ᠴᠡᠴᠡᠭ ᠤᠨ ᠵᠢᠬᠦᠷ ᠲᠠᠢ ᠴᠠᠭ ᠬᠤᠭᠤᠴᠠᠭ᠎ᠠ
ᠨᠡᠶᠢᠲᠡᠯᠡᠭᠰᠡᠨ ᠴᠠᠭ᠄
2024/12/4
ᠴᠡᠴᠡᠭ ᠤᠨ ᠵᠢᠬᠦᠷ ᠲᠠᠢ ᠴᠠᠭ ᠬᠤᠭᠤᠴᠠᠭ᠎ᠠ       ᠪ᠊ · ᠣᠳᠣᠨᠴᠢᠮᠡᠭ        ᠦᠳᠦᠳᠦ ᠰᠢᠪᠠᠭᠤᠳ ᠤᠨ ᠴᠢᠨᠢ ᠪᠦᠯᠢᠶᠡᠨ ᠨᠢᠯᠪᠤᠰᠣ ᠶᠢ ᠠᠷᠭᠠᠳᠠᠵᠦ    ᠲᠣᠯᠭᠠᠨ ᠭᠠᠯ ᠤᠨ ᠴᠢᠨᠢ ᠬᠦᠬᠡ ᠲᠦᠯᠦᠨ ᠳᠤ ᠪᠦᠯᠢᠶᠡᠰᠴᠦ    ᠪᠠᠭ᠎ᠠ ᠲᠤ ᠮᠢᠨᠢ ᠠᠯᠢᠶᠠᠯᠠᠭᠰᠠᠨ ᠳᠣᠮᠤᠭ᠎ᠠ ᠦᠬᠡᠢ ᠰᠣᠷᠭᠠᠮᠵᠢ ᠶᠢ    ᠪᠤᠴᠠᠭᠠᠵᠦ ᠨᠠᠳᠠ ᠣᠷᠣᠭᠤ ᠢᠯᠡᠭᠡᠭᠰᠡᠨ    ᠨᠢᠯᠪᠤᠰᠤ ᠰᠢᠭ᠋ ᠪᠦᠮᠪᠦᠷᠢᠬᠦ ᠳᠡᠭᠡᠨ ᠯᠠ ᠪᠠᠶᠠᠷ ᠭᠤᠨᠢᠬ ᠬᠤᠣᠰᠯᠠᠳᠠᠭ ᠬᠤᠷᠸ᠎ᠠ    ᠴᠡᠴᠡᠭ ᠤᠨ ᠵᠢᠬᠦᠷ ᠲᠠᠢ ᠴᠠᠭ ᠬᠤᠭᠤᠴᠠᠭ᠎ᠠ ᠴᠢᠮᠠᠶᠢ ᠪᠢ ᠲᠤᠩᠬᠠᠭᠯᠠᠶ᠎ᠠ    ᠵᠢᠬᠦᠷ ᠨᠢ ᠴᠣᠴᠠᠳᠠᠭ ᠦᠬᠡᠢ ᠪᠦᠷᠬᠦᠳ ᠰᠢᠭ ᠣᠭᠲᠠᠷᠭᠤᠢ ᠶᠢᠨ ᠮᠠᠨᠳᠠᠯ ᠳᠤ    ᠰᠡᠳᠭᠢᠯ ᠤᠨ ᠠᠨᠢᠷ ᠢ ᠮᠢᠨᠢ ᠬᠦᠭᠯᠡᠬᠦᠯᠦᠨ    ᠣᠯᠠᠷᠢᠯ ᠢᠶᠠᠨ ᠭᠠᠨᠵᠤᠭᠠᠯᠠᠭᠰᠠᠭᠠᠷ ᠦᠦᠷᠰᠡᠬᠦ ᠠᠳᠤᠭᠤᠳ ᠤᠨ ᠳᠠᠭᠤᠨ ᠰᠣᠨᠣᠰᠳᠠᠨ᠎ᠠ    ᠭᠠᠷᠴᠠᠭ᠎ᠠ ᠦᠬᠡᠢ ᠦᠨᠡᠨ ᠢ ᠪᠢ ᠴᠠᠭ ᠬᠤᠭᠤᠴᠠᠭ᠎ᠠ ᠪᠠᠷ ᠯᠠ ᠲᠣᠭᠤᠯᠳᠠᠭ ᠪᠤᠯᠬᠤᠷ    ᠬᠠᠶᠠᠭ᠎ᠠ ᠦᠷᠬᠡᠨ ᠽᠠᠮᠪᠤᠲᠢᠪ ᠤᠨ ᠡᠯᠢᠬᠡᠨ ᠳᠤ    ᠬᠠᠮᠤᠭ ᠢ ᠲᠦᠬᠡᠬᠡᠭᠴᠢ ᠬᠡᠵᠦ ᠮᠡᠳᠡᠷᠡᠨ᠎ᠠ    ᠴᠡᠪ ᠴᠡᠩᠭᠡᠷ ᠡᠷᠭᠡ ᠴᠢᠯᠦᠭᠡᠨ ᠳᠤ ᠳᠡᠬᠦᠯᠢᠳᠡᠭ ᠳᠠᠯᠠᠪᠴᠢᠨ ᠳᠡᠭᠡᠷ᠎ᠡ ᠮᠢᠨᠢ    ᠴᠡᠴᠡᠭᠡᠰ ᠳᠡᠯᠬᠡᠷᠡᠳᠡᠭ ᠭᠤᠶᠣᠬᠠᠨ ᠵᠤᠨ ᠤ ᠦᠷᠯᠦᠬᠡ ᠪᠠᠷ ᠪᠤᠯᠵᠣᠮᠣᠷ ᠵᠢᠷᠬᠢᠨ᠎ᠠ    ᠬᠠᠪ ᠬᠠᠷᠠᠩᠭᠤᠢ ᠪᠠᠷ ᠴᠣᠬᠤᠢᠵᠦ ᠬᠡᠷᠡᠯᠳᠦᠬᠦ ᠦᠳᠡᠬᠡᠮᠡᠳᠡᠬᠡᠢ ᠵᠡᠬᠦᠳᠦ ᠶᠢ ᠮᠢᠨᠢ    ᠬᠠᠰ ᠤᠨ ᠮᠦᠩᠭᠦᠨ ᠴᠠᠰᠣᠨ ᠰᠢᠷᠬᠡᠭ ᠲᠣᠮᠤᠭ ᠬᠠᠭᠤᠴᠢᠯᠠᠨ ᠰᠡᠷᠢᠬᠡᠵᠦ    ᠲᠡᠮᠡᠭᠡᠨ ᠤ ᠪᠦᠬᠦ‍ ᠰᠢᠭ ᠲᠤᠯᠤᠭᠠᠳ ᠢᠶᠠᠨ ᠳᠠᠮᠨᠠᠨ    ᠴᠠᠭ ᠬᠤᠭᠤᠴᠠᠭ᠎ᠠ ᠲᠣᠩᠭᠠᠯᠠᠭ ᠴᠡᠭᠡᠯ ᠤᠨ ᠣᠰᠣᠨ ᠳᠤ ᠨᠠᠷᠠ ᠪᠠᠨ ᠠᠷᠭᠠᠮᠵᠢᠵᠦ ᠲᠣᠶᠠᠭᠠᠷᠠᠨ᠎ᠠ    ᠮᠣᠳᠣᠳ ᠨᠠᠪᠴᠢᠰ ᠢᠶᠠᠨ ᠦᠩᠭᠡᠯᠡᠬᠦ ᠳᠤ ᠤᠯᠠᠷᠢᠯ ᠦᠨᠳᠡᠯᠵᠡᠬᠦᠯᠬᠦ    ᠪᠢᠯᠢᠭᠳᠦ ᠭᠦᠷᠦᠭᠡᠰᠦᠨ ᠤ ᠴᠢᠨᠢ ᠡᠮᠨᠢᠭ ᠪᠠᠷ᠎ᠡ    ᠮᠠᠨᠠᠨ ᠳᠤ ᠳᠠᠰᠣᠷᠠᠵᠦ ᠬᠠᠷᠠᠬᠳᠠᠬᠤ ᠠᠭᠤᠯᠠᠰ ᠢᠶᠠᠨ ᠨᠦᠮᠦᠷᠢᠨ᠎ᠠ    ᠮᠠᠯᠮᠡᠢ ᠳᠣᠳᠣᠷ᠎ᠡ ᠪᠠᠨ ᠣᠷᠴᠢᠯᠠᠩ ᠢ ᠪᠠᠭᠳᠠᠭᠠᠵᠦ ᠡᠷᠭᠡᠯᠡᠬᠦᠯᠦᠭᠰᠡᠨ    ᠮᠥᠩᠬᠡ ᠶᠢᠨ ᠳᠡᠬᠦᠯᠳᠡᠷ ᠲᠤ ᠣᠷᠣᠰᠢᠬᠤ ᠴᠠᠬ ᠬᠤᠭᠤᠴᠠᠭ᠎ᠠ ᠶᠢ ᠪᠢ    ᠰᠠᠷᠠ ᠨᠠᠷᠠᠨ ᠤ ᠰᠠᠳᠣᠨ ᠪᠣᠯᠣᠭᠰᠠᠨ    ᠢᠷᠡᠬᠡᠳᠦᠢ ᠠᠯᠤᠰ ᠢ ᠬᠡᠷᠡᠯᠳᠦᠬᠦᠯᠦᠭᠴᠢ ᠪᠠᠷ ᠵᠦᠢᠷᠯᠡᠨᠡᠮ    ᠥᠩᠭᠡ ᠶᠢᠨ ᠰᠣᠯᠣᠩᠭ᠎ᠠ ᠨᠣᠮᠤᠯᠠᠨ ᠮᠢᠷᠠᠯᠵᠠᠭᠰᠠᠨ    ᠣᠯᠠᠷᠢᠯ ᠤᠨ ᠰᠠᠢᠬᠠᠨ ᠵᠤᠨ ᠴᠠᠭ ᠢᠶᠠᠷ    ᠲᠣᠯᠢᠨ ᠨᠠᠭᠤᠷ ᠤᠨ ᠴᠠᠯᠭᠢᠶᠠᠨ ᠥᠩᠭᠡᠰᠢᠵᠦ ᠣᠷᠭᠤᠳᠠᠭ    ᠲᠡᠭᠷᠢ ᠶᠢᠨ ᠴᠡᠴᠡᠷᠯᠢᠭ ᠬᠡᠵᠦ ᠪᠠᠭ᠋ᠠᠷᠬᠠᠨᠠᠮ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号