ᠬᠠᠯᠠᠭᠤᠨ ᠤᠰᠤ ᠪᠠᠷ ᠬᠥᠯ ᠢᠶᠠᠨ ᠳᠡᠪᠲᠦᠭᠡᠨ ᠤᠬᠢᠶᠠᠪᠠᠯ ᠰᠠᠶᠢᠬᠠᠨ ᠤᠨᠳᠠᠵᠤ ᠴᠢᠳᠠᠨ᠎ᠠ᠂ ᠡᠷᠡᠭᠦᠯ | ᠴᠢᠭᠢᠷᠠᠭ ᠬᠥᠮᠦᠰ ᠲᠤ ᠠᠪᠴᠤ ᠬᠡᠯᠡᠪᠡᠯ ᠬᠥᠯ ᠢᠶᠠᠨ ᠳᠡᠪᠲᠦᠭᠡᠨ ᠤᠬᠢᠶᠠᠬᠤ ᠨᠢ ᠦᠨᠡᠬᠡᠷ ᠤᠨᠲᠠᠬᠤ ᠶᠢ ᠲᠤᠰᠠᠯᠠᠳᠠᠭ᠃ | ᠭᠡᠪᠡᠴᠦ᠂ ᠨᠦᠢᠷ ᠬᠤᠯᠵᠢᠳᠠᠭ ᠬᠥᠮᠦᠰ ᠲᠤ ᠠᠪᠴᠤ ᠬᠡᠯᠡᠪᠡᠯ ᠬᠥᠯ ᠢᠶᠠᠨ ᠳᠡᠪᠲᠦᠭᠡᠨ ᠤᠬᠢᠶᠠᠬᠤ ᠨᠢ ᠨᠢᠭᠡ ᠯᠡ | ᠳᠡᠭᠡᠷ᠎ᠡ ᠰᠠᠶᠢᠬᠠᠨ ᠤᠨᠳᠠᠭᠤᠯᠬᠤ ᠶᠢ ᠲᠤᠰᠠᠯᠠᠬᠤ ᠰᠠᠶᠢᠨ ᠠᠷᠭ᠎ᠠ ᠪᠢᠰᠢ᠃ ᠨᠦᠢᠷ ᠬᠤᠯᠵᠢᠬᠤ ᠨᠢ ᠮᠠᠰᠢ ᠣᠯᠠᠨ | ᠡᠯᠧᠮᠧᠨ᠋ᠲ ᠠᠴᠠ ᠪᠣᠯᠤᠭᠰᠠᠨ ᠶᠤᠮ᠃ | ᠬᠥᠯ ᠢᠶᠠᠨ ᠳᠡᠪᠲᠦᠭᠡᠨ ᠤᠬᠢᠶᠠᠬᠤ ᠳᠤ ᠶᠠᠭᠤ ᠶᠠᠭᠤ ᠶᠢ ᠠᠩᠬᠠᠷᠬᠤ ᠴᠢᠬᠤᠯᠠᠳᠠᠢ ᠪᠤᠢ | ⒈ ᠬᠠᠯᠠᠭᠤᠨ ᠤᠰᠤᠨ ᠤ ᠬᠠᠯᠠᠭᠤᠨ ᠤ ᠭᠡᠮᠵᠢᠶ᠎ᠡ ᠶᠢ ᠠᠩᠬᠠᠷᠬᠤ ᠬᠡᠷᠡᠭᠲᠡᠶ | ⒉ ᠬᠥᠯ ᠢᠶᠠᠨ ᠤᠰᠤᠨ ᠳᠤ ᠳᠡᠪᠲᠦᠭᠡᠨ ᠤᠬᠢᠶᠠᠬᠤ ᠨᠢ ᠬᠥᠮᠦᠨ ᠪᠣᠯᠭᠠᠨ ᠳᠤ ᠲᠣᠬᠢᠷᠠᠳᠠᠭ ᠪᠢᠰᠢ | ⒊ ᠨᠠᠮᠵᠢᠭᠤᠨ ᠰᠤᠳᠠᠯ ᠭᠦᠷᠪᠠᠶᠢᠭ᠍ᠰᠡᠨ ᠪᠤᠶᠤ ᠯᠤᠭᠰᠢᠭᠤᠨ ᠰᠤᠳᠠᠯ ᠪᠥᠭᠯᠡᠷᠡᠭᠰᠡᠨ ᠡᠪᠡᠳᠴᠢᠲᠡᠨ ᠬᠠᠯᠠᠭᠤᠨ | ᠤᠰᠤ ᠪᠠᠷ ᠬᠥᠯ ᠢᠶᠠᠨ ᠳᠡᠪᠲᠦᠭᠡᠨ ᠤᠬᠢᠶᠡᠪᠡᠯ ᠴᠢᠰᠤᠨ ᠤ ᠬᠦᠶᠦᠯᠳᠡ ᠶᠢᠨ ᠬᠡᠮᠵᠢᠶ᠎ᠡ ᠶᠢ ᠨᠡᠮᠡᠭᠳᠡᠭᠦᠯᠵᠣ᠂ | ᠳᠠᠷᠤᠭᠠᠰᠤ ᠶᠢ ᠨᠠᠩ ᠬᠦᠨᠳᠦᠷᠡᠭᠦᠯᠬᠦ ᠪᠤᠯᠦᠨ᠎ᠡ | ⒋ ᠰᠢᠬᠢᠷ ᠰᠢᠵᠢᠩ ᠡᠪᠡᠳᠴᠢᠨ ᠤᠯᠤᠬᠰᠠᠨ ᠡᠪᠡᠳᠴᠢᠲᠡᠨ ᠳᠤ ᠲᠤᠰᠠ ᠪᠣᠯᠬᠤ ᠥᠬᠡᠶ ᠶᠤᠮ | ⒌ ᠬᠥᠯ ᠤᠨ ᠢᠯᠢᠳᠦ ᠡᠪᠡᠳᠴᠢᠨ ᠤᠯᠤᠬᠰᠠᠨ ᠡᠪᠡᠳᠴᠢᠲᠡᠨ᠂ ᠪᠠᠰᠠ ᠬᠥᠯ ᠤᠨ ᠪᠠᠮ ᠭᠡᠳᠡᠭ᠂ ᠡᠶᠢᠮᠦᠷᠬᠦ | ᠡᠪᠡᠳᠴᠢᠲᠡᠨ ᠳᠤ ᠲᠤᠰᠠ ᠪᠣᠯᠬᠤ ᠥᠬᠡᠶ ᠶᠤᠮ |