ᠰᠢᠪ ᠰᠢᠨ᠎ᠡ 2024
ᠨᠡᠶᠢᠲᠡᠯᠡᠭᠰᠡᠨ ᠴᠠᠭ᠄
2024/3/11
              ᠫᠤᠩᠰᠤᠭ ᠤᠨ ᠴᠤᠭᠳᠤᠨᠠᠷᠠᠨ      ᠬᠤᠸᠠᠩᠯᠢ ᠦᠪᠡᠷ ᠢ ᠪᠠᠨ ᠰᠢᠨ᠎ᠡ ᠤᠨ ᠢᠶᠠᠷ ᠢᠶᠠᠨ ᠰᠤᠯᠢᠵᠤ ᠪᠠᠶᠢᠨ᠎ᠠ      ᠬᠤᠷᠸ᠎ᠠ ᠤᠷᠵᠢᠳᠤᠷ ᠢᠶᠠᠨ ᠳᠠᠭᠠᠭᠤᠯᠵᠤ ᠦᠨᠦᠳᠦᠷ ᠪᠤᠯᠵᠤ ᠪᠠᠶᠢᠨ᠎ᠠ      ᠤᠷᠵᠢᠨᠤᠨ ᠨᠢᠳᠤᠨᠤᠨ ᠬᠤᠶᠠᠷ ᠮᠠᠨᠢ ᠴᠤ ᠰᠢᠨ᠎ᠡ ᠪᠠᠷ ᠡᠬᠢᠯᠡᠵᠦ ᠪᠠᠶᠢᠨ᠎ᠠ      ᠤᠨ ᠵᠠᠭᠤᠨ ᠪᠦᠭᠦᠳᠡᠭᠡᠷ ᠢᠶᠠᠨ ᠮᠠᠷᠭᠠᠰᠢ ᠲᠠᠢ ᠪᠠᠨ ᠵᠤᠯᠭᠠᠵᠤ ᠪᠠᠶᠢᠨ᠎ᠠ      ᠬᠠᠰᠤᠭᠳᠠᠭᠰᠠᠨ ᠴᠠᠭ ᠤᠳ ᠨᠡᠮᠡᠭᠳᠡᠵᠦ ᠢᠷᠡᠵᠦ ᠪᠠᠶᠢᠨ᠎ᠠ      ᠬᠠᠬᠢᠷ ᠬᠦᠢᠳᠡᠨ ᠨᠦᠭᠦᠳ ᠬᠠᠰᠤᠭᠳᠠᠵᠤ ᠢᠷᠡᠵᠦ ᠪᠠᠶᠢᠨ᠎ᠠ      ᠡᠪᠤᠯ ᠤᠨ ᠡᠳᠦᠷ ᠤᠳ ᠦᠨᠳᠦᠷ ᠪᠤᠯᠵᠤ ᠢᠷᠡᠵᠦ ᠪᠠᠶᠢᠨ᠎ᠠ      ᠦᠴᠦᠭᠡᠳᠦᠷ ᠤᠨ ᠰᠦᠨᠢ ᠨᠦᠭᠦᠳ ᠪᠤᠭᠤᠨᠢ ᠪᠤᠯᠵᠤ ᠢᠷᠡᠵᠦ ᠪᠠᠶᠢᠨ᠎ᠠ      ᠬᠠᠪᠤᠷ᠂ ᠴᠠᠭᠠᠨ ᠰᠠᠷ᠎ᠠ ᠬᠤᠶᠠᠷ ᠴᠤ ᠨᠢᠭᠤᠯᠴᠠᠵᠤ ᠨᠠᠭᠠᠳᠤᠭᠠᠳ      ᠬᠠᠮᠤᠭ ᠰᠢᠨ᠎ᠡ ᠶᠢᠨ ᠴᠠᠭᠠᠨ᠎ᠠ ᠠᠴᠠ ᠮᠢᠰᠢᠶᠡᠩᠬᠡᠨ ᠢᠷᠡᠵᠦ ᠪᠠᠶᠢᠨ᠎ᠠ      ᠬᠤᠶᠠᠷ ᠮᠢᠩᠭ᠎ᠠ ᠪᠦᠭᠡᠳ ᠬᠤᠷᠢᠨ ᠳᠦᠷᠪᠡᠨ ᠤᠨ ᠮᠠᠨᠢ      ᠬᠤᠶᠢᠳᠤᠨ ᠵᠢᠯ ᠢᠶᠠᠨ ᠴᠤ ᠰᠢᠨ᠎ᠡ ᠪᠤᠯᠭᠠᠬᠤ ᠪᠠᠷ ᠢᠷᠡᠵᠦ ᠪᠠᠶᠢᠨ᠎ᠠ      ᠳᠠᠩᠳᠠ ᠢᠩᠭᠢᠵᠦ ᠰᠢᠨ᠎ᠡ ᠪᠠᠷ ᠡᠬᠢᠯᠡᠳᠡᠭ ᠤᠨ ᠵᠢᠯ ᠤᠳ      ᠳᠠᠷᠠᠭ᠎ᠠ ᠵᠢᠯ ᠲᠠᠢ ᠪᠠᠨ ᠡᠭᠡᠭᠡ ᠠᠳᠠᠯᠢᠬᠠᠨ ᠰᠢᠪ ᠰᠢᠨ᠎ᠡ      ᠦᠪᠡᠷ ᠢᠶᠠᠨ ᠬᠠᠭᠤᠴᠢᠷᠠᠵᠤ ᠰᠢᠨ᠎ᠡ ᠪᠤᠯᠳᠠᠭ ᠬᠤᠷᠸ᠎ᠠ ᠳᠤ      ᠦᠴᠦᠭᠡᠳᠦᠷ ᠦᠨᠦᠳᠦᠷ ᠮᠠᠷᠭᠠᠰᠢ ᠮᠠᠨᠢ ᠰᠢᠪ ᠰᠢᠨ᠎ᠡ      ᠬᠠᠭᠤᠴᠢᠨ ᠢᠶᠠᠨ ᠰᠢᠨ᠎ᠡ ᠪᠤᠯᠭᠠᠵᠤ ᠦᠯᠡᠳᠡᠭᠡᠳᠡᠭ ᠬᠤᠷᠸ᠎ᠠ ᠳᠤ      ᠬᠤᠯᠠᠳᠬᠤ ᠳᠤᠳᠤᠮ ᠢᠶᠠᠨ ᠮᠢᠨᠤ ᠤᠨ ᠵᠢᠯ ᠤᠳ ᠰᠢᠪ ᠰᠢᠨ᠎ᠡ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号