ᠵᠠᠯᠠᠭᠤ ᠮᠠᠯᠴᠢᠨ ᠣᠳᠬᠤᠨ ᠤ ᠮᠠᠯᠵᠢᠯ ᠤᠨ ᠤᠷ᠎ᠠ ᠤᠬᠠᠭᠠᠨ
ᠨᠡᠶᠢᠲᠡᠯᠡᠭᠰᠡᠨ ᠴᠠᠭ᠄
2024/11/18
      ᠳᠠᠭᠤᠳᠠᠨᠠᠭᠤᠷ ᠪᠠᠯᠭᠠᠰᠤᠨ ᠤ ᠪᠠᠶᠠᠨ᠋ᠠ᠋ᠭᠤᠯᠠ ᠭᠠᠴᠠᠭᠠᠨ ᠤ ᠳᠡᠷᠡᠰᠦᠲᠦ ᠨᠠᠭᠤᠷ ᠭᠡᠬᠦ ᠡᠨᠡ ᠰᠠᠶᠢᠬᠠᠨ ᠨᠤᠲᠤᠭ ᠤᠨ ᠨᠦᠮᠦᠷᠢ ᠳᠤᠯᠠᠭᠠᠴᠠ ᠲᠠᠢ ᠡᠯᠢᠭᠡᠨ ᠳᠤ ᠰᠢᠨᠵᠢᠯᠡᠬᠦ ᠤᠬᠠᠭᠠᠨᠴᠢ ᠪᠠᠷ ᠮᠠᠯᠵᠢᠬᠤ ᠦᠢᠯᠡᠳᠪᠦᠷᠢᠯᠡᠯ ᠢᠶᠠᠨ ᠬᠥᠭᠵᠢᠭᠦᠯᠵᠦ᠂ ᠠᠮᠢᠳᠤᠷᠠᠯ ᠠᠬᠤᠢ ᠪᠠᠨ ᠳᠡᠭᠵᠢᠷᠡᠭᠦᠯᠵᠦ ᠶᠠᠪᠤᠭ᠎ᠠ ᠰᠢᠨ᠎ᠡ ᠡᠷᠢᠨ ᠤ ᠰᠣᠳᠤᠨ ᠮᠠᠯᠴᠢᠨ ᠤ ᠨᠢᠭᠡ ᠪᠤᠯ ᠣᠳᠬᠤᠨ ᠤ ᠬᠢᠨ ᠠᠵᠢ᠃      ᠲᠡᠷᠡᠪᠡᠷ 2013 ᠣᠨ ᠳᠤ ᠶᠡᠭᠡ ᠰᠤᠷᠭᠠᠭᠤᠯᠢ ᠪᠠᠨ ᠲᠡᠭᠦᠰᠦᠭᠡᠳ ᠬᠤᠶᠠᠷ ᠵᠢᠯ ᠤᠨ ᠲᠤᠷᠰᠢ ᠬᠤᠰᠢᠭᠤᠨ ᠤ ᠪᠠᠨ ᠲᠧᠯᠸᠢᠰ ᠬᠤᠷᠢᠶᠠᠨ ᠳᠤ ᠰᠡᠭᠦᠳᠡᠷᠯᠡᠭᠴᠢ ᠶᠢᠨ ᠮᠡᠷᠭᠡᠵᠢᠯ ᠢᠶᠠᠷ ᠠᠵᠢᠯ ᠤᠨ ᠠᠩᠬᠠᠨ ᠤ ᠭᠠᠷᠤᠭ᠎ᠠ ᠎ ᠪᠠᠨ ᠡᠬᠢᠯᠡᠭᠦᠯᠵᠦ᠂ ᠳᠤᠮᠳᠠᠳᠤ ᠮᠤᠩᠭᠤᠯ ᠬᠤᠶᠠᠷ ᠤᠯᠤᠰ ᠤᠨ ᠢᠳᠡᠭᠡᠨ ᠤᠮᠳᠠᠭᠠᠨ ᠤ ᠲᠠᠯ᠎ᠠ ᠳᠤ ᠠᠷᠠᠯᠵᠢᠶ᠎ᠠ ᠮᠠᠶᠢᠮᠠᠢ ᠬᠢᠬᠦ ᠪᠠᠷ ᠵᠣᠷᠢᠭᠰᠠᠨ ᠪᠣᠯᠪᠠᠴᠤ ︽ᠭᠠᠨᠵᠤᠭ᠎ᠠ ᠨᠡᠶᠢᠯᠡᠬᠦ︾ ᠦᠢᠯᠡᠰ ᠪᠢᠰᠢ ᠪᠣᠯᠬᠤᠷ᠂ 2016 ᠣᠨ ᠳᠤ ᠬᠥᠳᠡᠭᠡ ᠨᠤᠲᠤᠭ ᠲᠤ ᠪᠠᠨ ᠪᠤᠴᠠᠵᠤ᠂  ᠮᠠᠯ ᠠᠵᠤ ᠠᠬᠤᠢ ᠪᠠᠨ ᠡᠷᠬᠢᠯᠡᠵᠡᠢ᠃      2019 ᠣᠨ ᠳᠤ ᠲᠤᠯᠭᠠᠨ ᠤ ᠭᠠᠯ ᠢᠶᠠᠨ ᠪᠠᠳᠠᠷᠠᠭᠠᠵᠤ᠂ ᠠᠶᠢᠯ ᠡᠷᠦᠬᠡ ᠪᠣᠰᠬᠠᠨ᠂ ᠬᠠᠨᠢ ᠶᠢᠨ ᠵᠠᠶᠠᠭ᠎ᠠ ᠬᠤᠯᠪᠤᠵᠤ᠂ ᠬᠤᠶᠠᠭᠤᠯᠠ ᠪᠠᠨ ᠬᠥᠳᠡᠭᠡ ᠨᠤᠲᠤᠭ ᠲᠤ ᠪᠠᠨ ᠬᠠᠮᠲᠤ ᠶᠢᠨ ᠬᠦᠰᠡᠯ ᠲᠡᠮᠡᠦᠯᠡᠯ ᠲᠠᠢ ᠴᠢᠷᠮᠠᠶᠢᠵᠠᠢ᠃ ᠣᠳᠬᠤᠨ ᠮᠠᠯᠵᠢᠬᠤ ᠦᠢᠯᠡᠳᠪᠦᠷᠢᠯᠡᠯ ᠤᠨ ᠵᠠᠮ ᠢ ᠰᠣᠩᠭᠤᠭᠰᠠᠨ ᠠᠴᠠ ᠨᠠᠭᠠᠰᠢ᠂ ᠲᠤᠭᠤᠷᠢᠨ ᠰᠤᠷᠤᠯᠴᠠᠵᠦ᠂ ᠤᠷᠤᠨ ᠨᠤᠲᠤᠭ ᠤᠨ ᠢᠶᠠᠨ ᠠᠬᠠᠮᠠᠳ ᠲᠤᠮᠤᠭᠠᠳᠠᠳ ᠤᠨ ᠮᠠᠯᠵᠢᠬᠤ ᠦᠢᠯᠡᠳᠪᠦᠷᠢᠯᠡᠯ ᠤᠨ ᠰᠣᠳᠤᠨ ᠲᠣᠷᠰᠢᠯᠭ᠎ᠠ ᠪᠠᠷ ᠲᠣᠯᠢ ᠪᠣᠯᠭᠠᠵᠤ᠂ ᠦᠪᠡᠷ ᠤᠨ ᠨᠣᠲᠤᠭ ᠤᠨ ᠢᠶᠠᠨ ᠤᠨᠴᠠᠯᠢᠭ ᠲᠤ ᠰᠠᠭᠤᠷᠢᠯᠠᠨ ︽ᠴᠥᠭᠡᠨ ᠮᠠᠯᠵᠢᠵᠦ᠂ ᠥᠨᠳᠥᠷ ᠦᠷ᠎ᠡ ᠠᠰᠢᠭ ᠣᠯᠬᠤ︾ ᠵᠠᠮ ᠢᠶᠠᠷ ᠵᠠᠮᠨᠠᠵᠤ᠂ 2021ᠣᠨ ᠳᠤ ︽ᠣᠳᠬᠤᠨ ᠭᠡᠷ ᠪᠦᠯᠢ ᠶᠢᠨ ᠮᠠᠯᠵᠢᠯ ᠤᠨ ᠲᠠᠯᠠᠪᠠᠢ︾᠎ ᠪᠠᠨ ᠳᠠᠩᠰᠠᠯᠠᠭᠤᠯᠵᠤ᠂ 2023 ᠣᠨ ᠤ ᠳᠤᠯᠤᠭᠠᠨ ᠰᠠᠷ᠎ᠠ ᠳᠤ ᠠᠦ᠋ᠰᠲᠷᠠᠯᠢᠶ᠎ᠠ ᠤᠯᠤᠰ ᠠᠴᠠ 28 ᠲᠤᠯᠤᠭᠠᠢ ᠰᠢᠮᠧᠨ᠋ᠲᠷ ᠦᠬᠡᠷ ᠤᠷᠤᠭᠤᠯᠵᠤ᠂ ᠥᠨᠦ ᠵᠢᠯ ᠲᠤᠭᠤᠯᠯᠠᠬᠤ ᠦᠨᠢᠶᠡᠳ ᠨᠢ ᠵᠢᠷᠠᠭᠠᠳ ᠢ ᠳᠠᠪᠠᠵᠤ᠂ ᠡᠭᠦᠨ ᠤ ᠳᠠᠭᠠᠣ ᠠᠳᠤᠭᠤ᠂ ᠬᠤᠨᠢ ᠮᠠᠯᠵᠢᠵᠦ ᠪᠠᠶᠢᠭ᠎ᠠ ᠪᠢᠯᠡ᠃      ᠰᠢᠯᠢᠳᠡᠭ ᠡᠭᠦᠯᠳᠡᠷ ᠤᠨ ᠮᠠᠯ ᠮᠠᠯᠵᠢᠵᠦ᠂ ᠦᠷ᠎ᠡ ᠠᠰᠢᠭ ᠭᠠᠷᠭᠠᠨ᠎ᠠ ᠭᠡᠳᠡᠭ ᠮᠠᠯᠴᠢᠳ ᠤᠨ ᠤᠷ᠎ᠠ ᠤᠬᠠᠭᠠᠨ᠂ ᠬᠦᠳᠡᠯᠮᠦᠷᠢ ᠵᠢᠳᠬᠦᠯ᠂ ᠪᠦᠲᠦᠭᠡᠨ ᠪᠠᠶᠢᠭᠤᠯᠤᠯᠲᠠ ᠵᠡᠷᠭᠡ ᠣᠯᠠᠨ ᠲᠠᠯ᠎ᠠ ᠱᠠᠭᠠᠷᠳᠠᠭᠳᠠᠨ᠎ᠠ᠃ ᠣᠳᠬᠤᠨ ᠤ ᠬᠢᠨ ᠡᠵᠢ ᠪᠠ ᠭᠡᠷᠭᠡᠢ ᠲᠠᠢ ᠪᠠᠨ ᠠᠮᠠ ᠪᠦᠯᠢ ᠭᠤᠷᠪᠠᠭᠤᠯᠠ ᠪᠠᠶᠢᠵᠦ᠂ ᠬᠦᠴᠦ ᠬᠦᠳᠡᠯᠮᠦᠷᠢ ᠬᠦᠷᠦᠯᠴᠡᠬᠦ ᠦᠭᠡᠢ          ᠪᠣᠯᠬᠤᠷ᠂ ᠬᠦᠮᠦᠨ ᠠᠴᠠ ᠢᠯᠡᠭᠦᠦ ᠡᠷᠲᠡᠯᠡᠵᠦ ᠤᠷᠤᠶᠢᠯᠠᠨ ᠬᠢᠴᠢᠶᠡᠯ ᠵᠢᠳᠬᠦᠯ ᠭᠠᠷᠭᠠᠳᠠᠭ ᠨᠢ ᠦᠨᠡᠨ᠃ ᠪᠦᠲᠦᠭᠡᠨ ᠪᠠᠶᠢᠭᠤᠯᠤᠯᠲᠠ ᠶᠢᠨ ᠬᠤᠪᠢ ᠳᠤ ᠬᠦᠴᠦᠨ ᠳᠤ ᠠᠷᠪᠢᠲᠠᠢ᠂ ᠴᠠᠭ ᠲᠤ ᠭᠠᠮᠲᠠᠢ᠂ ᠳᠦᠭᠦᠮ ᠠᠪᠬᠠᠯᠵᠢ ᠎ ᠲᠠᠢ ᠲᠤᠨᠤᠭ ᠲᠦᠬᠦᠭᠡᠷᠦᠮᠵᠢ ᠶᠢ ᠤᠭᠰᠠᠷᠠᠵᠤ᠂ ᠰᠠᠭᠤᠷᠢ ᠲᠦᠬᠦᠭᠡᠷᠦᠮᠵᠢ ᠪᠠᠨ ᠪᠠᠬᠢᠵᠢᠭᠦᠯᠵᠦ᠂ ᠨᠠᠷᠠᠪᠴᠢ ᠲᠠᠢ ᠳᠤᠯᠠᠭᠠᠬᠠᠨ ᠫᠧᠩ ᠰᠠᠷᠠᠪᠴᠢ᠂ ᠦᠬᠡᠷ ᠤᠨ ᠳᠤᠯᠠᠭᠠᠨ ᠬᠡᠪᠳᠡᠯᠭᠡ᠂ ᠪᠤᠷᠳᠤᠬᠤ ᠵᠢᠶᠠᠰᠠ᠂ ᠲᠣᠭᠤᠯ ᠤᠨ ᠨᠠᠷᠠᠪᠴᠢ ᠎ ᠲᠠᠢ ᠬᠠᠭᠤᠷᠠᠢ ᠳᠠᠰᠤᠭ᠂ ᠳᠤᠷᠠᠨᠳᠤᠭᠤᠷ᠂ ᠡᠯᠧᠺᠲᠷᠦᠨ ᠤᠰᠤᠯᠠᠬᠤ ᠲᠦᠬᠦᠭᠡᠷᠦᠮᠵᠢ ᠵᠡᠷᠭᠡ ᠮᠠᠯᠵᠢᠬᠤ ᠦᠢᠯᠡᠳᠪᠦᠷᠢᠯᠡᠯ ᠤᠨ ᠪᠦᠲᠦᠭᠡᠨ ᠪᠠᠶᠢᠭᠤᠯᠤᠯᠲᠠ ᠪᠠᠨ ᠪᠦᠷᠢᠨᠰᠢᠭᠦᠯᠦᠭᠰᠡᠭᠡᠷ ᠢᠷᠡᠵᠡᠢ᠃      ᠰᠢᠨ᠎ᠡ ᠴᠠᠭ ᠦᠶ᠎ᠡ ᠶᠢᠨ ᠵᠠᠯᠠᠭᠤ ᠮᠠᠯᠴᠢᠨ ᠪᠤᠯᠤᠭᠰᠠᠨ ᠤ ᠬᠤᠪᠢ ᠳᠤ᠂ ᠣᠳᠬᠤᠨ ᠮᠠᠯᠵᠢᠬᠤ ᠦᠢᠯᠡᠳᠪᠦᠷᠢᠯᠡᠯ ᠳᠤ ᠬᠡᠷᠡᠭᠰᠡᠬᠦ ᠮᠡᠳᠡᠯᠭᠡ ᠮᠡᠷᠭᠡᠵᠢᠯ ᠢᠶᠠᠨ ᠳᠡᠭᠡᠭᠰᠢᠯᠡᠭᠦᠯᠵᠦ᠂ ᠵᠠᠷᠤᠯᠭ᠎ᠠ ᠶᠢᠨ ᠬᠤᠪᠢ ᠳᠤ ᠥᠷᠲᠡᠭ ᠎ ᠢᠶᠠᠨ ᠳᠤᠷᠤᠭᠰᠢᠯᠠᠭᠤᠯᠬᠤ ᠶᠢ ᠦᠷᠭᠦᠯᠵᠢ ᠰᠡᠳᠬᠢᠳᠡᠭ᠃ 2021 ᠣᠨ ᠳᠤ ᠬᠡᠭᠡᠯᠳᠦᠭᠦᠯᠭᠡ ᠶᠢᠨ ᠮᠡᠷᠭᠡᠵᠢᠯ ᠰᠤᠷᠴᠦ᠂ 2022 ᠣᠨ‌‍ᠳᠤ ᠬᠤᠰᠢᠭᠤᠨ ᠳᠤ ᠲᠤᠰᠬᠠᠢ ᠭᠠᠷ ᠬᠡᠭᠡᠯᠳᠦᠭᠦᠯᠭᠡ ᠶᠢᠨ ᠪᠣᠯᠪᠠᠰᠤᠷᠠᠯ ᠳᠤ ᠤᠷᠤᠯᠴᠠᠵᠦ᠂ ᠣᠳᠤ ᠪᠣᠯᠬᠤ ᠳᠤ ᠦᠪᠡᠷ ᠤᠨ ᠦᠨᠢᠶᠡᠨ ᠳᠤ ᠪᠠᠨ ᠭᠠᠷ ᠬᠡᠭᠡᠯᠳᠦᠭᠦᠯᠭᠡ ᠬᠢᠵᠦ ᠵᠠᠷᠤᠯᠭ᠎ᠠ ᠪᠠᠨ ᠪᠠᠭᠠᠰᠬᠠᠬᠤ ᠶᠢᠨ ᠳᠠᠭᠠᠤ᠂ ᠵᠠᠪ ᠴᠢᠯᠦᠭᠡ ᠪᠠᠷ ᠢᠶᠠᠨ ᠪᠤᠰᠤᠳ ᠠᠶᠢᠯ ᠳᠤ ᠴᠤ ᠬᠠᠪᠰᠤᠷᠤᠮᠵᠢ ᠪᠣᠯᠳᠠᠭ ᠪᠠᠶᠢᠯ᠎ᠠ᠃ ᠡᠭᠦᠨ ᠤ ᠳᠠᠭᠠᠤ᠂ ᠦᠪᠡᠷ ᠤᠨ ᠲᠠᠪᠢᠨ ᠮᠦ ᠲᠠᠷᠢᠶᠠᠨ ᠭᠠᠵᠠᠷ ᠲᠤ ᠪᠠᠨ᠂ ᠵᠢᠯ ᠪᠦᠷᠢ ᠨᠤᠭᠤᠭᠠᠨ ᠳᠠᠷᠤᠰᠢ ᠲᠠᠷᠢᠵᠦ᠂ ᠥᠨᠳᠦᠷ ᠤᠨᠠᠯᠲᠠ ᠲᠠᠢ ᠪᠣᠯᠬᠤᠷ ᠡᠪᠦᠯ ᠤᠨ ᠲᠡᠵᠢᠭᠡᠯ ᠪᠤᠷᠳᠤᠭᠠᠨ ᠤ ᠪᠠᠨ ᠶᠡᠭᠡ ᠲᠠᠯ᠎ᠠ ᠶᠢ ᠨᠢ ᠳᠠᠭᠠᠭᠠᠵᠤ᠂ ᠡᠪᠡᠰᠦ ᠪᠤᠷᠳᠤᠭᠠᠨ ᠤ ᠲᠠᠯ᠎ᠠ ᠪᠠᠷ ᠵᠠᠷᠤᠯᠭ᠎ᠠ ᠪᠠᠨ ᠪᠠᠭᠠᠰᠬᠠᠳᠠᠭ ᠪᠠᠶᠢᠨ᠎ᠠ᠃      ᠣᠳᠬᠤᠨ ᠤ ᠣᠳᠣᠭᠢᠴᠢᠯᠠᠭᠰᠠᠨ ᠮᠠᠯ ᠮᠠᠯᠵᠢᠬᠤ ᠠᠷᠭ᠎ᠠ ᠵᠠᠮ ᠨᠢ ᠰᠢᠨ᠎ᠡ ᠡᠷᠢᠨ ᠤ ᠨᠡᠩ ᠣᠯᠠᠨ ᠮᠠᠯᠴᠢᠳ ᠤᠨ ᠰᠢᠨ᠎ᠡ ᠰᠤᠩᠭᠤᠯᠲᠠ ᠪᠣᠯᠵᠤ᠂ ᠬᠥᠳᠡᠭᠡ ᠨᠤᠲᠤᠭ ᠤᠨ ᠵᠠᠯᠠᠭᠤᠴᠤᠳ ᠲᠤ ᠪᠠᠨ ᠬᠤᠰᠢᠭᠤᠴᠢ ᠳᠠᠭᠤᠷᠢᠶᠠᠯ ᠪᠣᠯᠵᠤ᠂ ᠰᠢᠨ᠎ᠡ ᠴᠠᠭ ᠤᠨ ᠵᠠᠯᠠᠭᠤ ᠮᠠᠯᠴᠢᠨ ᠤ ᠨᠢᠭᠡᠨ ᠵᠢᠱᠢᠶ᠎ᠡ ᠶᠢ ᠳᠤᠷᠠᠶᠢᠯᠭᠠᠨ᠎ᠠ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号