2024 ᠣᠨ ᠳᠤ ᠲᠠ ᠦᠨᠡᠮᠯᠡᠯ ᠰᠢᠯᠭᠠᠭᠤᠯᠤᠭᠰᠠᠨ ᠦᠦ︖ ᠬᠡᠷᠪᠡ ᠠᠵᠢᠯ ᠮᠡᠷᠭᠡᠵᠢᠯ ᠤᠨ ᠬᠢᠷᠢ | ᠬᠡᠮ ᠤᠨ ᠦᠨᠡᠮᠯᠡᠯ ᠤᠯᠤᠬᠰᠠᠨ ᠳᠤ ᠬᠦᠷᠪᠡᠯ ᠡᠨᠡ ᠵᠣᠭᠤᠰ ᠢ ᠠᠷᠪᠢᠯᠠᠵᠤ ᠪᠣᠯᠤᠨ᠎ᠠ᠃ ᠬᠠᠮᠢᠶ᠎ᠠ ᠪᠥᠬᠦᠶ ᠦᠨᠡᠮᠯᠡᠯ | ᠣᠯᠤᠭᠰᠠᠨ ᠲᠤᠬᠠᠶ ᠶᠢᠨ ᠵᠢᠯ ᠳᠡᠭᠡᠨ ᠬᠤᠪᠢ ᠬᠥᠮᠦᠨ ᠤ ᠠᠰᠢᠭ ᠣᠷᠣᠯᠭ᠎ᠠ ᠶᠢᠨ ᠭᠠᠶᠢᠯᠢ ᠶᠢᠨ App ᠪᠠᠷ ᠲᠠᠭᠯᠠᠵᠤ | ᠮᠡᠳᠡᠭᠦᠯᠪᠡᠯ ᠦᠷᠭᠦᠯᠵᠢᠯᠡᠭᠰᠡᠨ ᠰᠤᠷᠭᠠᠨ ᠬᠥᠮᠦᠵᠢᠯ ᠤᠨ ᠲᠤᠰᠬᠠᠶ ᠵᠦᠢᠯ ᠤᠨ ᠨᠡᠮᠡᠯᠲᠡ ᠰᠠᠭᠤᠳᠬᠠᠯ ᠢ ᠭᠥᠷᠳᠡᠵᠦ | ᠪᠤᠯᠬᠤ ᠪᠦᠭᠡᠳ 3600 ᠲᠥᠭᠦᠷᠢᠭ ᠤᠨ ᠪᠠᠷᠢᠮᠵᠢᠶ᠎ᠠ ᠪᠠᠷ ᠭᠠᠶᠢᠯᠢ ᠲᠤᠰᠢᠶᠠᠬᠤ ᠠᠴᠠ ᠡᠮᠦᠨᠡᠬᠢ ᠲᠣᠭᠲᠠᠭᠰᠠᠨ | ᠲᠣᠭᠠᠨ ᠤ ᠰᠠᠭᠤᠳᠬᠠᠯ ᠤᠨ ᠬᠠᠷᠠᠭᠠᠯᠵᠠᠯ ᠭᠥᠷᠳᠡᠵᠦ ᠪᠤᠯᠤᠨ᠎ᠠ᠃ ᠠᠵᠢᠯ ᠮᠡᠷᠭᠡᠵᠢᠯ ᠤᠨ ᠬᠢᠷᠢ ᠬᠡᠮ ᠤᠨ | ᠦᠨᠡᠮᠯᠡᠯ ᠤᠨ ᠲᠦᠷᠦᠯ ᠵᠦᠢᠯ ᠣᠯᠠᠨ᠂ ᠲᠤᠭ᠎ᠠ ᠬᠡᠮᠵᠢᠶ᠎ᠡ ᠣᠯᠠᠨ ᠪᠣᠯ ᠶᠠᠮᠠᠷ ᠶᠠᠮᠠᠷ ᠰᠠᠭᠤᠳᠬᠠᠯ ᠤᠨ ᠬᠠᠷᠠᠭᠠᠯᠵᠠᠯ | ᠭᠥᠷᠳᠡᠵᠦ ᠪᠤᠯᠬᠤ ᠪᠣᠶ︖ ᠦᠷᠭᠦᠯᠵᠢᠯᠡᠭᠰᠡᠨ ᠰᠤᠷᠭᠠᠨ ᠬᠥᠮᠦᠵᠢᠯ ᠤᠨ ᠲᠤᠰᠬᠠᠶ ᠵᠦᠢᠯ ᠤᠨ ᠨᠡᠮᠡᠯᠲᠡ | ᠰᠠᠭᠤᠳᠬᠠᠯ ᠢ ᠲᠠᠭᠯᠠᠬᠤ ᠦᠶ᠎ᠡ ᠳᠤ ᠰᠢᠰᠲ᠋ᠧᠮ ᠠᠴᠠ ︽︿ᠤᠯᠤᠰ ᠤᠨ ᠠᠵᠢᠯ ᠮᠡᠷᠭᠡᠵᠢᠯ ᠤᠨ ᠬᠢᠷᠢ ᠬᠡᠮ ᠤᠨ | ᠭᠠᠷᠴᠠᠭ﹀ ᠲᠤᠳᠤᠷ᠎ᠠ ᠪᠠᠶᠢᠬᠤ ᠦᠭᠡᠢ ᠪᠤᠯ ᠰᠠᠭᠤᠳᠬᠠᠯ ᠭᠥᠷᠳᠡᠵᠦ ᠪᠤᠯᠬᠤ ᠠᠵᠢᠯ ᠮᠡᠷᠭᠡᠵᠢᠯ ᠤᠨ ᠬᠢᠷᠢ ᠬᠡᠮ ᠤᠨ | ᠦᠷᠭᠦᠯᠵᠢᠯᠡᠭᠰᠡᠨ ᠰᠤᠷᠭᠠᠨ ᠬᠥᠮᠦᠵᠢᠯ ᠳᠤ ᠬᠠᠷᠢᠶᠠᠯᠠᠭᠳᠠᠬᠤ ᠥᠬᠡᠶ︾ ᠭᠡᠵᠦ ᠰᠠᠨᠠᠭᠤᠯᠤᠨ᠎ᠠ᠃ ᠡᠲᠡᠭᠡᠷ ᠦᠨᠡᠮᠯᠡᠯ | ᠪᠠᠶᠢᠪᠠᠯ ᠰᠠᠭᠤᠳᠬᠠᠯ ᠢ ᠭᠥᠷᠳᠡᠵᠦ ᠪᠤᠯᠤᠨ᠎ᠠ᠄ ︽ᠤᠯᠤᠰ ᠤᠨ ᠠᠵᠢᠯ ᠮᠡᠷᠭᠡᠵᠢᠯ ᠤᠨ ᠬᠢᠷᠢ ᠬᠡᠮ ᠤᠨ ᠭᠠᠷᠴᠠᠭ︾ ᠢ | ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ ᠠᠴᠠ ᠨᠡᠶᠢᠲᠡᠯᠡᠨ᠎ᠠ᠂ ᠣᠳᠣᠬᠠᠨ ᠤ | ᠬᠠᠮᠤᠭ ᠤᠨ ᠰᠢᠨ᠎ᠡ ᠬᠡᠪᠯᠡᠯ ᠪᠤᠯ 2021 ᠣᠨ ᠤ ᠬᠡᠪᠯᠡᠯ ᠪᠣᠯᠤᠨ᠎ᠠ᠂ ᠨᠡᠶᠢᠲᠡ 72 ᠵᠦᠢᠯ ᠤᠨ ᠠᠵᠢᠯ | ᠮᠡᠷᠭᠡᠵᠢᠯ ᠤᠨ ᠬᠢᠷᠢ ᠬᠡᠮ ᠪᠣᠶ᠂ ᠡᠭᠦᠨ ᠳᠤ ᠲᠤᠰᠬᠠᠶ ᠮᠡᠷᠭᠡᠵᠢᠯ ᠤᠨ ᠠᠵᠢᠯᠲᠠᠨ ᠤ ᠠᠵᠢᠯ ᠮᠡᠷᠭᠡᠵᠢᠯ ᠤᠨ ᠬᠢᠷᠢ ᠬᠡᠮ | 59 ᠵᠦᠢᠯ ᠪᠠᠶᠢᠵᠤ᠂ ᠤᠷ᠎ᠠ ᠴᠢᠳᠠᠪᠤᠷᠢ ᠶᠢᠨ ᠠᠵᠢᠯᠲᠠᠨ ᠤ ᠠᠵᠢᠯ ᠮᠡᠷᠭᠡᠵᠢᠯ ᠤᠨ ᠬᠢᠷᠢ ᠬᠡᠮ 13 ᠵᠦᠢᠯ ᠪᠤᠢ᠃ | |