ᠥᠵᠥᠮᠥᠴᠢᠨ ᠬᠤᠨᠢ ᠪᠠᠨ ᠥᠨ᠎ᠠ ᠳᠤ ᠬᠥᠷᠭᠡᠲᠡᠭ ᠪᠤᠶᠠᠨᠲᠠᠯᠠᠢ ᠶᠢᠨ ᠬᠢᠨ
ᠨᠡᠶᠢᠲᠡᠯᠡᠭᠰᠡᠨ ᠴᠠᠭ᠄
2024/11/12
    ᠠᠯᠲᠠᠨ ᠰᠢᠷᠭᠠᠯ ᠨᠠᠮᠤᠷ ᠥᠵᠥᠮᠥᠴᠢᠨ ᠨᠤᠲᠤᠭ ᠲᠤ ᠰᠠᠭᠠᠲᠠᠬᠤᠶ᠎ᠠ᠂ ᠡᠪᠡᠰᠥᠨ ᠤ ᠲᠤᠯᠤᠭᠠᠢ ᠬᠠᠯᠢᠭᠤᠷᠠᠨ ᠲᠠᠷᠭᠤᠨ ᠰᠥᠷᠥᠭ ᠨᠢ ᠲᠠᠯ᠎ᠠ ᠲᠥᠭᠦᠷᠡᠩ ᠪᠡᠯᠴᠢᠵᠥ᠂ ᠮᠠᠯᠴᠢᠳ ᠡᠯᠪᠡᠭ ᠬᠤᠷᠢᠶᠠᠯᠲᠠ ᠶᠢᠨ ᠴᠠᠭ ᠢᠶᠠᠨ ᠤᠭᠲᠤᠵᠥ ᠠᠪᠤᠯ᠎ᠠ᠃ ᠡᠨᠡ ᠰᠠᠶᠢᠬᠠᠨ ᠴᠠᠭ ᠢᠶᠠᠷ ᠪᠢᠲᠠ ᠡᠬᠦᠲᠠ ᠶᠢᠨ ᠬᠠᠨ ᠤᠪᠤᠭᠠᠨ ᠤ ᠪᠠᠨ ᠡᠩᠭᠡᠷ ᠬᠤᠷᠮᠤᠢ ᠶᠢ ᠲᠥᠰᠢᠵᠥ᠂ ᠭᠤᠷᠪᠠᠨ ᠰᠢᠯᠢ ᠳᠤ ᠰᠠᠭᠤᠷᠢᠰᠢᠭ᠎ᠠ ᠡᠩᠭᠡᠵᠢᠷᠭᠠᠯᠠᠩ ᠭᠠᠴᠠᠭᠠᠨ ᠤ ᠪᠤᠶᠠᠨᠲᠠᠯᠠᠢ ᠶᠢᠨ ᠬᠢ ᠬᠡᠲᠡᠭ ᠠᠶᠢᠯ ᠳᠤ ᠬᠥᠷᠴᠥ ᠰᠤᠷᠪᠤᠯᠵᠢᠯᠠᠯ᠎ᠠ᠃ ᠪᠤᠶᠠᠨᠲᠠᠯᠠᠢ ᠵᠡᠬᠦᠨ ᠥᠵᠥᠮᠥᠴᠢᠨ ᠬᠤᠰᠢᠭᠤᠨ ᠤ ᠤᠯᠢᠶᠠᠰᠤᠲᠠᠢ ᠪᠠᠯᠭᠠᠰᠤ ᠶᠢᠨ ᠡᠩᠭᠡᠵᠢᠷᠭᠠᠯᠠᠩ ᠭᠠᠴᠠᠭ᠎ᠠ ᠪᠠᠷ ᠨᠤᠲᠤᠭᠲᠠᠢ᠃ ᠥᠵᠥᠮᠥᠴᠢᠨ ᠬᠤᠨᠢᠨ ᠤ ᠪᠠᠨ ᠡᠬᠦᠯᠲᠡᠷ ᠤᠭᠰᠠᠭ᠎ᠠ ᠶᠢ ᠬᠠᠮᠠᠭᠠᠯᠠᠵᠥ᠂ ᠴᠢᠨᠠᠷ ᠴᠢᠨᠰᠠᠭ᠎ᠠ ᠶᠢ ᠨᠢ ᠰᠠᠶᠢᠵᠢᠷᠠᠭᠤᠯᠵᠥ ᠶᠠᠪᠤᠭ᠎ᠠ ᠵᠠᠯᠠᠭᠤ ᠮᠠᠯᠴᠢᠨ ᠤ ᠨᠢᠭᠡ ᠪᠢᠯᠡ᠃       ᠪᠤᠶᠠᠨᠲᠠᠯᠠᠢ 2011 ᠤᠨ ᠳᠤ ᠥᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠮᠠᠯ ᠡᠮᠨᠡᠯᠭᠡ ᠶᠢᠨ ᠲᠤᠰᠬᠠᠢ ᠮᠡᠷᠭᠡᠵᠢᠯ ᠠᠴᠠ ᠲᠡᠬᠦᠰᠴᠥ᠂ ᠰᠤᠷᠭᠠᠭᠤᠯᠢ ᠲᠡᠬᠦᠰᠥᠮᠡᠭᠴᠡ ᠲᠤᠷ᠎ᠠ ᠪᠠᠬ᠎ᠠ ᠳᠠᠭᠠᠨ ᠬᠥᠲᠥᠯᠥᠭᠲᠡᠨ ᠰᠤᠷᠤᠭᠰᠠᠨ ᠮᠡᠷᠭᠡᠵᠢᠯ ᠢᠶᠠᠨ ᠲᠥᠭᠡᠭᠡᠨ ᠲᠡᠯᠭᠡᠷᠡᠬᠦᠯᠬᠦ ᠪᠠᠷ᠂ ᠮᠥᠨᠴᠥ ᠨᠤᠮ ᠤᠨ ᠤᠨᠤᠯ ᠢ ᠨᠤᠲᠤᠭ ᠤᠨ ᠥᠢᠯᠡᠲᠥᠯᠭᠡ ᠳᠡᠭᠡᠨ ᠠᠪᠴᠢᠷᠠᠬᠤ ᠪᠠᠷ ᠤᠯᠢᠶᠠᠰᠤᠲᠠᠢ ᠪᠠᠯᠭᠠᠰᠤᠨ ᠤ ᠮᠠᠯ ᠡᠮᠨᠡᠯᠭᠡ ᠶᠢᠨ ᠥᠷᠲᠡᠭᠡᠨ ᠳᠤ ᠬᠤᠶᠠᠷ ᠵᠢᠯ ᠠᠵᠢᠯᠯᠠᠵᠥ᠂ ᠤᠯᠢᠶᠠᠰᠤᠲᠠᠢ ᠪᠠᠯᠭᠠᠰᠤᠨ ᠤ ᠥᠡᠭᠲᠤ ᠨᠡᠶᠢᠭᠡᠮ ᠲᠤᠭᠤᠷᠢᠭ ᠲᠤ ᠲᠠᠪᠤᠨ ᠵᠢᠯ ᠠᠵᠢᠯᠯᠠᠵᠠᠢ ᠃ 2015 ᠤᠨ ᠳᠤ ᠬᠥᠲᠡᠭᠡ ᠨᠤᠲᠤᠭ ᠲᠠᠭᠠᠨ ᠪᠤᠴᠠᠵᠥ᠂ ᠤᠲᠤᠮ ᠲᠠᠭᠠᠨ ᠤᠷᠭ᠎ᠠ ᠪᠠᠨ ᠠᠳᠬᠤᠵᠥ᠂ ᠥᠵᠥᠮᠥᠴᠢᠨ ᠬᠤᠨᠢᠨ ᠤ ᠡᠬᠦᠯᠲᠡᠷ ᠰᠠᠶᠢᠵᠢᠷᠠᠭᠤᠯᠬᠤ ᠠᠵᠢᠯ ᠳᠤ ᠴᠢᠷᠮᠠᠶᠢᠵᠥ ᠡᠬᠢᠯᠡᠵᠡᠢ᠃      ᠪᠤᠶᠠᠨᠲᠠᠯᠠᠢ 2019 ᠤᠨ ᠠᠴᠠ ᠥᠵᠥᠮᠥᠴᠢᠨ ᠬᠤᠨᠢᠨ ᠤ ᠤᠭ ᠡᠬᠦᠯᠲᠡᠷ ᠢ ᠰᠤᠩᠭᠤᠨ ᠰᠠᠶᠢᠵᠢᠷᠠᠭᠤᠯᠵᠥ᠂ ᠨᠤᠲᠤᠭ ᠤᠨ ᠰᠢᠯᠢᠲᠡᠭ ᠮᠠᠯᠴᠢᠳ ᠠᠴᠠ ᠪᠠᠨ ᠲᠠᠭᠤᠷᠢᠶᠠᠯ ᠠᠪᠴᠥ᠂ ᠰᠥᠷᠥᠭ ᠤᠨ ᠪᠥᠲᠥᠴᠡ ᠪᠠᠨ ᠰᠢᠯᠢᠲᠡᠭᠵᠢᠬᠦᠯᠵᠥ ᠡᠬᠢᠯᠡᠪᠡ᠃ ᠬᠠᠨ᠎ᠠ ᠲᠥᠭᠦᠷᠡᠩ ᠲᠤᠷᠠᠶᠢᠵᠥ ᠬᠠᠷᠠᠭᠲᠠᠭ᠎ᠠ ᠱᠠᠩᠨᠠᠯ ᠬᠥᠬᠢᠬᠦᠯᠥᠯ ᠨᠢ ᠲᠡᠬᠦᠨ ᠤ ᠡᠨᠡ ᠠᠵᠢᠯ ᠳᠤ ᠵᠤᠷᠢᠭᠤᠯᠤᠭᠰᠠᠨ ᠠᠷᠢᠭᠤᠨ ᠬᠥᠲᠡᠯᠮᠥᠷᠢ᠂ ᠰᠢᠷᠭᠠᠭᠤ ᠴᠢᠷᠮᠠᠶᠢᠯᠭ᠎ᠠ ᠶᠢ ᠬᠡᠷᠡᠴᠢᠯᠡᠨ᠎ᠠ᠃      ᠤᠶᠢᠷ᠎ᠠ ᠶᠢᠨ ᠵᠢᠯ ᠳᠤ ᠡᠯ᠎ᠠ ᠭᠠᠵᠠᠷ ᠤᠨ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠯ ᠳᠤ ᠤᠯᠠᠨᠲᠠ ᠤᠷᠤᠯᠴᠠᠵᠥ ᠠᠷᠠᠴᠢᠯᠠᠨ ᠮᠠᠯᠵᠢᠭᠰᠨᠨ ᠮᠠᠯ ᠨᠢ 2021 ᠤᠨ ᠤ ᠰᠢᠯᠢ ᠶᠢᠨ ᠭᠤᠤᠯ ᠤᠨ ᠥᠵᠥᠮᠥᠴᠢᠨ ᠪᠥᠲᠥᠬᠦᠨ ᠰᠡᠬᠦᠯᠲᠥ ᠬᠤᠨᠢᠨ ᠤ ︽ᠰᠤᠤᠲᠤ ᠮᠠᠯᠴᠢᠨ︾ ᠬᠤᠯᠪᠤᠭᠠᠨ ᠠᠴᠠ ᠡᠷᠬᠢᠯᠡᠭᠰᠡᠨ ᠥᠵᠥᠮᠥᠴᠢᠨ ᠬᠤᠨᠢᠨ ᠤ ᠠᠲᠠᠯᠢᠳᠬᠠᠯ ᠪᠤᠯᠤᠨ ᠵᠡᠬᠦᠨ ᠥᠵᠥᠮᠥᠴᠢᠨ ᠬᠤᠰᠢᠭᠤᠨ ᠤ ᠠᠷᠪᠠᠲᠤᠭᠠᠷ ᠬᠤᠭᠤᠴᠠᠭᠠᠨ ᠤ ︽ᠥᠵᠥᠮᠥᠴᠢᠨ ᠬᠤᠨᠢᠨ ᠤ ᠨᠠᠶᠢᠷ︾ ᠤᠨ ᠠᠲᠠᠯᠢᠳᠬᠠᠯ ᠳᠤ ᠲᠤᠰᠪᠤᠷᠢ ᠥᠨᠲᠤᠷ ᠬᠢᠷᠢ ᠪᠥᠲᠥᠮᠵᠢ ᠲᠤᠰᠴᠥ᠂ ᠤᠨᠴᠠᠭᠠᠶᠢᠯᠠᠨ 2023 ᠤᠨ ᠤ ᠤᠯᠢᠶᠠᠰᠤᠲᠠᠢ ᠪᠠᠯᠭᠠᠰᠤ ᠶᠢᠨ ᠠᠩᠬᠠᠲᠤᠭᠠᠷ ᠬᠤᠭᠤᠴᠠᠭᠠᠨ ᠤ ᠥᠨᠢᠷ ᠰᠥᠷᠥᠭ ᠤᠨ ᠰᠢᠯᠭᠠᠷᠠᠭᠤᠯᠤᠯᠲᠠ ᠳᠤ ᠲᠥᠯᠥᠭᠡᠨ ᠬᠤᠴᠠ᠂ ᠡᠮ᠎ᠠ ᠬᠤᠨᠢ᠂ ᠥᠬᠢᠨ ᠬᠤᠷᠠᠭ᠎ᠠ ᠨᠢ ᠲᠤᠰᠪᠤᠷᠢ ᠲᠡᠷᠢᠬᠦᠯᠡᠵᠥ᠂ ᠬᠤᠷᠠᠭᠠᠨ ᠬᠤᠴᠠ᠂ ᠥᠬᠢᠨ ᠲᠥᠯᠥᠭᠡ ᠨᠢ ᠲᠡᠳ᠋ ᠪᠠᠶᠢᠷᠢᠨ ᠳᠤ ᠲᠤᠲᠤᠷᠠᠭᠰᠠᠨ ᠶᠤᠮ᠃ ᠪᠤᠶᠠᠨᠲᠠᠯᠠᠢ ᠠᠮᠢ ᠠᠬᠤᠢ ᠶᠢᠨ ᠬᠠᠮᠠᠭᠠᠯᠠᠯᠲᠠ ᠶᠢ ᠲᠡᠷᠢᠬᠦᠨ ᠪᠠᠶᠢᠷᠢᠨ ᠳᠤ ᠲᠠᠯᠪᠢᠵᠥ᠂ ᠪᠤᠬᠢᠷᠲᠤᠯ ᠥᠭᠡᠢ ᠬᠥᠭᠵᠢᠬᠦᠯᠬᠦ ᠪᠠᠷ ᠤᠷᠢᠲᠠᠯ ᠪᠤᠯᠭᠠᠨ ᠨᠤᠲᠤᠭ ᠪᠡᠯᠴᠢᠭᠡᠷ ᠢᠶᠠᠨ ᠰᠡᠯᠬᠦᠨ ᠮᠠᠯᠵᠢᠵᠥ᠂ ᠡᠪᠡᠰᠥ ᠪᠡᠯᠴᠢᠭᠡᠷ ᠤᠨ ᠤᠷᠭᠤᠴᠠ ᠶᠢ ᠪᠠᠲᠤᠯᠠᠭᠰᠠᠨ ᠰᠠᠭᠤᠷᠢᠨ ᠲᠡᠭᠡᠷ᠎ᠠ ᠵᠢᠯ ᠪᠤᠯᠭᠠᠨ ᠨᠢᠷᠤᠭᠤ ᠬᠠᠪᠢᠷᠭ᠎ᠠ᠂ ᠪᠡᠶ᠎ᠠ ᠪᠢᠯᠲᠠᠷ᠂ ᠥᠡᠭᠭᠡ ᠵᠢᠰᠥ ᠰᠠᠶᠢᠲᠠᠢ ᠬᠤᠷᠠᠭᠠᠨ ᠬᠤᠴᠠ ᠰᠤᠩᠭᠤᠵᠥ᠂ ᠬᠤᠨᠢᠨ ᠰᠥᠷᠥᠭ ᠤᠨ ᠢᠶᠠᠨ ᠶᠠᠰᠤ ᠴᠢᠨᠠᠷ ᠢ ᠲᠡᠭᠡᠭᠰᠢᠯᠡᠬᠦᠯᠵᠥ᠂ ᠲᠤᠭ᠎ᠠ ᠲᠤᠯᠤᠭᠠᠢ ᠶᠢ 300 ᠭᠠᠷᠤᠢ ᠳᠤ ᠬᠢᠵᠠᠭᠠᠷᠯᠠᠵᠠᠢ᠃ ᠮᠥᠨᠴᠥ ᠬᠤᠨᠢ ᠥᠭᠡᠷ ᠢᠶᠠᠨ ᠥᠪᠡᠷᠲᠡᠭᠡᠨ ᠡᠮᠨᠡᠨ ᠵᠠᠰᠠᠵᠥ᠂ ᠬᠤᠬᠢᠷᠠᠯ ᠢ ᠪᠠᠭᠠᠰᠬᠠᠵᠥ ᠂ ᠡᠪᠤᠯ ᠬᠠᠪᠤᠷ ᠤᠨ ᠪᠡᠯᠡᠳᠭᠡᠯ ᠪᠠ ᠲᠡᠵᠢᠭᠡᠯ ᠠᠷᠠᠴᠢᠯᠠᠭ᠎ᠠ ᠪᠠᠨ ᠰᠠᠶᠢᠲᠤᠷ ᠬᠢᠵᠥ᠂ ᠰᠠᠭᠤᠷᠢ ᠡᠬᠡ ᠮᠠᠯ ᠤᠨ ᠲᠠᠷᠭᠤ ᠬᠥᠴᠥ ᠶᠢ ᠪᠠᠲᠤᠯᠠᠨ ᠰᠢᠨᠵᠢᠯᠡᠬᠦ ᠤᠬᠠᠭᠠᠨᠴᠢ ᠪᠠᠷ ᠠᠷᠠᠴᠢᠯᠠᠭᠰᠠᠨ ᠢᠶᠠᠷ ᠴᠥᠭᠡᠨ ᠮᠠᠯ ᠠᠴᠠ ᠥᠨᠲᠤᠷ ᠥᠷ᠎ᠠ ᠠᠰᠢᠭ ᠬᠥᠷᠲᠡᠵᠥ᠂ ᠠᠵᠤ ᠠᠬᠤᠢ ᠪᠠ ᠠᠮᠢ ᠠᠬᠤᠢ ᠶᠢᠨ ᠬᠤᠤᠰ ᠥᠷ᠎ᠠ ᠪᠥᠲᠥᠮᠵᠢ ᠶᠢ ᠤᠯᠵᠥ ᠶᠠᠪᠤᠨ᠎ᠠ᠃ ᠡᠲᠡᠨᠡᠶᠢᠬᠢ ᠵᠢᠯ ᠪᠥᠷᠢ ᠶᠢᠨ ᠨᠠᠢᠮᠠᠨ ᠰᠠᠷ᠎ᠠ ᠳᠤ ᠵᠠᠷᠤᠴᠠᠭᠤᠯᠤᠯᠲᠠ ᠳᠤ ᠭᠠᠷᠭᠠᠬᠤ ᠬᠤᠷᠠᠭ᠎ᠠ ᠶᠢᠨ ᠢᠶᠠᠨ ᠨᠢᠭᠡ ᠬᠡᠰᠡᠭ ᠢ ᠥᠷ᠎ᠠ ᠶᠢᠨ ᠮᠠᠯ ᠢᠶᠠᠷ ᠬᠤᠲᠠᠯᠲᠤᠵᠥ᠂ ᠨᠢᠭᠡ ᠬᠡᠰᠡᠭ ᠢ ᠰᠠᠭᠤᠷᠢ ᠡᠬᠡ ᠮᠠᠯ ᠢᠶᠠᠷ ᠵᠠᠷᠤᠴᠠᠭᠤᠯᠵᠥ᠂ ᠥᠯᠡᠲᠡᠭᠰᠡᠨ ᠨᠢᠭᠡ ᠬᠡᠰᠡᠭ ᠢ ᠨᠢ ᠬᠥᠢᠲᠡᠨ ᠬᠥᠮᠥᠷᠭᠡ ᠳᠤ ᠤᠷᠤᠭᠤᠯᠲᠠᠭ ᠪᠠᠶᠢᠵᠠᠢ᠃ ᠡᠨᠡ ᠵᠢᠯ ᠤᠨ ᠬᠤᠷᠠᠭᠠᠨ ᠤ ᠵᠠᠷᠤᠴᠠᠭᠤᠯᠤᠯᠲᠠ ᠶᠢᠨ ᠲᠡᠭᠰᠢᠳᠭᠡᠯ ᠥᠨ᠎ᠠ ᠨᠢ 1100 ᠲᠥᠭᠦᠷᠢᠭ ᠬᠥᠷᠴᠥ᠂ ᠡᠷ᠎ᠠ ᠬᠤᠷᠠᠭ᠎ᠠ ᠨᠢ ᠬᠠᠮᠤᠭ ᠥᠨᠲᠤᠷ ᠲᠡᠭᠡᠨ 2000 ᠲᠥᠭᠦᠷᠢᠭ ᠬᠥᠷᠴᠥ᠂ ᠥᠬᠢᠨ ᠬᠤᠷᠠᠭ᠎ᠠ ᠨᠢ ᠬᠠᠮᠤᠭ ᠥᠨᠲᠤᠷ ᠲᠡᠭᠡᠨ 1300 ᠲᠥᠭᠦᠷᠢᠭ ᠬᠥᠷᠥᠭᠰᠡᠨ ᠪᠠᠶᠢᠨ᠎ᠠ᠃      ᠪᠤᠶᠠᠨᠲᠠᠯᠠᠢ ᠥᠵᠥᠮᠥᠴᠢᠨ ᠬᠤᠨᠢᠨ ᠤ ᠤᠭ ᠡᠬᠦᠯᠲᠡᠷ ᠤᠨ ᠰᠢᠯᠢᠲᠡᠭ ᠰᠥᠷᠥᠭ ᠢ ᠰᠤᠩᠭᠤᠨ ᠪᠤᠶᠢᠵᠢᠭᠤᠯᠵᠥ ᠥᠵᠥᠮᠥᠴᠢᠨ ᠬᠤᠨᠢᠨ ᠤ ᠡᠬᠦᠯᠲᠡᠷ ᠤᠭᠰᠠᠭ᠎ᠠ ᠶᠢ ᠰᠠᠶᠢᠵᠢᠷᠠᠭᠤᠯᠵᠥ ᠶᠠᠪᠤᠭ᠎ᠠ ᠮᠠᠯᠵᠢᠯ ᠤᠨ ᠠᠷᠭ᠎ᠠ ᠬᠡᠯᠪᠡᠷᠢ ᠨᠢ ᠥᠵᠥᠮᠥᠴᠢᠨ ᠬᠤᠨᠢᠨ ᠤ ᠠᠵᠤ ᠥᠢᠯᠡᠰ ᠤᠨ ᠰᠢᠨ᠎ᠠ ᠥᠷ᠎ᠠ ᠪᠥᠲᠥᠮᠵᠢ ᠶᠢ ᠲᠡᠭᠡᠭᠰᠢᠯᠡᠬᠦᠯᠵᠥ᠂ ᠲᠥᠷᠥᠯ ᠲᠡᠮᠲᠡᠭ ᠤᠨ ᠠᠯᠲᠠᠷᠰᠢᠯ ᠪᠤᠯᠤᠨ ᠨᠥᠯᠥᠬᠡᠯᠡᠬᠦ ᠬᠥᠴᠥᠨ ᠢ ᠲᠠᠰᠤᠷᠠᠯᠲᠠ ᠥᠭᠡᠢ ᠥᠷᠭᠡᠳᠭᠡᠵᠥ᠂ ᠴᠢᠲᠠᠪᠤᠷᠢᠲᠠᠨ ᠤ ᠡᠩᠨᠡᠭᠡ ᠪᠠᠷ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠳᠤ ᠬᠤᠪᠢ ᠨᠡᠮᠡᠷᠢ ᠥᠵᠡᠬᠦᠯᠵᠥ ᠶᠠᠪᠤᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号