠠᠷᠢᠨ᠎ᠠ︾ ᠭᠡᠳᠡᠭ ᠮᠤᠩᠭᠤᠯ ᠦᠨᠳᠦᠰᠦᠳᠡᠨ ᠤ ᠠᠷᠠᠳ ᠤᠨ ᠰᠡᠴᠡᠨ ᠦᠭᠡᠨ ᠤ ᠣᠳᠬ᠎ᠠ | ᠰᠠᠠᠨᠠᠭᠠ ᠶᠢ ᠭᠤᠶᠢᠳᠠ ᠲᠦᠷᠰᠦᠯᠡᠵᠡᠢ᠃ | 5. ᠲᠣᠯᠣᠭᠠᠨ ᠰᠢᠳᠠᠷ᠎ᠠ ︵ᠬᠤᠤᠰ ᠠᠭᠤᠯᠠᠨ ᠰᠢᠳᠠᠷ᠎ᠠ︶ ᠬᠦᠯᠭᠡ ᠨᠢ ᠨᠢᠭᠡ ᠪᠣᠰᠤᠭ᠎ᠠ ᠠᠭᠤᠯᠠ᠂ | ᠨᠢᠭᠡ ᠬᠡᠪᠳᠡᠭᠡ ᠠᠭᠤᠯᠠ ᠶᠢ ᠪᠠᠭᠠᠯᠵᠠᠭᠤᠷ ᠢᠶᠠᠷ ᠨᠢ ᠬᠤᠯᠪᠤᠵᠤ ᠪᠦᠳᠦᠭᠰᠡᠨ ᠲᠦᠷᠰᠤ ᠪᠢᠯᠡ᠃ ᠬᠦᠯᠭᠡ ᠨᠢ | ᠵᠢᠷᠭᠤᠭᠠᠨ ᠵᠠᠮ ᠲᠠᠢ ᠰᠠᠭᠤᠳᠠᠯ 1᠂ ᠲᠦᠷᠪᠡᠨ ᠵᠠᠮ ᠲᠠᠢ ᠰᠠᠭᠤᠳᠠᠯ 2᠂ ᠭᠤᠷᠪᠠᠨ ᠵᠠᠮ ᠲᠠᠢ ᠰᠠᠭᠤᠳᠠᠯ 8᠂ | ᠨᠡᠶᠢᠳᠡ 11 ᠰᠠᠭᠤᠳᠠᠯ ᠲᠠᠢ᠃ | ᠨᠠᠭᠠᠳᠬᠤᠢ᠄ ᠨᠢᠭᠡ ᠪᠤᠭᠤ ᠪᠠ 7 ᠨᠤᠬᠠᠢ ᠪᠠᠷ ᠪᠦᠷᠢᠳᠦᠨ᠎ᠡ᠃ ᠬᠡᠪᠳᠡᠭᠡ ᠠᠭᠤᠯᠠ ᠶᠢᠨ ᠰᠠᠭᠤᠳᠠᠯ | ᠪᠦᠷᠢ ᠳᠤ ᠨᠢᠭᠡ ᠨᠣᠬᠠᠢ ᠰᠠᠭᠤᠯᠭᠠᠨ᠂ ᠪᠤᠰᠤᠭ᠎ᠠ ᠠᠭᠤᠯᠠ ᠶᠢᠨ ᠲᠦᠪ ᠲᠤ ᠨᠢᠭᠡ ᠪᠤᠭᠤ ᠪᠠᠨ ᠪᠠᠶᠢᠷᠢᠯᠠᠭᠤᠯᠤᠨ᠎ᠠ᠃ | ᠨᠠᠭᠠᠳᠬᠤ ᠠᠷᠭ᠎ᠠ᠄ ᠰᠢᠪᠠᠭ᠎ᠠ ᠰᠣᠭᠤᠯᠬᠤ ᠪᠤᠶᠤ ᠱᠠᠭ᠎ᠠ ᠣᠷᠬᠢᠬᠤ ᠪᠠᠷ ᠲᠠᠮᠵᠢᠨ ᠪᠤᠭᠤ ᠨᠤᠬᠠᠢ ᠪᠠᠷᠢᠬᠤ ᠪᠠᠨ | ᠲᠣᠭᠳᠠᠭᠠᠨ᠎ᠠ᠃ ᠨᠤᠬᠠᠢ ᠪᠠᠷᠢᠭᠰᠠᠨ ᠨᠢ ᠣᠷᠢᠳ ᠢᠶᠠᠷ ᠨᠡᠭᠦᠨ᠎ᠡ᠂ ᠲᠠᠬᠢᠨ ᠪᠤᠭᠤ ᠪᠠᠷᠢᠭᠴᠢ ᠨᠢ ᠨᠡᠭᠦᠨ᠎ᠡ᠃ ᠪᠤᠭᠤ ᠨᠢ | ᠨᠤᠬᠠᠢ ᠶᠢᠨ ᠲᠡᠭᠡᠭᠦᠷ ᠬᠠᠷᠠᠶᠢᠵᠤ ᠢᠳᠡᠳᠡᠭ᠂ ᠪᠤᠭᠤ ᠨᠢ ᠬᠠᠷᠠᠶᠢᠬᠤ ᠰᠠᠭᠤᠳᠠᠯ ᠦᠭᠡᠢ ᠪᠤᠯ ᠨᠢᠭᠡ ᠨᠢᠭᠡ | ᠠᠯᠬᠤᠮ ᠢᠶᠠᠷ ᠨᠡᠭᠦᠨ᠎ᠡ᠃ | ᠱᠦᠭᠦᠯᠳᠡ᠄ ᠨᠤᠬᠠᠢ ᠪᠠᠷᠢᠭᠴᠢ ᠨᠢ ᠪᠤᠭᠤ ᠶᠢ ᠬᠠᠰᠢᠵᠤ ᠨᠡᠭᠦᠵᠤ ᠲᠡᠶᠢᠯᠬᠦ ᠦᠭᠡᠢ ᠪᠤᠯᠭᠠᠪᠠᠯ ᠠᠩᠴᠢᠨ ᠤ | ᠭᠠᠨᠵᠤᠭ᠎ᠠ ᠲᠦᠭᠦᠷᠡᠩ ᠳᠤ ᠲᠣᠭᠠᠴᠠᠭᠳᠠᠨ ᠨᠤᠬᠠᠢ ᠪᠠᠷᠢᠭᠰᠠᠨ ᠨᠢ ᠢᠯᠠᠨ᠎ᠠ᠃ ᠪᠤᠭᠤ ᠪᠠᠷᠢᠭᠰᠠᠨ ᠨᠢ ᠨᠤᠬᠠᠢ ᠶᠢ ᠠᠯᠢ | ᠪᠤᠯᠬᠤ ᠪᠠᠷ ᠠᠷᠪᠢᠨ ᠢᠳᠡᠵᠤ ᠪᠤᠭᠤ ᠶᠢ ᠬᠠᠭᠠᠵᠤ ᠲᠡᠶᠢᠯᠬᠦ ᠦᠭᠡᠢ ᠪᠤᠯᠭᠠᠴᠢᠬᠠᠪᠠᠯ ᠠᠩᠴᠢᠨ ᠤ ᠭᠠᠨᠵᠤᠭ᠎ᠠ | ᠬᠤᠭᠤᠰᠤᠨ ᠳᠤ ᠲᠤᠭᠠᠴᠠᠭᠳᠠᠨ ᠪᠤᠭᠤ ᠪᠠᠷᠢᠭᠰᠠᠨ ᠨᠢ ᠢᠯᠠᠨ᠎ᠠ᠃ |