ᠨᠢᠭᠡᠳᠦᠭᠡᠷ ᠰᠠᠷ᠎ᠠ ᠳᠤ ᠵᠡᠭᠦᠨ ᠬᠠᠲᠠᠪᠴᠢ ᠪᠣᠭᠤᠮᠲᠠ ᠶᠢᠨ ᠪᠠᠷᠠᠭ᠎ᠠ ᠲᠡᠭᠡᠭᠡᠪᠦᠷᠢ ᠶᠢᠨ ᠬᠡᠮᠵᠢᠶ᠎ᠡ ᠢᠯᠡᠳᠲᠡ ᠨᠡᠮᠡᠭᠳᠡᠪᠡ
ᠨᠡᠶᠢᠲᠡᠯᠡᠭᠰᠡᠨ ᠴᠠᠭ᠄
2024/3/13
      ᠪᠦᠷᠢᠳᠬᠡᠯ ᠢ ᠦᠨᠳᠦᠰᠦᠯᠡᠪᠡᠯ᠂ ᠡᠨᠡ ᠵᠢᠯ ᠤᠨ 1 ᠰᠠᠷ᠎ᠠ ᠳᠤ᠂ ᠵᠡᠭᠦᠨ ᠬᠠᠲᠠᠪᠴᠢ ᠪᠣᠭᠤᠮᠲᠠ ᠶᠢᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠭᠰᠠᠨ ᠪᠠᠷᠠᠭᠠᠨ ᠤ ᠬᠡᠮᠵᠢᠶ᠎ᠡ 23 . 2 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 174 . 7 % ᠪᠠᠷ ᠨᠡᠮᠡᠭᠳᠡᠵᠦ᠂ 1 ᠰᠠᠷ᠎ᠠ ᠶᠢᠨ ᠪᠠᠷᠠᠭᠠᠨ ᠤ ᠲᠡᠭᠡᠭᠡᠪᠦᠷᠢ ᠶᠢᠨ ᠬᠡᠮᠵᠢᠶ᠎ᠡ ᠶᠢᠨ ᠲᠡᠦᠬᠡ ᠶᠢᠨ ᠰᠢᠨ᠎ᠡ ᠲᠡᠮᠳᠡᠭᠯᠡᠯ ᠢ ᠡᠭᠦᠳᠪᠡ᠃      ᠣᠶᠢᠷ᠎ᠠ ᠶᠢᠨ ᠵᠢᠯ ᠠᠴᠠ ᠨᠠᠭᠠᠰᠢ᠂ ᠵᠡᠭᠦᠨ ᠬᠠᠲᠠᠪᠴᠢ ᠬᠢᠯᠢ ᠶᠢᠨ ᠪᠣᠭᠤᠮᠲᠠ ᠤᠮᠠᠷᠠᠰᠢ ᠨᠡᠭᠡᠭᠡᠯᠲᠡ ᠬᠢᠬᠦ ᠬᠥᠭᠦᠷᠭᠡᠨ ᠪᠠᠬᠢᠯᠡᠯᠲᠡ ᠶᠢᠨ ᠦᠶᠯᠡᠳᠦᠯ ᠢᠶᠠᠨ ᠭᠦᠶᠴᠡᠳ ᠪᠠᠳᠠᠷᠠᠭᠤᠯᠵᠤ᠂ ᠰᠠᠭᠤᠷᠢ ᠲᠥᠬᠦᠭᠡᠷᠦᠮᠵᠢ ᠶᠢᠨ ᠪᠥᠲᠥᠭᠡᠨ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠵᠤ᠂ ᠭᠠᠳᠠᠭᠠᠳᠤ ᠨᠡᠭᠡᠭᠡᠯᠲᠡ ᠶᠢᠨ ᠪᠠᠶᠢᠷᠢᠰᠢᠭᠤᠯᠤᠯᠲᠠ ᠪᠠᠨ ᠲᠠᠰᠤᠷᠠᠯᠲᠠ ᠥᠬᠡᠶ ᠰᠢᠯᠢᠳᠡᠭᠵᠢᠭᠦᠯᠦᠨ᠂ ᠪᠠᠷᠠᠭᠠᠨ ᠤ ᠲᠡᠭᠡᠭᠡᠪᠦᠷᠢ ᠶᠢᠨ ᠬᠡᠮᠵᠢᠶ᠎ᠡ ᠢᠯᠡᠳᠲᠡ ᠳᠡᠭᠡᠭᠰᠢᠯᠡᠭᠰᠡᠨ ᠠᠴᠠ ᠡᠨᠡ ᠵᠢᠯ ᠤᠨ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠪᠠᠷᠠᠭᠠᠨ ᠤ ᠲᠡᠭᠡᠭᠡᠪᠦᠷᠢ ᠶᠢᠨ ᠬᠡᠮᠵᠢᠶ᠎ᠡ ︿︿ᠰᠠᠶᠢᠨ ᠡᠬᠢᠯᠡᠯᠲᠡ﹀﹀ ᠲᠠᠢ ᠪᠣᠯᠪᠠ  ᠃      ᠵᠡᠭᠦᠨ ᠦᠵᠦᠮᠦᠴᠢᠨ ᠪᠣᠭᠤᠮᠲᠠ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ ᠰᠢᠶᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠡᠷᠡᠰ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ ᠤ ︿ᠲᠠᠪᠤᠨ ᠶᠡᠭᠡ ᠡᠭᠦᠷᠭᠡ﹀ ᠶᠢᠨ ᠲᠣᠭᠤᠷᠢᠨ ᠳᠤ ᠰᠢᠯᠢ ᠶᠢᠨ ᠭᠤᠤᠯ ᠠᠶᠢᠮᠠᠭ ᠤᠨ ᠨᠡᠭᠡᠭᠡᠯᠲᠡᠲᠦ ᠬᠥᠭᠵᠢᠯᠲᠡ ᠶᠢᠨ ᠬᠡᠷᠡᠭᠴᠡᠭᠡ ᠱᠠᠭᠠᠷᠳᠠᠯᠭ᠎ᠠ ᠶᠢ ᠢᠮᠠᠭᠲᠠ ᠨᠢᠭᠲᠠ ᠠᠩᠬᠠᠷᠴᠤ᠂ ᠭᠠᠳᠠᠭᠠᠳᠤ ᠠᠷᠠᠯᠵᠢᠶᠠᠨ ᠤ ᠲᠣᠭᠲᠠᠭᠤᠨ ᠪᠥᠭᠡᠳ ᠴᠢᠨᠠᠷ ᠰᠠᠶᠢᠲᠠᠶ ᠬᠥᠭᠵᠢᠬᠦ ᠶᠢ ᠠᠬᠢᠭᠤᠯᠵᠤ᠂ ᠰᠢᠯᠢ ᠶᠢᠨ ᠭᠤᠤᠯ ᠠᠶᠢᠮᠠᠭ  ᠤᠨ ᠭᠠᠳᠠᠭᠠᠳᠤ ᠠᠷᠠᠯᠵᠢᠶᠠᠨ ᠤ ᠴᠢᠨᠠᠷ ᠰᠠᠶᠢᠲᠠᠶ ᠬᠥᠭᠵᠢᠯᠲᠡ ᠳᠤ ᠬᠦᠴᠦᠨ ᠨᠡᠮᠡᠷᠢᠯᠡᠪᠡ  ᠃      ᠳᠠᠷᠠᠭ᠎ᠠ ᠠᠯᠬᠤᠮ ᠳᠤ᠂ ᠵᠡᠭᠦᠨ ᠬᠠᠲᠠᠪᠴᠢ ᠬᠢᠯᠢ ᠶᠢᠨ ᠪᠣᠭᠤᠮᠲᠠ ᠨᠠᠮ ᠤᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ᠂ ᠲᠥᠪ  ᠤᠨ ᠠᠵᠤ ᠠᠬᠤᠶ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠷᠪᠠᠨ ᠨᠢᠭᠡᠳᠦᠭᠡᠷ ᠬᠤᠭᠤᠴᠠᠭᠠᠨ ᠤ ᠳᠣᠯᠣᠳᠤᠭᠠᠷ ᠪᠥᠬᠦᠳᠡ ᠬᠤᠷᠠᠯ ᠵᠢᠴᠢ ᠪᠦᠬᠦ ᠣᠷᠣᠨ ᠤ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠪᠠ ᠠᠶᠢᠮᠠᠭ ᠤᠨ ᠨᠠᠮ ᠤᠨ ᠬᠤᠷᠢᠶᠠᠨ ᠤ ︵ᠥᠷᠭᠡᠳᠬᠡᠭᠰᠡᠨ︶ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠲᠤᠤᠱᠯᠠᠭᠤᠯᠤᠨ ᠨᠠᠶᠢᠳᠠᠪᠦᠷᠵᠢᠭᠤᠯᠵᠤ᠂ ᠥᠨᠳᠥᠷ ᠲᠦᠪᠰᠢᠨ ᠪᠥᠬᠦᠶ ᠨᠡᠭᠡᠭᠡᠯᠲᠡ ᠪᠠ ᠴᠢᠨᠠᠷ ᠰᠠᠶᠢᠲᠠᠶ ᠬᠥᠭᠵᠢᠯᠲᠡ ᠶᠢᠨ ᠱᠠᠭᠠᠷᠳᠠᠯᠭ᠎ᠠ ᠶᠢᠨ ᠲᠣᠭᠤᠷᠢᠨ ᠳᠤ᠂ ᠨᠡᠭᠡᠭᠡᠯᠲᠡ ᠬᠢᠬᠦ ᠲᠠᠪᠴᠠᠩ  ᠤᠨ ᠲᠠᠰ ᠳᠡᠪᠰᠢᠬᠦ ᠶᠢ ᠪᠥᠬᠦ ᠲᠠᠯ᠎ᠠ ᠠᠬᠢᠭᠤᠯᠤᠨ᠂ ︿︿ᠳᠥᠷᠪᠡ ᠶᠢ ᠣᠷᠣᠭᠤᠯᠵᠤ ᠬᠤᠶᠠᠷ ᠢ ᠭᠠᠷᠭᠠᠬᠤ﹀﹀ ᠪᠠᠷᠠᠭ᠎ᠠ ᠲᠡᠭᠡᠭᠡᠪᠦᠷᠢ ᠶᠢᠨ ᠰᠢᠨ᠎ᠡ ᠨᠡᠪᠲᠡᠷᠡᠬᠦ ᠵᠠᠮ ᠢ ᠲᠦᠷᠭᠡᠳᠬᠡᠨ ᠠᠬᠢᠭᠤᠯᠵᠤ᠂ ᠤᠶᠤᠨᠲᠤ ᠺᠠᠷᠲ ᠵᠢᠴᠢ ᠪᠠᠷᠠᠭ᠎ᠠ ᠲᠡᠭᠡᠭᠡᠪᠦᠷᠢ ᠶᠢᠨ H 986 ᠵᠡᠷᠭᠡ ᠴᠢᠬᠤᠯᠠ ᠰᠠᠭᠤᠷᠢ ᠳᠥᠬᠦᠭᠡᠷᠥᠮᠵᠢ ᠶᠢᠨ ᠪᠦᠲᠦᠭᠡᠨ ᠪᠠᠶᠢᠭᠤᠯᠤᠯᠲᠠ᠂ ᠵᠠᠰᠠᠮᠠᠯ ᠵᠠᠮ ᠲᠡᠮᠦᠷ ᠵᠠᠮ ᠤᠨ ᠬᠤᠯᠪᠣᠭᠠᠯᠠᠨ ᠲᠡᠭᠡᠭᠡᠪᠦᠷᠢᠯᠡᠬᠦ ᠲᠣᠭᠲᠠᠴᠠ ᠶᠢ ᠪᠣᠳᠠᠲᠠᠶᠢᠵᠢᠭᠤᠯᠬᠤ ᠪᠠ ᠪᠣᠭᠤᠮᠲᠠ ᠶᠢᠨ ᠣᠯᠠᠨ ᠤᠯᠤᠰ ᠤᠨ ᠪᠠᠷᠠᠭᠠᠨ ᠭᠦᠶᠯᠭᠡᠭᠡᠨ ᠤ ᠬᠦᠷᠢᠶᠡᠯᠡᠩ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ᠂ ︿︿ᠤᠶᠤᠨᠴᠢᠯᠠᠭᠰᠠᠨ﹀﹀ ᠬᠢᠯᠢ ᠠᠯᠤᠰᠯᠠᠭᠰᠠᠨ ᠲᠡᠭᠡᠭᠡᠪᠦᠷᠢ ᠶᠢ ᠲᠠᠰᠤᠷᠠᠯᠲᠠ ᠥᠬᠡᠶ ᠠᠬᠢᠭᠤᠯᠤᠨ᠂ ᠳᠥᠭᠦᠮᠴᠢᠯᠡᠬᠦ ᠬᠢᠷᠢ ᠲᠦᠪᠰᠢᠨ ᠢ ᠳᠡᠭᠡᠭᠰᠢᠯᠡᠭᠦᠯᠵᠦ᠂ ᠪᠣᠭᠤᠮᠲᠠ ᠶᠢᠨ ᠪᠠᠷᠠᠭ᠎ᠠ ᠭᠦᠶᠯᠭᠡᠭᠡᠨ ᠤ ᠬᠦᠴᠦᠨ ᠴᠢᠳᠠᠪᠤᠷᠢ ᠪᠠ ᠳᠠᠭᠠᠭᠠᠬᠤ ᠴᠢᠳᠠᠪᠤᠷᠢ ᠶᠢ ᠪᠥᠬᠦ ᠲᠠᠯ᠎ᠠ ᠪᠠᠷ ᠳᠡᠭᠡᠭᠰᠢᠯᠡᠭᠦᠯᠦᠨ᠂ ᠪᠣᠭᠤᠮᠲᠠ ᠶᠢᠨ ᠠᠵᠤ ᠠᠬᠤᠶ ᠶᠢᠨ ᠴᠢᠨᠠᠷ ᠰᠠᠶᠢᠲᠠᠶ ᠳᠠᠪᠠᠯᠳᠠᠳᠤ ᠮᠠᠶ᠋ᠢᠭ ᠤᠨ ᠬᠥᠭᠵᠢᠯᠲᠡ ᠶᠢ ᠪᠡᠶᠡᠯᠡᠭᠦᠯᠵᠦ᠂ ᠪᠦᠬᠦ ᠠᠶᠢᠮᠠᠭ ᠤᠨ ᠭᠠᠳᠠᠭᠠᠳᠤ ᠠᠷᠠᠯᠵᠢᠶᠠᠨ ᠤ ᠬᠥᠭᠵᠢᠯᠲᠡ ᠶᠢᠨ ᠬᠥᠳᠡᠯᠭᠡᠭᠴᠢ ᠡᠨᠧᠷᠭᠢ ᠶᠢ ᠨᠠᠩ ᠪᠣᠯᠭᠠᠨ᠂ ᠠᠷᠠᠯᠵᠢᠶᠠᠨ ᠤ ᠪᠡᠶᠡᠴᠢ ᠴᠣᠭᠴᠠ ᠶᠢᠨ ᠠᠮᠢᠳᠤᠯᠢᠭ ᠬᠦᠴᠦᠨ ᠲᠠᠰᠤᠷᠠᠯᠲᠠ ᠦᠭᠡᠢ ᠪᠠᠳᠠᠷᠠᠭᠠᠬᠤ ᠪᠤᠯᠤᠨ᠎ᠠ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号