ᠬᠠᠪᠤᠷ ᠤᠨ ᠥᠩᠭᠡ
ᠨᠡᠶᠢᠲᠡᠯᠡᠭᠰᠡᠨ ᠴᠠᠭ᠄
2024/3/11
              ᠨᠢ᠊ · ᠡᠷᠳᠡᠨᠢᠪᠠᠭᠠᠲᠤᠷ      ᠰᠢᠨ᠎ᠡ ᠬᠠᠪᠤᠷ ᠤᠨ ᠥᠩᠭᠡ ᠶᠢ ᠪᠠᠭ᠋ᠠᠳᠤᠨ ᠬᠦᠷᠳᠡᠬᠦ ᠠᠵᠠ ᠲᠠᠢ ᠶᠤᠮ ᠪᠢ      ᠰᠢᠵᠢᠷ ᠲᠤᠶᠠᠭ᠎ᠠ ᠰᠢᠩᠭᠡᠭᠰᠡᠨ ᠭᠠᠵᠠᠷ ᠤᠨ ᠵᠥᠭᠡᠯᠡᠨ ᠬᠥᠷᠦᠰᠦᠨ᠎ᠡ      ᠰᠢᠨᠡᠬᠡᠨ ᠪᠣᠷᠣᠭᠠᠨ ᠢᠶᠠᠷ ᠳᠡᠯᠭᠡᠷᠡᠬᠦ ᠴᠡᠴᠡᠭᠡᠰ ᠤᠨ ᠳᠤᠮᠳᠠ ᠵᠣᠭᠰᠣᠵᠤ      ᠰᠢᠯᠢ ᠶᠢ ᠴᠢᠮᠡᠨ ᠪᠣᠰᠣᠭᠰᠠᠨ ᠮᠠᠯᠵᠢᠯ ᠤᠨ ᠰᠠᠭᠤᠷᠢᠰᠢᠯ ᠢ ᠠᠵᠢᠬᠤ ᠳᠤ      ᠰᠢᠳᠢᠲᠦ ᠶᠢᠷᠲᠢᠨᠴᠦ ᠶᠢᠨ ᠵᠢᠷᠤᠭ ᠡᠮᠦᠨ᠎ᠡ ᠮᠢᠨᠢ ᠳᠡᠯᠭᠡᠭᠳᠡᠭᠰᠡᠨ ᠮᠡᠲᠦ ᠁      ᠰᠢᠨ᠎ᠡ ᠬᠠᠪᠤᠷ ᠤᠨ ᠥᠩᠭᠡ ᠶᠢ ᠪᠠᠭ᠋ᠠᠳᠤᠨ ᠬᠦᠷᠳᠡᠬᠦ ᠠᠵᠠ ᠲᠠᠢ ᠶᠤᠮ ᠪᠢ      ᠬᠡᠴᠢᠨᠡᠨ ᠵᠠᠭᠤ ᠮᠢᠩᠭᠠᠨ ᠵᠢᠯ ᠢᠶᠠᠷ ᠮᠠᠩᠬᠠᠨ ᠪᠠᠯᠠᠷ ᠲᠤ ᠬᠠᠰᠢᠭᠳᠠᠭᠰᠠᠨ      ᠬᠥᠳᠡᠭᠡ ᠶᠢᠨ ᠬᠢᠨ ᠳᠤ ᠭᠡᠭᠡᠨ ᠰᠤᠭᠤᠨᠠᠭ ᠲᠠᠲᠠᠭᠰᠠᠨ ᠼᠧᠮᠧᠨ᠋ᠲ ᠵᠠᠮ ᠤᠳ      ᠮᠠᠯ ᠤᠨ ᠪᠡᠯᠴᠢᠭᠡᠷ ᠳᠤᠮᠳᠠᠭᠤᠷ ᠰᠦᠯᠵᠢᠯᠳᠦᠨ      ᠬᠡᠷᠡᠯᠳᠦ ᠴᠠᠭᠠᠨ ᠬᠦᠰᠡᠯ ᠤᠨ ᠬᠢᠨᠢ ᠵᠢᠭᠦᠷ ᠪᠣᠯᠵᠤ      ᠮᠠᠷᠭᠠᠰᠢ ᠶᠢᠨ ᠰᠠᠶᠢᠬᠠᠨ ᠵᠦᠭ ᠬᠥᠲᠥᠯᠥᠭᠰᠡᠭᠡᠷ ᠤᠳᠤᠨᠠᠮ ᠠ᠋      ᠥᠨᠳᠥᠷ ᠳᠡᠭᠡᠷ᠎ᠡ ᠠᠴᠠ ᠡᠷᠬᠢᠨ ᠲᠣᠭᠤᠷᠢᠨ ᠢ ᠪᠠᠷᠠᠯᠠᠬᠤ ᠳᠤ      ᠥᠷᠭᠡᠨ ᠴᠡᠩᠬᠡᠷ ᠭᠤᠪᠢ ᠮᠢᠨᠢ ᠶᠠᠮᠠᠷ ᠭᠤᠶᠤ ᠬᠠᠷᠠᠭᠳᠠᠨᠠᠮ ᠪᠤᠢ      ᠥᠴᠥᠭᠡᠳᠦᠷᠬᠡᠨ ᠪᠤᠯᠳᠠᠯ᠎ᠠ ᠡᠯᠦᠢ ᠬᠤᠯᠦ᠋ᠢᠬᠠᠨ ᠪᠠᠶᠢᠭᠰᠠᠨ      ᠡᠨᠡ ᠬᠥᠨᠳᠡᠢ ᠳᠤ ᠥᠷᠨᠢᠭᠦᠨ ᠬᠠᠪᠤᠷ ᠤᠨ ᠥᠩᠭᠡ ᠪᠠᠭᠲᠠᠨ ᠶᠠᠳᠠᠨ ᠴᠠᠯᠭᠢᠵᠤ      ᠥᠷᠯᠥᠭ ᠬᠦᠳᠡᠯᠮᠦᠷᠢ ᠶᠢᠨ ᠳᠠᠭᠤᠤ ᠰᠣᠨᠣᠷ ᠮᠢᠯᠢᠶᠠᠨ ᠡᠭᠡᠰᠢᠭᠯᠡᠬᠦ ᠳᠤ      ᠥᠪᠡᠷ ᠤᠨ ᠪᠡᠶ᠎ᠡ ᠮᠢᠨᠢ ᠶᠠᠭ ᠯᠨ ᠵᠡᠭᠦᠳᠦᠨ ᠠᠬᠤᠢ ᠳᠤ ᠵᠣᠷᠴᠢᠬᠤ ᠮᠡᠲᠦ      ᠠᠩᠬᠠᠨ ᠤ ᠲᠡᠷᠡ ᠬᠦ ᠬᠠᠭᠤᠴᠢᠨ ᠳᠦᠷᠰᠦ ᠪᠠᠶᠢᠳᠠᠯ ᠣᠷᠣ ᠮᠥᠷ ᠦᠭᠡᠢ      ᠬᠠᠮᠢᠭᠠᠰᠢ ᠪᠠᠨ ᠵᠢᠯᠢᠢᠴᠢᠬᠡᠪᠡ︖ ᠠᠮᠢᠳᠤᠷᠠᠯ ᠤᠨ ᠪᠡᠷᠬᠡ ᠳᠤ ᠭᠤᠨᠳᠠᠵᠤ ᠶᠠᠪᠤᠭᠰᠠᠨ      ᠳᠠᠪᠠᠭᠠᠨ ᠳᠡᠭᠡᠷ᠎ᠡ ᠣᠷᠴᠢᠯᠠᠩ ᠲᠠᠢ ᠬᠦᠦᠷᠨᠢᠬᠦ ᠲᠤᠬᠢᠶᠠᠨ ᠤ ᠪᠠᠭᠠᠨ᠎ᠠ ᠯᠨ ᠰᠦᠷ ᠲᠠᠢ      ᠠᠯᠢᠶᠠᠬᠠᠨ ᠨᠠᠰᠤᠨ ᠳᠤ ᠪᠠᠨ ᠲᠣᠭᠯᠠᠵᠤ ᠭᠦᠶᠦᠭᠰᠡᠨ ᠲᠠᠨᠵᠢᠨ ᠳᠤ      ᠣᠨᠴᠠ ᠭᠠᠷᠤᠯᠲᠠ ᠲᠠᠢ ᠬᠠᠳᠤᠯᠠᠩ ᠤᠨ ᠲᠠᠯᠠᠪᠠᠢ ᠯᠨ ᠦᠵᠡᠮᠵᠢ ᠲᠠᠢ      ᠠᠮᠢ ᠠᠬᠤᠢ ᠶᠢ ᠢᠮᠠᠭᠲᠠ ᠬᠢᠮᠠᠭᠠᠳᠠᠨ ᠬᠠᠶᠢᠷᠠᠯᠠᠭᠰᠠᠨ ᠠᠴᠠ      ᠡᠯᠡᠰᠦ ᠮᠠᠩᠬ᠎ᠠ ᠨᠣᠭᠤᠭᠠᠨ ᠳᠠᠯᠪᠠᠭ᠎ᠠ ᠪᠣᠰᠬᠠᠨᠠᠮ      ᠠᠶᠢᠯ ᠬᠤᠳᠠ ᠪᠠᠷ ᠢᠶᠠᠨ ᠡᠪᠯᠡᠨ ᠬᠤᠯᠪᠣᠭᠠᠯᠠᠵᠤ ᠠᠵᠢᠯᠯᠠᠭᠰᠠᠨ ᠠᠴᠠ      ᠠᠳᠡ ᠲᠡᠨᠳᠡ ᠦᠭᠡᠢ ᠬᠤᠷᠰᠢᠶᠠᠵᠢᠯ ᠤᠨ ᠪᠠᠷ᠎ᠠ ᠲᠣᠳᠣᠷᠠᠨᠠᠮ      ᠠᠷᠠᠢ ᠪᠢ ᠴᠢᠨᠢ ᠥᠭᠡᠷ᠎ᠡ ᠭᠠᠵᠠᠷ ᠢᠷᠡᠴᠢᠬᠡᠪᠡᠦ ᠭᠡᠬᠦᠯᠡᠷ      ᠠᠴᠢᠲᠤ ᠨᠤᠲᠤᠭ ᠮᠢᠨᠢ ᠦᠨᠡᠨ ᠲᠥᠷᠬᠦ ᠪᠠᠷ ᠢᠶᠠᠨ ᠮᠥᠨ ᠠᠵᠢ︕      ᠴᠢᠮᠪᠠᠶᠢᠬᠠᠨ ᠠᠮᠢᠳᠤᠷᠠᠯ ᠢᠶᠠᠨ ᠡᠷᠭᠦᠵᠦ ᠶᠠᠪᠤᠭ᠎ᠠ      ᠮᠠᠯᠴᠢᠨ ᠲᠦᠮᠡᠨ ᠤ ᠮᠢᠨᠢ ᠰᠡᠳᠬᠢᠯ ᠲᠡᠨᠢᠭᠦᠨ      ᠴᠠᠭ ᠤᠨ ᠰᠠᠯᠬᠢᠨ ᠤ ᠡᠶᠡᠪᠡᠷᠬᠦᠤ ᠢᠯᠪᠢᠯᠲᠡ ᠳᠤ      ᠪᠠᠶᠠᠷ ᠤᠨ ᠰᠤᠪᠢᠩ ᠮᠠᠩᠨᠠᠢ ᠳᠤ ᠪᠠᠨ ᠭᠡᠷᠡᠯᠳᠦᠬᠦᠯᠵᠦ      ᠴᠠᠭᠯᠠᠰᠢ ᠦᠭᠡᠢ ᠰᠠᠶᠢᠬᠠᠨ ᠢᠷᠡᠭᠡᠳᠦᠢ ᠲᠡᠶᠢᠰᠢ      ᠦᠦᠷ ᠤᠨ ᠰᠢᠪᠠᠭᠤ ᠰᠢᠭ᠋ ᠵᠢᠷᠭᠢᠭᠦᠯᠦᠭᠰᠡᠭᠡᠷ ᠪᠠᠶᠢᠨᠠᠮ      ᠡᠩ ᠳᠡᠯᠡᠬᠡᠢ ᠶᠢᠨ ᠲᠣᠷᠭᠠᠨ ᠬᠤᠶᠢᠮᠤᠷ ᠲᠤᠷ      ᠡᠷᠴᠢ ᠴᠢᠩᠭᠠᠬᠠᠨ ᠠᠯᠬᠤᠭ᠎ᠠ ᠪᠠᠨ ᠵᠢᠭᠳᠡᠷᠡᠭᠦᠯᠦᠨ      ᠡᠷᠢᠯ ᠬᠦᠰᠡᠯ ᠤᠨ ᠮᠥᠩᠬᠡ ᠶᠢᠨ ᠬᠠᠷᠭᠤᠢ ᠳᠤ ᠪᠠᠨ      ᠡᠭᠡᠰᠢᠭ ᠲᠣᠳᠣᠬᠠᠨ ᠳᠠᠭᠤᠤ ᠪᠠᠨ ᠠᠶᠠᠯᠤᠭᠤᠯᠤᠨ      ᠡᠰᠡᠨᠢᠨ ᠪᠠᠳᠠᠷᠠᠬᠤ ᠬᠠᠪᠤᠷ ᠤᠨ ᠦᠩᠭᠡᠨ ᠳᠤ      ᠡᠬᠡ ᠣᠷᠣᠨ ᠮᠢᠨᠢ ᠬᠠᠮᠤᠭ ᠠᠴᠠ ᠦᠵᠡᠰᠬᠦᠯᠡᠩ ᠲᠠᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号