ᠡᠨᠡ ᠵᠢᠯ ᠠᠴᠠ ᠨᠠᠰᠢ᠂ ᠮᠠᠨ ᠤ ᠬᠤᠰᠢᠭᠤᠨ ᠤ ᠵᠡᠭᠦᠨ ᠬᠠᠲᠠᠪᠴᠢ ᠪᠣᠭᠤᠮᠲᠠ ︽ᠲᠠᠪᠤᠨ ᠶᠡᠭᠡ ᠡᠭᠦᠷᠭᠡ︾ | ᠪᠠᠷ ᠶᠡᠷᠦᠩᠬᠡᠶᠢᠯᠡᠨ ᠵᠢᠯᠣᠭᠤᠳᠣᠭᠤᠯᠵᠤ᠂ ᠤᠯᠤᠰ ᠤᠨ ︽ᠨᠢᠭᠡ ᠪᠦᠰᠡ ᠨᠢᠭᠡ ᠵᠠᠮ︾ ᠪᠣᠯᠤᠨ ᠥᠪᠡᠷᠲᠡᠭᠡᠨ | ᠵᠠᠰᠠᠬᠤ ᠣᠷᠣᠨ ᠤ ᠤᠮᠠᠷᠠᠰᠢ ᠨᠡᠭᠡᠭᠡᠯᠲᠡ ᠬᠢᠬᠦ ᠴᠢᠬᠤᠯᠠ ᠶᠡᠭᠡ ᠪᠠᠶᠢᠷᠢᠯᠠᠭᠤᠯᠤᠯᠲᠠ ᠶᠢ ᠭᠦᠨᠵᠡᠭᠡᠶ ᠲᠤᠤᠱᠯᠠᠭᠤᠯᠤᠨ | ᠨᠠᠶᠢᠳᠠᠪᠤᠷᠢᠵᠢᠭᠤᠯᠵᠤ᠂ ᠰᠠᠭᠤᠷᠢ ᠪᠥᠲᠥᠭᠡᠨ ᠪᠠᠶᠢᠭᠤᠯᠤᠯᠲᠠ ᠶᠢ ᠴᠢᠩᠭᠠᠳᠬᠠᠨ᠂ ᠪᠣᠭᠤᠮᠲᠠ ᠪᠠᠷ ᠥᠩᠭᠡᠷᠡᠬᠦ | ᠣᠷᠴᠢᠨ ᠲᠣᠭᠤᠷᠢᠨ ᠢ ᠰᠢᠯᠢᠳᠡᠭᠵᠢᠭᠦᠯᠵᠦ᠂ ᠲᠡᠭᠡᠭᠡᠪᠦᠷᠢ ᠶᠢᠨ ᠠᠷᠭ᠎ᠠ ᠬᠡᠯᠪᠡᠷᠢ ᠶᠢ ᠢᠳᠡᠪᠬᠢᠲᠡᠶ ᠰᠦᠪᠡᠭᠴᠢᠯᠡᠨ | ᠰᠢᠨ᠎ᠡ ᠶᠢ ᠡᠭᠦᠳᠴᠦ᠂ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠪᠠᠷᠠᠭᠠᠨ ᠤ ᠲᠡᠭᠡᠭᠡᠪᠦᠷᠢ ᠶᠢ | ᠪᠠᠶᠢᠩᠭᠤᠵᠢᠭᠤᠯᠬᠤ᠂ ᠳᠥᠭᠦᠮᠴᠢᠯᠡᠬᠦ ᠪᠠ ᠥᠨᠳᠥᠷ ᠪᠦᠲᠦᠮᠵᠢᠲᠡᠶ ᠪᠣᠯᠭᠠᠬᠤ ᠶᠢ ᠠᠬᠢᠭᠤᠯᠪᠠ᠃ ᠪᠦᠷᠢᠳᠬᠡᠯ ᠢ | ᠦᠨᠳᠦᠰᠦᠯᠡᠪᠡᠯ᠂ 9 ᠰᠠᠷ᠎ᠠ ᠶᠢᠨ 19 ᠤ ᠡᠳᠦᠷ ᠪᠣᠯᠲᠠᠯ᠎ᠠ ᠵᠡᠭᠦᠨ ᠬᠠᠲᠠᠪᠴᠢ ᠪᠣᠭᠤᠮᠲᠠ ᠶᠢᠨ ᠪᠠᠷᠠᠭᠠᠨ ᠤ | ᠲᠡᠭᠡᠭᠡᠪᠦᠷᠢ ᠶᠢᠨ ᠬᠡᠮᠵᠢᠶ᠎ᠡ 200 ᠲᠦᠮᠡᠨ ᠲᠣᠨ ᠢ ᠳᠠᠪᠠᠵᠤ᠂ ᠠᠳᠠᠯᠢ ᠬᠤᠭᠤᠴᠠᠭᠠᠨ ᠤ ᠬᠢ ᠠᠴᠠ 23.5% ᠪᠠᠷ | ᠨᠡᠮᠡᠭᠳᠡᠪᠡ᠃ | ᠨᠢᠭᠡ ᠳᠤ᠂ ᠰᠠᠭᠤᠷᠢ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠪᠠ᠃ ᠪᠣᠭᠤᠮᠲᠠ ᠶᠢᠨ | ᠪᠠᠷᠠᠭᠠᠨ ᠤ ᠲᠡᠭᠡᠭᠡᠪᠦᠷᠢ ᠶᠢᠨ ᠦᠢᠯᠡᠴᠢᠯᠡᠭᠡ ᠪᠠ ᠬᠠᠮᠲᠤᠷᠠᠨ ᠪᠠᠶᠢᠴᠠᠭᠠᠨ ᠰᠢᠯᠭᠠᠬᠤ ᠢᠵᠢ ᠪᠦᠷᠢᠳᠦᠭᠰᠡᠨ | ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠶᠡᠬᠡᠪᠡᠷ ᠲᠦᠯᠬᠢᠨ ᠠᠬᠢᠭᠤᠯᠵᠤ᠂ ᠵᠠᠰᠠᠮᠠᠯ ᠵᠠᠮ ᠤᠨ | ᠪᠣᠭᠤᠮᠲᠠ ᠶᠢᠨ ᠬᠠᠮᠲᠤᠷᠠᠨ ᠪᠠᠶᠢᠴᠠᠭᠠᠬᠤ ᠲᠣᠭᠤᠷᠢᠭ ᠵᠢᠴᠢ ᠢᠵᠢ ᠪᠦᠷᠢᠳᠦᠭᠰᠡᠨ ᠪᠠᠶᠢᠴᠠᠭᠠᠨ ᠰᠢᠯᠭᠠᠬᠤ | ᠲᠦᠬᠦᠭᠡᠷᠦᠮᠵᠢ᠂ ᠰᠢᠨ᠎ᠡ ᠪᠠᠷᠠᠭᠠᠨ ᠤ ᠲᠡᠭᠡᠭᠡᠪᠦᠷᠢ ᠶᠢᠨ ᠵᠠᠮ᠂ ᠬᠠᠮᠲᠤᠷᠠᠨ ᠪᠠᠶᠢᠴᠠᠭᠠᠬᠤ ᠠᠰᠠᠷ ᠤᠨ | ᠥᠭᠡᠷᠡᠴᠢᠯᠡᠯᠲᠡ᠂ ᠤᠶᠤᠨᠲᠤ ᠪᠣᠭᠤᠮᠲᠠ᠂ ᠪᠠᠷᠠᠭᠠᠨ ᠤ ᠲᠡᠷᠭᠡ ᠶᠢᠨ ᠲᠦᠷ ᠴᠠᠭ ᠣᠷᠣᠯᠠᠨ ᠲᠠᠷᠬᠠᠭᠠᠬᠤ ᠣᠷᠣᠨ | ᠵᠡᠷᠭᠡ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠡᠷᠡᠭᠵᠢᠭᠦᠯᠵᠦ᠂ ᠪᠣᠭᠤᠮᠲᠠ ᠶᠢ ᠤᠯᠠᠮ ᠨᠢᠭᠡ ᠠᠯᠬᠤᠮ | ᠰᠢᠯᠤᠭᠤᠳᠬᠠᠨ ᠨᠡᠭᠡᠭᠡᠬᠦ ᠶᠢ ᠳᠠᠭᠠᠯᠳᠤᠨ᠂ ᠬᠢᠯᠢ ᠪᠠᠷ ᠣᠷᠣᠵᠤ ᠭᠠᠷᠬᠤ ᠲᠡᠷᠭᠡ ᠬᠥᠰᠬᠡ ᠥᠩᠭᠡᠷᠡᠭᠰᠡᠨ | ᠵᠢᠯ ᠤᠳ ᠠᠴᠠ ᠶᠡᠭᠡ ᠬᠡᠮᠵᠢᠶ᠎ᠡ ᠪᠠᠷ ᠨᠡᠮᠡᠭᠳᠡᠵᠦ᠂ ᠵᠢᠯ ᠤᠨ ᠪᠣᠭᠤᠮᠲᠠ ᠪᠠᠷ ᠥᠩᠭᠡᠷᠡᠬᠦ ᠴᠢᠳᠠᠪᠤᠷᠢ ᠶᠢ 1000 | ᠲᠦᠮᠡᠨ ᠲᠣᠨ ᠳᠤ ᠬᠦᠷᠦᠭᠦᠯᠵᠦ᠂ ᠠᠶᠠᠨᠴᠢᠳ ᠤᠨ ᠪᠣᠭᠤᠮᠲᠠ ᠪᠠᠷ ᠥᠩᠭᠡᠷᠡᠬᠦ ᠴᠢᠳᠠᠪᠤᠷᠢ ᠶᠢ 100 ᠲᠦᠮᠡᠨ | ᠬᠥᠮᠦᠨ ᠤᠳᠠᠭ᠎ᠠ ᠳᠤ ᠬᠦᠷᠦᠭᠦᠯᠪᠡ᠃ | ᠬᠤᠶᠠᠷ ᠲᠤ᠂ ᠪᠣᠭᠤᠮᠲᠠ ᠪᠠᠷ ᠥᠩᠭᠡᠷᠡᠬᠦ ᠣᠷᠴᠢᠨ ᠨᠥᠬᠦᠴᠡᠯ ᠢ ᠦᠷᠭᠦᠯᠵᠢᠯᠡᠨ ᠰᠢᠯᠢᠳᠡᠭᠵᠢᠭᠦᠯᠪᠡ᠃ ᠬᠢᠨᠠᠨ | ᠬᠠᠮᠢᠶᠠᠷᠬᠤ ᠪᠠ ᠦᠢᠯᠡᠴᠢᠯᠡᠬᠦ ᠬᠤᠶᠠᠷ ᠲᠠᠯ᠎ᠠ ᠳᠤ ᠵᠡᠷᠭᠡ ᠪᠠᠷ ᠬᠦᠴᠦᠯᠡᠬᠦ ᠶᠢ ᠪᠠᠷᠢᠮᠲᠠᠯᠠᠵᠤ᠂ ᠵᠠᠰᠠᠮᠠᠯ ᠵᠠᠮ ᠤᠨ | ᠪᠣᠭᠤᠮᠲᠠ ᠶᠢᠨ ᠪᠣᠭᠤᠮᠲᠠ ᠪᠠᠷ ᠥᠩᠭᠡᠷᠡᠬᠦ ᠠᠯᠬᠤᠮ ᠳᠠᠷᠠᠭᠠᠯᠠᠯ ᠢ ᠴᠠᠭ ᠲᠤᠬᠠᠶ ᠳᠤ ᠨᠢ ᠲᠣᠬᠢᠷᠠᠭᠤᠯᠤᠨ ᠲᠠᠰᠤᠷᠠᠯᠲᠠ | ᠥᠬᠡᠶ ᠰᠢᠯᠢᠳᠡᠭᠵᠢᠭᠦᠯᠵᠦ᠂ ᠪᠣᠭᠤᠮᠲᠠ ᠶᠢᠨ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠤᠨ ︽ᠲᠠᠩ ᠴᠢᠷᠦᠭᠦᠯ | ᠲᠡᠷᠭᠡ︾ ᠶᠢ ︽ᠬᠤᠣᠰ ᠴᠢᠷᠦᠭᠦᠯ ᠲᠡᠷᠭᠡ︾ ᠪᠣᠯᠭᠠᠨ ᠥᠭᠡᠷᠡᠴᠢᠯᠡᠬᠦ ᠶᠢ ᠵᠣᠷᠢᠭᠵᠢᠭᠤᠯᠤᠨ ᠳᠡᠮᠵᠢᠵᠦ᠂ ᠠᠵᠤ | ᠠᠬᠤᠶᠢᠯᠠᠯ ᠤᠨ ᠲᠡᠭᠡᠭᠡᠪᠦᠷᠢ ᠶᠢᠨ ᠵᠠᠷᠤᠳᠠᠯ ᠢ ᠠᠷᠪᠢᠯᠠᠬᠤ ᠶᠢᠨ ᠬᠠᠮᠲᠤ᠂ ᠬᠢᠯᠢ ᠠᠯᠤᠰᠯᠠᠭᠰᠠᠨ ᠲᠡᠭᠡᠭᠡᠪᠦᠷᠢ ᠶᠢᠨ ᠳᠠᠩ | ᠲᠡᠷᠭᠡ ᠳᠠᠩ ᠴᠢᠭᠯᠡᠯ ᠤᠨ ᠠᠴᠢᠶᠠᠯᠠᠬᠤ ᠴᠢᠳᠠᠪᠤᠷᠢ ᠶᠢ ᠳᠠᠬᠢᠨ ᠢᠶᠠᠷ ᠨᠡᠮᠡᠭᠳᠡᠭᠦᠯᠬᠦ ᠶᠢ ᠪᠡᠶᠡᠯᠡᠭᠦᠯᠵᠦ᠂ ᠪᠣᠭᠤᠮᠲᠠ ᠪᠠᠷ | ᠥᠩᠭᠡᠷᠡᠬᠦ ᠴᠢᠳᠠᠪᠤᠷᠢ ᠪᠠ ᠪᠠᠷᠠᠭᠠᠨ ᠤ ᠲᠡᠭᠡᠭᠡᠪᠦᠷᠢ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ ᠥᠨᠥᠳᠥᠷ | ᠪᠣᠯᠲᠠᠯ᠎ᠠ᠂ ᠨᠡᠶᠢᠲᠡ 400 ᠭᠠᠷᠤᠶ ︽ᠬᠤᠣᠰ ᠴᠢᠷᠦᠭᠦᠯ ᠲᠡᠷᠭᠡ︾ ᠪᠠᠷ᠂ 5.5 ᠲᠦᠮᠡᠨ ᠲᠣᠨ | ᠵᠥᠭᠡᠭᠡᠪᠦᠷᠢᠯᠡᠵᠦ᠂ ︽ᠬᠤᠣᠰ ᠴᠢᠷᠦᠭᠦᠯ ᠲᠡᠷᠭᠡ︾ ᠨᠢ ᠡᠩ ᠤᠨ ᠴᠢᠷᠦᠬᠦᠯ ᠲᠡᠷᠭᠡᠨ ᠤ ᠠᠴᠢᠶᠠᠯᠠᠬᠤ ᠬᠡᠮᠵᠢᠶ᠎ᠡ ᠶᠢᠨ | 2 ᠳᠠᠬᠢᠨ ᠭᠠᠷᠤᠶ ᠪᠣᠯᠤᠨ᠎ᠠ᠃ | ᠭᠤᠷᠪᠠ ᠳᠤ᠂ ᠮᠣᠩᠭᠤᠯ ᠤᠨ ᠲᠠᠯ᠎ᠠ ᠶᠢᠨ ᠨᠡᠭᠦᠷᠡᠰᠦᠨ ᠠᠭᠤᠷᠬᠠᠢ ᠨᠢ ᠠᠵᠢᠯ ᠦᠢᠯᠡᠳᠪᠦᠷᠢᠯᠡᠯ ᠢᠶᠠᠨ | ᠰᠡᠷᠭᠦᠭᠡᠪᠡ᠃ ᡁᠢ ᠱᠧᠩ ᠠᠭᠤᠷᠬᠠᠢ ᠶᠢᠨ ᠦᠢᠯᠡᠳᠪᠦᠷᠢᠯᠡᠯ ᠢᠶᠠᠨ ᠰᠡᠷᠭᠦᠭᠡᠬᠦ ᠶᠢ ᠳᠠᠭᠠᠯᠳᠤᠨ ᠤᠯᠤᠰ ᠤᠨ | ᠳᠣᠲᠣᠭᠠᠳᠤ ᠶᠢᠨ ᠨᠡᠭᠦᠷᠡᠰᠦᠨ ᠤ ᠵᠠᠬ᠎ᠠ ᠳᠡᠯᠭᠡᠭᠦᠷ ᠲᠣᠭᠲᠠᠭᠤᠨ ᠪᠥᠭᠡᠳ ᠠᠯᠭᠤᠷ ᠢᠶᠠᠷ ᠳᠡᠭᠡᠭᠰᠢᠯᠡᠪᠡ᠃ ᡁᠢ ᠱᠧᠩ | ᠨᠡᠭᠦᠷᠡᠰᠦᠨ ᠠᠭᠤᠷᠬᠠᠶ ᠨᠢ ᠮᠣᠩᠭᠤᠯ ᠤᠯᠤᠰ ᠤᠨ ᠰᠦᠬᠡᠪᠠᠭᠠᠲᠤᠷ ᠠᠶᠢᠮᠠᠭ ᠤᠨ ᠡᠷᠳᠡᠨᠢᠴᠠᠭᠠᠨ ᠰᠤᠮᠤᠨ ᠳᠤ | ᠪᠠᠶᠢᠷᠢᠯᠠᠵᠤ᠂ ᠪᠢᠴᠢᠭᠲᠦ ᠪᠣᠭᠤᠮᠲᠠ ᠠᠴᠠ 40 ᠺᠢᠯᠣᠮᠧᠲᠷ ᠵᠠᠶ ᠲᠠᠢ᠂ ᠲᠣᠰ ᠠᠭᠤᠷᠬᠠᠢ ᠶᠢᠨ ᠶᠡᠷᠦᠩᠬᠡᠢ ᠪᠡᠯᠡ | ᠣᠷᠣᠭᠤᠯᠤᠯᠲᠠ ᠨᠢ 5 ᠳ᠋ᠦᠩᠰᠢᠭᠤᠷ ᠲᠥᠭᠦᠷᠢᠭ᠂ ᠠᠭᠤᠷᠬᠠᠢ ᠶᠢᠨ ᠣᠷᠣᠨ ᠤ ᠲᠠᠯᠠᠪᠠᠢ ᠨᠢ 150000 ᠲᠡᠭᠰᠢ | ᠳᠦᠷᠪᠡᠯᠵᠢᠨ ᠮᠧᠲᠷ᠂ ᠬᠠᠳᠠᠭᠠᠯᠠᠭᠳᠠᠴᠠ ᠨᠢ 8500 ᠲᠦᠮᠡᠨ ᠲᠣᠨ᠂ ᠵᠢᠯ ᠤᠨ ᠭᠠᠷᠤᠯᠲᠠ ᠨᠢ 80 ᠲᠦᠮᠡᠨ | ᠲᠣᠨ᠂ ᠢᠯᠴᠢ ᠶᠢᠨ ᠬᠡᠮᠵᠢᠭᠳᠡᠯ ᠨᠢ 3200 — 3700 ᠺᠠᠯᠤᠷᠢ᠂ ᠣᠳᠣᠬᠠᠨ ᠳᠤ ᠡᠳᠦᠷ ᠪᠦᠷᠢ 7000 | —10000 ᠲᠣᠨ ᠣᠷᠴᠢᠮ ᠲᠡᠭᠡᠭᠡᠪᠦᠷᠢᠯᠡᠵᠦ ᠪᠠᠶᠢᠨ᠎ᠠ᠃ ᠲᠤᠰ ᠠᠭᠤᠷᠬᠠᠢ 8 ᠰᠠᠷ᠎ᠠ ᠶᠢᠨ 27 ᠤ ᠡᠳᠦᠷ | ᠠᠵᠢᠯᠯᠠᠭᠠᠨ ᠢᠶᠠᠨ ᠰᠡᠷᠭᠦᠭᠡᠵᠦ᠂ ᠣᠳᠤᠬᠠᠨ ᠳᠤ 5 ᠨᠡᠪᠲᠡᠷᠡᠬᠦ ᠵᠠᠮ ᠲᠠᠢ᠂ 3 ᠬᠢᠨᠠᠨ ᠪᠠᠶᠢᠴᠠᠭᠠᠬᠤ ᠪᠣᠭᠤᠮᠲᠠ ᠲᠠᠢ | ᠪᠠᠶᠢᠵᠤ᠂ ᠪᠣᠭᠤᠮᠲᠠ ᠶᠢᠨ ᠬᠢᠨᠠᠯᠲᠠ ᠬᠠᠮᠢᠶᠠᠷᠤᠯᠲᠠ ᠶᠢᠨ ᠲᠥᠬᠦᠭᠡᠷᠦᠮᠵᠢ ᠪᠦᠷᠢᠨ ᠭᠦᠢᠴᠡᠳ ᠪᠠᠶᠢᠵᠤ᠂ ᠣᠲᠣ | ᠪᠣᠯᠲᠠᠯ᠎ᠠ ᠨᠡᠭᠦᠷᠡᠰᠦ ᠲᠡᠭᠡᠭᠡᠪᠦᠷᠢᠯᠡᠬᠦ ᠬᠡᠮᠵᠢᠶ᠎ᠡ 5 ᠲᠦᠮᠡᠨ ᠲᠣᠨ᠃ | |