ᠠᠯᠲᠠᠨ ᠰᠢᠷᠭᠠᠯ ᠨᠠᠮᠤᠷ ᠥᠵᠥᠮᠥᠴᠢᠨ ᠨᠤᠲᠤᠭ ᠲᠤ ᠰᠠᠭᠠᠲᠠᠬᠤᠶᠠ᠂ ᠡᠪᠡᠰᠥᠨ ᠤ ᠲᠤᠯᠤᠭᠠᠢ ᠬᠠᠯᠢᠭᠤᠷᠠᠨ | ᠲᠠᠷᠭᠤᠨ ᠰᠥᠷᠥᠭ ᠨᠢ ᠲᠠᠯ᠎ᠠ ᠲᠥᠭᠦᠷᠡᠩ ᠪᠡᠯᠴᠢᠵᠥ᠂ ᠮᠠᠯᠴᠢᠳ ᠡᠯᠪᠡᠭ ᠬᠤᠷᠢᠶᠠᠯᠲᠠ ᠶᠢᠨ ᠴᠠᠭ ᠢᠶᠠᠨ ᠤᠭᠲᠤᠵᠥ | ᠠᠪᠤᠯ᠎ᠠ᠃ ᠡᠨᠡ ᠰᠠᠶᠢᠬᠠᠨ ᠴᠠᠭ ᠢᠶᠠᠷ ᠪᠢᠲᠠ ᠡᠬᠦᠲᠠ ᠶᠢᠨ ᠬᠠᠨ ᠤᠪᠤᠭᠠᠨ ᠤ ᠪᠠᠨ ᠡᠩᠭᠡᠷ ᠬᠤᠷᠮᠤᠢ ᠶᠢ ᠲᠥᠰᠢᠵᠥ᠂ | ᠭᠤᠷᠪᠠᠨ ᠰᠢᠯᠢ ᠳᠤ ᠰᠠᠭᠤᠷᠢᠰᠢᠭ᠎ᠠ ᠡᠩᠭᠡᠵᠢᠷᠭᠠᠯᠠᠩ ᠭᠠᠴᠠᠭᠠᠨ ᠤ ᠪᠤᠶᠠᠨᠲᠠᠯᠠᠢ ᠶᠢᠨ ᠬᠢ ᠬᠡᠲᠡᠭ ᠠᠶᠢᠯ ᠳᠤ ᠬᠥᠷᠴᠥ | ᠰᠤᠷᠪᠤᠯᠵᠢᠯᠠᠯ᠎ᠠ᠃ ᠪᠤᠶᠠᠨᠲᠠᠯᠠᠢ ᠵᠡᠬᠦᠨ ᠥᠵᠥᠮᠥᠴᠢᠨ ᠬᠤᠰᠢᠭᠤᠨ ᠤ ᠤᠯᠢᠶᠠᠰᠤᠲᠠᠢ ᠪᠠᠯᠭᠠᠰᠤ ᠶᠢᠨ ᠡᠩᠭᠡᠵᠢᠷᠭᠠᠯᠠᠩ | ᠭᠠᠴᠠᠭ᠎ᠠ ᠪᠠᠷ ᠨᠤᠲᠤᠭᠲᠠᠢ᠃ ᠥᠵᠥᠮᠥᠴᠢᠨ ᠬᠤᠨᠢᠨ ᠤ ᠪᠠᠨ ᠡᠬᠦᠯᠲᠡᠷ ᠤᠭᠰᠠᠭ᠎ᠠ ᠶᠢ ᠬᠠᠮᠠᠭᠠᠯᠠᠵᠥ᠂ ᠴᠢᠨᠠᠷ | ᠴᠢᠨᠰᠠᠭ᠎ᠠ ᠶᠢ ᠨᠢ ᠰᠠᠶᠢᠵᠢᠷᠠᠭᠤᠯᠵᠥ ᠶᠠᠪᠤᠭ᠎ᠠ ᠵᠠᠯᠠᠭᠤ ᠮᠠᠯᠴᠢᠨ ᠤ ᠨᠢᠭᠡ ᠪᠢᠯᠡ᠃ | ᠪᠤᠶᠠᠨᠲᠠᠯᠠᠢ 2011 ᠤᠨ ᠳᠤ ᠥᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠮᠠᠯ | ᠡᠮᠨᠡᠯᠭᠡ ᠶᠢᠨ ᠲᠤᠰᠬᠠᠢ ᠮᠡᠷᠭᠡᠵᠢᠯ ᠠᠴᠠ ᠲᠡᠬᠦᠰᠴᠥ᠂ ᠰᠤᠷᠭᠠᠭᠤᠯᠢ ᠲᠡᠬᠦᠰᠥᠮᠡᠭᠴᠡ ᠲᠤᠷ᠎ᠠ ᠪᠠᠬ᠎ᠠ ᠳᠠᠭᠠᠨ | ᠬᠥᠲᠥᠯᠥᠭᠲᠡᠨ ᠰᠤᠷᠤᠭᠰᠠᠨ ᠮᠡᠷᠭᠡᠵᠢᠯ ᠢᠶᠠᠨ ᠲᠥᠭᠡᠭᠡᠨ ᠲᠡᠯᠭᠡᠷᠡᠬᠦᠯᠬᠦ ᠪᠠᠷ᠂ ᠮᠥᠨᠴᠥ ᠨᠤᠮ ᠤᠨ ᠤᠨᠤᠯ ᠢ | ᠨᠤᠲᠤᠭ ᠤᠨ ᠥᠢᠯᠡᠲᠥᠯᠭᠡ ᠳᠡᠭᠡᠨ ᠠᠪᠴᠢᠷᠠᠬᠤ ᠪᠠᠷ ᠤᠯᠢᠶᠠᠰᠤᠲᠠᠢ ᠪᠠᠯᠭᠠᠰᠤᠨ ᠤ ᠮᠠᠯ ᠡᠮᠨᠡᠯᠭᠡ ᠶᠢᠨ ᠥᠷᠲᠡᠭᠡᠨ ᠳᠤ | ᠬᠤᠶᠠᠷ ᠵᠢᠯ ᠠᠵᠢᠯᠯᠠᠵᠥ᠂ ᠤᠯᠢᠶᠠᠰᠤᠲᠠᠢ ᠪᠠᠯᠭᠠᠰᠤᠨ ᠤ ᠥᠡᠭᠲᠤ ᠨᠡᠶᠢᠭᠡᠮ ᠲᠤᠭᠤᠷᠢᠭ ᠲᠤ ᠲᠠᠪᠤᠨ ᠵᠢᠯ ᠠᠵᠢᠯᠯᠠᠵᠠᠢ | ᠃ 2015 ᠤᠨ ᠳᠤ ᠬᠥᠲᠡᠭᠡ ᠨᠤᠲᠤᠭ ᠲᠠᠭᠠᠨ ᠪᠤᠴᠠᠵᠥ᠂ ᠤᠲᠤᠮ ᠲᠠᠭᠠᠨ ᠤᠷᠭ᠎ᠠ ᠪᠠᠨ ᠠᠳᠬᠤᠵᠥ᠂ | ᠥᠵᠥᠮᠥᠴᠢᠨ ᠬᠤᠨᠢᠨ ᠤ ᠡᠬᠦᠯᠲᠡᠷ ᠰᠠᠶᠢᠵᠢᠷᠠᠭᠤᠯᠬᠤ ᠠᠵᠢᠯ ᠳᠤ ᠴᠢᠷᠮᠠᠶᠢᠵᠥ ᠡᠬᠢᠯᠡᠵᠡᠢ᠃ | ᠪᠤᠶᠠᠨᠲᠠᠯᠠᠢ 2019 ᠤᠨ ᠠᠴᠠ ᠥᠵᠥᠮᠥᠴᠢᠨ ᠬᠤᠨᠢᠨ ᠤ ᠤᠭ ᠡᠬᠦᠯᠲᠡᠷ ᠢ ᠰᠤᠩᠭᠤᠨ ᠰᠠᠶᠢᠵᠢᠷᠠᠭᠤᠯᠵᠥ᠂ | ᠨᠤᠲᠤᠭ ᠤᠨ ᠰᠢᠯᠢᠲᠡᠭ ᠮᠠᠯᠴᠢᠳ ᠠᠴᠠ ᠪᠠᠨ ᠲᠠᠭᠤᠷᠢᠶᠠᠯ ᠠᠪᠴᠥ᠂ ᠰᠥᠷᠥᠭ ᠤᠨ ᠪᠥᠲᠥᠴᠡ ᠪᠠᠨ | ᠰᠢᠯᠢᠲᠡᠭᠵᠢᠬᠦᠯᠵᠥ ᠡᠬᠢᠯᠡᠪᠡ᠃ ᠬᠠᠨ᠎ᠠ ᠲᠥᠭᠦᠷᠡᠩ ᠲᠤᠷᠠᠶᠢᠵᠥ ᠬᠠᠷᠠᠭᠲᠠᠭᠠ ᠱᠠᠩᠨᠠᠯ ᠬᠥᠬᠢᠬᠦᠯᠥᠯ ᠨᠢ ᠲᠡᠬᠦᠨ ᠤ | ᠡᠨᠡ ᠠᠵᠢᠯ ᠳᠤ ᠵᠤᠷᠢᠭᠤᠯᠤᠭᠰᠠᠨ ᠠᠷᠢᠭᠤᠨ ᠬᠥᠲᠡᠯᠮᠥᠷᠢ᠂ ᠰᠢᠷᠭᠠᠭᠤ ᠴᠢᠷᠮᠠᠶᠢᠯᠭ᠎ᠠ ᠶᠢ ᠬᠡᠷᠡᠴᠢᠯᠡᠨ᠎ᠠ᠃ | ᠤᠶᠢᠷ᠎ᠠ ᠶᠢᠨ ᠵᠢᠯ ᠳᠤ ᠡᠯ᠎ᠠ ᠭᠠᠵᠠᠷ ᠤᠨ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠯ ᠳᠤ ᠤᠯᠠᠨᠲᠠ | ᠤᠷᠤᠯᠴᠠᠵᠥ ᠠᠷᠠᠴᠢᠯᠠᠨ ᠮᠠᠯᠵᠢᠭᠰᠨᠨ ᠮᠠᠯ ᠨᠢ 2021 ᠤᠨ ᠤ ᠰᠢᠯᠢ ᠶᠢᠨ ᠭᠤᠤᠯ ᠤᠨ ᠥᠵᠥᠮᠥᠴᠢᠨ ᠪᠥᠲᠥᠬᠦᠨ | ᠰᠡᠬᠦᠯᠲᠥ ᠬᠤᠨᠢᠨ ᠤ ︽ᠰᠤᠤᠲᠤ ᠮᠠᠯᠴᠢᠨ︾ ᠬᠤᠯᠪᠤᠭᠠᠨ ᠠᠴᠠ ᠡᠷᠬᠢᠯᠡᠭᠰᠡᠨ ᠥᠵᠥᠮᠥᠴᠢᠨ ᠬᠤᠨᠢᠨ ᠤ | ᠠᠲᠠᠯᠢᠳᠬᠠᠯ ᠪᠤᠯᠤᠨ ᠵᠡᠬᠦᠨ ᠥᠵᠥᠮᠥᠴᠢᠨ ᠬᠤᠰᠢᠭᠤᠨ ᠤ ᠠᠷᠪᠠᠲᠤᠭᠠᠷ ᠬᠤᠭᠤᠴᠠᠭᠠᠨ ᠤ ︽ᠥᠵᠥᠮᠥᠴᠢᠨ | ᠬᠤᠨᠢᠨ ᠤ ᠨᠠᠶᠢᠷ︾ ᠤᠨ ᠠᠲᠠᠯᠢᠳᠬᠠᠯ ᠳᠤ ᠲᠤᠰᠪᠤᠷᠢ ᠥᠨᠲᠤᠷ ᠬᠢᠷᠢ ᠪᠥᠲᠥᠮᠵᠢ ᠲᠤᠰᠴᠥ᠂ ᠤᠨᠴᠠᠭᠠᠶᠢᠯᠠᠨ | 2023 ᠤᠨ ᠤ ᠤᠯᠢᠶᠠᠰᠤᠲᠠᠢ ᠪᠠᠯᠭᠠᠰᠤ ᠶᠢᠨ ᠠᠩᠬᠠᠲᠤᠭᠠᠷ ᠬᠤᠭᠤᠴᠠᠭᠠᠨ ᠤ ᠥᠨᠢᠷ ᠰᠥᠷᠥᠭ ᠤᠨ | ᠰᠢᠯᠭᠠᠷᠠᠭᠤᠯᠤᠯᠲᠠ ᠳᠤ ᠲᠥᠯᠥᠭᠡᠨ ᠬᠤᠴᠠ᠂ ᠡᠮ᠎ᠠ ᠬᠤᠨᠢ᠂ ᠥᠬᠢᠨ ᠬᠤᠷᠠᠭ᠎ᠠ ᠨᠢ ᠲᠤᠰᠪᠤᠷᠢ ᠲᠡᠷᠢᠬᠦᠯᠡᠵᠥ᠂ | ᠬᠤᠷᠠᠭᠠᠨ ᠬᠤᠴᠠ᠂ ᠥᠬᠢᠨ ᠲᠥᠯᠥᠭᠡ ᠨᠢ ᠲᠡᠳ᠋ ᠪᠠᠶᠢᠷᠢᠨ ᠳᠤ ᠲᠤᠲᠤᠷᠠᠭᠰᠠᠨ ᠶᠤᠮ᠃ ᠪᠤᠶᠠᠨᠲᠠᠯᠠᠢ ᠠᠮᠢ | ᠠᠬᠤᠢ ᠶᠢᠨ ᠬᠠᠮᠠᠭᠠᠯᠠᠯᠲᠠ ᠶᠢ ᠲᠡᠷᠢᠬᠦᠨ ᠪᠠᠶᠢᠷᠢᠨ ᠳᠤ ᠲᠠᠯᠪᠢᠵᠥ᠂ ᠪᠤᠬᠢᠷᠲᠤᠯ ᠥᠭᠡᠢ ᠬᠥᠭᠵᠢᠬᠦᠯᠬᠦ ᠪᠠᠷ ᠤᠷᠢᠲᠠᠯ | ᠪᠤᠯᠭᠠᠨ ᠨᠤᠲᠤᠭ ᠪᠡᠯᠴᠢᠭᠡᠷ ᠢᠶᠠᠨ ᠰᠡᠯᠬᠦᠨ ᠮᠠᠯᠵᠢᠵᠥ᠂ ᠡᠪᠡᠰᠥ ᠪᠡᠯᠴᠢᠭᠡᠷ ᠤᠨ ᠤᠷᠭᠤᠴᠠ ᠶᠢ ᠪᠠᠲᠤᠯᠠᠭᠰᠠᠨ | ᠰᠠᠭᠤᠷᠢᠨ ᠲᠡᠭᠡᠷ᠎ᠠ ᠵᠢᠯ ᠪᠤᠯᠭᠠᠨ ᠨᠢᠷᠤᠭᠤ ᠬᠠᠪᠢᠷᠭ᠎ᠠ᠂ ᠪᠡᠶ᠎ᠠ ᠪᠢᠯᠲᠠᠷ᠂ ᠥᠡᠭᠭᠡ ᠵᠢᠰᠥ ᠰᠠᠶᠢᠲᠠᠢ ᠬᠤᠷᠠᠭᠠᠨ ᠬᠤᠴᠠ | ᠰᠤᠩᠭᠤᠵᠥ᠂ ᠬᠤᠨᠢᠨ ᠰᠥᠷᠥᠭ ᠤᠨ ᠢᠶᠠᠨ ᠶᠠᠰᠤ ᠴᠢᠨᠠᠷ ᠢ ᠲᠡᠭᠡᠭᠰᠢᠯᠡᠬᠦᠯᠵᠥ᠂ ᠲᠤᠭ᠎ᠠ ᠲᠤᠯᠤᠭᠠᠢ ᠶᠢ 300 | ᠭᠠᠷᠤᠢ ᠳᠤ ᠬᠢᠵᠠᠭᠠᠷᠯᠠᠵᠠᠢ᠃ ᠮᠥᠨᠴᠥ ᠬᠤᠨᠢ ᠥᠭᠡᠷ ᠢᠶᠠᠨ ᠥᠪᠡᠷᠲᠡᠭᠡᠨ ᠡᠮᠨᠡᠨ ᠵᠠᠰᠠᠵᠥ᠂ ᠬᠤᠬᠢᠷᠠᠯ ᠢ ᠪᠠᠭᠠᠰᠬᠠᠵᠥ | ᠂ ᠡᠪᠤᠯ ᠬᠠᠪᠤᠷ ᠤᠨ ᠪᠡᠯᠡᠳᠭᠡᠯ ᠪᠠ ᠲᠡᠵᠢᠭᠡᠯ ᠠᠷᠠᠴᠢᠯᠠᠭ᠎ᠠ ᠪᠠᠨ ᠰᠠᠶᠢᠲᠤᠷ ᠬᠢᠵᠥ᠂ ᠰᠠᠭᠤᠷᠢ ᠡᠬᠡ ᠮᠠᠯ ᠤᠨ ᠲᠠᠷᠭᠤ | ᠬᠥᠴᠥ ᠶᠢ ᠪᠠᠲᠤᠯᠠᠨ ᠰᠢᠨᠵᠢᠯᠡᠬᠦ ᠤᠬᠠᠭᠠᠨᠴᠢ ᠪᠠᠷ ᠠᠷᠠᠴᠢᠯᠠᠭᠰᠠᠨ ᠢᠶᠠᠷ ᠴᠥᠭᠡᠨ ᠮᠠᠯ ᠠᠴᠠ ᠥᠨᠲᠤᠷ ᠥᠷ᠎ᠠ ᠠᠰᠢᠭ | ᠬᠥᠷᠲᠡᠵᠥ᠂ ᠠᠵᠤ ᠠᠬᠤᠢ ᠪᠠ ᠠᠮᠢ ᠠᠬᠤᠢ ᠶᠢᠨ ᠬᠤᠤᠰ ᠥᠷ᠎ᠠ ᠪᠥᠲᠥᠮᠵᠢ ᠶᠢ ᠤᠯᠵᠥ ᠶᠠᠪᠤᠨ᠎ᠠ᠃ ᠡᠲᠡᠨᠡᠶᠢᠬᠢ | ᠵᠢᠯ ᠪᠥᠷᠢ ᠶᠢᠨ ᠨᠠᠢᠮᠠᠨ ᠰᠠᠷ᠎ᠠ ᠳᠤ ᠵᠠᠷᠤᠴᠠᠭᠤᠯᠤᠯᠲᠠ ᠳᠤ ᠭᠠᠷᠭᠠᠬᠤ ᠬᠤᠷᠠᠭ᠎ᠠ ᠶᠢᠨ ᠢᠶᠠᠨ ᠨᠢᠭᠡ ᠬᠡᠰᠡᠭ ᠢ | ᠥᠷ᠎ᠠ ᠶᠢᠨ ᠮᠠᠯ ᠢᠶᠠᠷ ᠬᠤᠲᠠᠯᠲᠤᠵᠥ᠂ ᠨᠢᠭᠡ ᠬᠡᠰᠡᠭ ᠢ ᠰᠠᠭᠤᠷᠢ ᠡᠬᠡ ᠮᠠᠯ ᠢᠶᠠᠷ ᠵᠠᠷᠤᠴᠠᠭᠤᠯᠵᠥ᠂ ᠥᠯᠡᠲᠡᠭᠰᠡᠨ | ᠨᠢᠭᠡ ᠬᠡᠰᠡᠭ ᠢ ᠨᠢ ᠬᠥᠢᠲᠡᠨ ᠬᠥᠮᠥᠷᠭᠡ ᠳᠤ ᠤᠷᠤᠭᠤᠯᠲᠠᠭ ᠪᠠᠶᠢᠵᠠᠢ᠃ ᠡᠨᠡ ᠵᠢᠯ ᠤᠨ ᠬᠤᠷᠠᠭᠠᠨ ᠤ | ᠵᠠᠷᠤᠴᠠᠭᠤᠯᠤᠯᠲᠠ ᠶᠢᠨ ᠲᠡᠭᠰᠢᠳᠭᠡᠯ ᠥᠨ᠎ᠠ ᠨᠢ 1100 ᠲᠥᠭᠦᠷᠢᠭ ᠬᠥᠷᠴᠥ᠂ ᠡᠷ᠎ᠠ ᠬᠤᠷᠠᠭ᠎ᠠ ᠨᠢ ᠬᠠᠮᠤᠭ | ᠥᠨᠲᠤᠷ ᠲᠡᠭᠡᠨ 2000 ᠲᠥᠭᠦᠷᠢᠭ ᠬᠥᠷᠴᠥ᠂ ᠥᠬᠢᠨ ᠬᠤᠷᠠᠭ᠎ᠠ ᠨᠢ ᠬᠠᠮᠤᠭ ᠥᠨᠲᠤᠷ ᠲᠡᠭᠡᠨ 1300 | ᠲᠥᠭᠦᠷᠢᠭ ᠬᠥᠷᠥᠭᠰᠡᠨ ᠪᠠᠶᠢᠨ᠎ᠠ᠃ | ᠪᠤᠶᠠᠨᠲᠠᠯᠠᠢ ᠥᠵᠥᠮᠥᠴᠢᠨ ᠬᠤᠨᠢᠨ ᠤ ᠤᠭ ᠡᠬᠦᠯᠲᠡᠷ ᠤᠨ ᠰᠢᠯᠢᠲᠡᠭ ᠰᠥᠷᠥᠭ ᠢ ᠰᠤᠩᠭᠤᠨ ᠪᠤᠶᠢᠵᠢᠭᠤᠯᠵᠥ | ᠥᠵᠥᠮᠥᠴᠢᠨ ᠬᠤᠨᠢᠨ ᠤ ᠡᠬᠦᠯᠲᠡᠷ ᠤᠭᠰᠠᠭ᠎ᠠ ᠶᠢ ᠰᠠᠶᠢᠵᠢᠷᠠᠭᠤᠯᠵᠥ ᠶᠠᠪᠤᠭ᠎ᠠ ᠮᠠᠯᠵᠢᠯ ᠤᠨ ᠠᠷᠭ᠎ᠠ ᠬᠡᠯᠪᠡᠷᠢ ᠨᠢ | ᠥᠵᠥᠮᠥᠴᠢᠨ ᠬᠤᠨᠢᠨ ᠤ ᠠᠵᠤ ᠥᠢᠯᠡᠰ ᠤᠨ ᠰᠢᠨ᠎ᠠ ᠥᠷ᠎ᠠ ᠪᠥᠲᠥᠮᠵᠢ ᠶᠢ ᠲᠡᠭᠡᠭᠰᠢᠯᠡᠬᠦᠯᠵᠥ᠂ ᠲᠥᠷᠥᠯ | ᠲᠡᠮᠲᠡᠭ ᠤᠨ ᠠᠯᠲᠠᠷᠰᠢᠯ ᠪᠤᠯᠤᠨ ᠨᠥᠯᠥᠬᠡᠯᠡᠬᠦ ᠬᠥᠴᠥᠨ ᠢ ᠲᠠᠰᠤᠷᠠᠯᠲᠠ ᠥᠭᠡᠢ ᠥᠷᠭᠡᠳᠭᠡᠵᠥ᠂ ᠴᠢᠲᠠᠪᠤᠷᠢᠲᠠᠨ ᠤ | ᠡᠩᠨᠡᠭᠡ ᠪᠠᠷ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠳᠤ ᠬᠤᠪᠢ ᠨᠡᠮᠡᠷᠢ ᠥᠵᠡᠬᠦᠯᠵᠥ ᠶᠠᠪᠤᠨ᠎ᠠ᠃ |