ᠡᠬᠡ ᠣᠷᠣᠨ ᠭᠡᠳᠡᠭ
ᠨᠡᠶᠢᠲᠡᠯᠡᠭᠰᠡᠨ ᠴᠠᠭ᠄
2024/10/29
      ᠮᠢᠩᠭᠠᠨ ᠲᠤᠰᠤᠯ ᠢᠶᠠᠷ ᠲᠣᠪᠰᠢᠯᠠᠨ ᠰᠢᠪᠡᠷᠡᠵᠦ ᠭᠱᠠᠨ ᠵᠠᠭᠤᠷ᠎ᠠ      ᠥᠨᠢ ᠮᠥᠩᠬᠡ ᠶᠢᠨ ᠳᠥᠯᠭᠡᠬᠡᠨ ᠬᠠᠷᠠᠴᠠ ᠪᠠᠷ      ᠠᠷᠢᠭᠤᠨ ᠰᠠᠴᠤᠯᠢ ᠪᠠᠨ ᠢᠳᠠᠮᠯᠠᠵᠤ      ᠵᠤᠨ ᠣᠯᠠᠨ ᠳᠠᠭᠠᠨ ᠲᠤᠤᠯᠢᠶᠠᠳᠣᠬᠰᠠᠨ      ᠨᠤᠲᠤᠭ ᠬᠥᠮᠥᠨ ᠬᠤᠶᠠᠷ ᠢ ᠳᠠᠭᠠᠵᠤ      ᠡᠬᠡ ᠭᠠᠵᠠᠷ ᠤᠨ ᠤᠮᠳᠠᠯᠠᠭᠰᠠᠨ ᠤᠰᠤ ᠨᠢ ᠭᠦᠷᠲᠡᠯ᠎ᠡ      ᠡᠬᠡ ᠣᠷᠣᠨ ᠤ ᠲᠤᠤᠯᠢ ᠪᠣᠯᠬᠤᠷ      ᠮᠥᠩᠭᠦᠨ ᠰᠠᠶᠢᠬᠠᠨ ᠰᠡᠳᠬᠢᠯ ᠨᠢ ᠬᠤᠯᠠ ᠳᠤ ᠠᠰᠠᠬᠤ      ᠡᠭᠦᠷᠢᠳᠡ ᠠᠮᠤᠭᠤᠯᠠᠩ ᠵᠠᠶᠠᠭ᠎ᠠ ᠲᠦᠰᠢᠬᠦᠢ      ᠡᠬᠡ ᠣᠷᠣᠨ ᠢᠶᠠᠨ ᠳᠠᠭᠤᠯᠠᠨ᠎ᠠ      ᠡᠵᠢ ᠶᠢᠨ ᠮᠢᠨᠢ ᠪᠦᠪᠡᠢ ᠶᠢᠨ ᠳᠠᠭᠤᠤ ᠳᠤ ᠨᠠᠷᠠ ᠥᠨᠵᠢᠵᠦ      ᠡᠪᠡᠰᠦᠨ ᠤ ᠭᠦᠨ ᠳᠤ ᠭᠤᠯᠢᠶ᠎ᠠ ᠴᠠᠷᠭᠢᠨ      ᠬᠥᠬᠡ ᠠᠯᠠᠭ ᠴᠢᠯᠠᠭᠤᠳ ᠪᠢᠳᠠᠨ ᠢ ᠳᠠᠯᠠᠯᠵᠤ      ᠬᠤᠨᠢᠨ ᠡᠭᠦᠯᠡᠰ ᠬᠠᠭᠤᠴᠢᠨ ᠪᠠᠭᠤᠷᠢ ᠳᠤᠨᠢ      ᠮᠢᠩᠭ᠎ᠠ ᠮᠢᠩᠭᠠᠨ ᠴᠡᠴᠡᠭ ᠪᠠᠳᠮᠠᠯᠠᠨ᠎ᠠ      ᠡᠬᠡ ᠣᠷᠣᠨ ᠭᠡᠳᠡᠭ      ᠵᠢᠷᠦᠬᠡᠨ ᠳᠤ ᠤᠶᠠᠭᠠᠲᠠᠢ ᠲᠠᠯ᠎ᠠ ᠳᠤᠨᠢ      ᠪᠤᠳᠤᠯ ᠮᠢᠨᠢ ᠨᠠᠮᠤᠷᠵᠢᠨ ᠴᠠᠯᠠᠶᠢᠵᠤ      ᠮᠥᠩᠬᠡ ᠶᠢᠨ ᠣᠷᠣᠨ ᠬᠢᠵᠠᠭᠠᠷ ᠦᠭᠡᠢ ᠳᠤ      ᠦᠨᠡᠨ ᠤ ᠵᠥᠩᠴᠢ ᠰᠢᠳᠢ ᠪᠠᠷ      ᠣᠩᠭᠤᠳ ᠢ ᠰᠤᠪᠢᠳᠠᠭ ᠠᠮᠢᠳᠤ ᠵᠢᠷᠤᠬᠠᠢ      ᠲᠠᠭᠠᠨ᠎ᠠ ᠶᠢᠨ ᠴᠡᠴᠡᠭ ᠲᠤ      ᠮᠥᠷ ᠢᠶᠠᠨ ᠲᠠᠮᠠᠭᠠᠯᠠᠵᠤ ᠦᠯᠡᠳᠡᠭᠡᠨ      ᠠᠭᠠᠷᠤ ᠽᠠᠨᠳᠠᠨ ᠤᠶᠠᠭᠠᠨ ᠳᠡᠭᠡᠷ᠎ᠡ ᠪᠠᠭᠤᠴᠠᠯᠠᠬᠰᠠᠨ ᠶᠤᠮ      ᠡᠬᠡ ᠣᠷᠣᠨ ᠭᠡᠳᠡᠭ      ᠨᠠᠮ ᠬᠥᠮ ᠤᠨ ᠴᠢᠯᠦᠭᠡ ᠪᠠᠷ ᠡᠭᠡᠳᠡᠷᠡᠭᠡ ᠪᠠᠨ ᠲᠡᠪᠴᠢᠵᠦ      ᠨᠠᠨᠳᠢᠨ ᠵᠠᠶᠠᠭᠠᠨ ᠤ ᠡᠵᠡᠨ ᠪᠣᠯᠤᠭᠰᠠᠨ      ᠲᠡᠷᠡ ᠪᠣᠯ ᠪᠣᠯᠵᠤᠭ᠎ᠠ ᠪᠤᠶᠤ ᠮᠥᠷᠥᠭᠡᠳᠦᠯ      ᠤᠯᠠᠷᠢᠯ ᠤᠨ ᠠᠷᠢᠭᠤᠨ ᠠᠮᠢᠰᠬᠤᠯ ᠢ      ᠠᠮᠢᠰᠬᠤᠬᠤ ᠲᠣᠳᠣᠮ ᠳᠣᠮ ᠪᠠᠶᠢᠵᠤ      ᠤᠯᠠᠷᠢᠭᠰᠠᠨ ᠰᠣᠶᠣᠯ ᠤᠨ ᠲᠡᠮᠳᠡᠭ ᠪᠣᠯᠬᠤᠢ      ᠠᠶᠠᠨ ᠤ ᠵᠢᠯᠣᠭᠤ ᠤᠷᠲᠤᠰᠤᠨ ᠮᠥᠩᠬᠡᠵᠢᠨ᠎ᠡ      ᠡᠬᠡ ᠣᠷᠣᠨ ᠭᠡᠳᠡᠭ
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号