ᠮᠠᠨ ᠤ ᠬᠤᠰᠢᠭᠤ ᠦᠨ᠎ᠡ ᠲᠥᠯᠥᠪᠦᠷᠢ ᠦᠭᠡᠢ ᠪᠠᠷ ᠴᠢᠰᠤ ᠬᠠᠨᠳᠢᠪᠯᠠᠬᠤ ᠪᠠ ᠴᠢᠰᠤ ᠪᠦᠲᠦᠭᠡᠬᠦ ᠭᠤᠤᠯ ᠡᠰ ᠤᠨ ᠴᠢᠰᠤᠨ ᠤ ᠶᠠᠩᠵᠤ ᠶᠢ ᠴᠤᠭᠯᠠᠭᠤᠯᠬᠤ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/1/19
      《 ᠬᠥᠮᠦᠯᠢᠭ᠂ ᠲᠦᠭᠡᠮᠡᠯ ᠬᠠᠶᠢᠷ᠎ᠠ᠂ ᠬᠠᠷᠠᠮ ᠥᠬᠡᠶ ᠵᠣᠷᠢᠭᠤᠯᠬᠤ 》 ᠤᠯᠠᠭᠠᠨ ᠵᠠᠭᠠᠯᠮᠠᠶᠢᠲᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠡᠮᠴᠢᠯᠡᠭᠡᠨ ᠤ ᠪᠠᠴᠢᠮ ᠠᠪᠤᠷᠠᠯᠳᠠ ᠶᠢᠨ ᠴᠢᠰᠤ ᠬᠡᠷᠡᠭᠯᠡᠬᠦ ᠶᠢ ᠪᠠᠲᠤᠯᠠᠬᠤ ᠶᠢᠨ ᠲᠥᠯᠥᠭᠡ᠂ ᠮᠠᠨ ᠤ ᠬᠤᠰᠢᠭᠤᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠪᠥᠬᠦ ᠬᠤᠰᠢᠭᠤᠨ ᠤ ᠥᠷᠭᠡᠨ ᠣᠯᠠᠨ ᠬᠠᠯᠠᠭᠤᠨ ᠰᠡᠳᠬᠢᠯᠲᠦ ᠬᠥᠮᠦᠰ ᠢ ᠢᠳᠡᠪᠬᠢᠲᠡᠶ ᠳᠠᠶᠢᠴᠢᠯᠠᠵᠤ᠂ 1 ᠰᠠᠷ᠎ᠠ ᠶᠢᠨ 10 ᠤ ᠡᠳᠦᠷ ᠠᠴᠠ 11 ᠤ ᠡᠳᠦᠷ ᠪᠣᠯᠲᠠᠯ᠎ᠠ᠂ ᠦᠩᠲᠦ ᠨᠡᠶᠢᠭᠡᠮ ᠲᠣᠭᠤᠷᠢᠭ ᠪᠠ  ᠬᠤᠰᠢᠭᠤ ᠠᠷᠠᠳ ᠤᠨ ᠡᠮᠨᠡᠯᠭᠡ ᠶᠢᠨ ᠬᠤᠷᠢᠶ᠎ᠠ ᠳᠤ ᠦᠨ᠎ᠡ ᠲᠥᠯᠥᠪᠦᠷᠢ ᠥᠬᠡᠶ ᠪᠠᠷ ᠴᠢᠰᠤ ᠪᠠᠨ ᠬᠠᠨᠳᠢᠪᠯᠠᠬᠤ ᠪᠠ ᠴᠢᠰᠤ ᠪᠦᠲᠦᠭᠡᠬᠦ ᠭᠤᠤᠯ ᠡᠰ ᠤᠨ ᠴᠢᠰᠤᠨ ᠤ ᠥᠯᠢᠭᠡᠷ ᠴᠤᠭᠯᠠᠭᠤᠯᠬᠤ ᠠᠵᠢᠯᠯᠠᠭ᠎ᠠ ᠥᠷᠨᠢᠭᠦᠯᠪᠡ᠃      ᠣᠶᠢᠯᠠᠭᠠᠭᠰᠠᠨ ᠢᠶᠠᠷ᠂ ᠲᠣᠰ ᠤᠳᠠᠭᠠᠨ ᠤ ᠴᠢᠰᠤ ᠬᠠᠨᠳᠢᠪᠯᠠᠬᠤ ᠠᠵᠢᠯᠯᠠᠭ᠎ᠠ ᠶᠢ ᠺᠠᠳ᠋ᠷ ᠠᠵᠢᠯᠲᠠᠨ᠂ ᠣᠯᠠᠨ ᠲᠦᠮᠡᠨ ᠪᠠ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠰᠢᠰᠲ᠋ᠧᠮ ᠤᠨ ᠠᠵᠢᠯᠲᠠᠨ ᠭᠡᠵᠦ ᠬᠤᠶᠠᠷ ᠲᠠᠯᠠᠪᠤᠷ ᠬᠤᠪᠢᠶᠠᠵᠠᠢ᠃ ᠠᠵᠢᠯᠯᠠᠭ᠎ᠠ ᠶᠢᠨ ᠠᠬᠤᠶ ᠲᠠᠯᠠᠪᠠᠶ ᠳᠤ᠂ ᠴᠢᠰᠤ ᠬᠠᠨᠳᠢᠪᠯᠠᠬᠤ ᠥᠷᠭᠡᠨ ᠣᠯᠠᠨ ᠰᠠᠶᠢᠨ ᠳᠤᠷ᠎ᠠ ᠶᠢᠨ ᠠᠵᠢᠯᠯᠠᠭᠴᠢ ᠴᠢᠰᠤ ᠬᠠᠨᠳᠢᠪᠯᠠᠬᠤ ᠴᠡᠭ ᠲᠤ ᠭᠦᠷᠦᠭᠰᠡᠨ ᠤ ᠳᠠᠷᠠᠭ᠎ᠠ᠂ ᠠᠵᠢᠯᠲᠠᠳ ᠴᠢᠰᠤ ᠬᠠᠨᠳᠢᠪᠯᠠᠭᠴᠢ ᠶᠢ ᠳᠡᠩᠰᠡᠯᠡᠨ ᠲᠡᠮᠳᠡᠭᠯᠡᠬᠦ᠂ ᠠᠩᠬ᠎ᠠ ᠪᠠᠶᠢᠴᠠᠭᠠᠬᠤ᠂ ᠴᠢᠰᠤ ᠠᠪᠬᠤ ᠵᠡᠷᠭᠡ ᠭᠤᠭᠴᠤᠭ᠎ᠠ ᠶᠢ ᠶᠠᠪᠤᠭᠳᠠᠭᠤᠯᠵᠤ᠂ ᠮᠠᠨ ᠤ ᠬᠤᠰᠢᠭᠤᠨ ᠤ ᠬᠤᠶᠠᠳᠠᠭᠴᠢ ᠴᠢᠰᠤ ᠪᠦᠲᠦᠭᠡᠬᠦ ᠭᠤᠤᠯ ᠡᠰ ᠢᠶᠠᠨ ᠬᠠᠨᠳᠢᠪᠯᠠᠭᠴᠢ ᠴᠠᠩ ᠵᠢᠶᠦ᠋ᠨ ᠠᠴᠠ ᠲᠤᠬᠠᠶ ᠶᠢᠨ ᠲᠠᠯᠠᠪᠠᠶ ᠳᠤ ᠴᠢᠰᠤ ᠪᠦᠲᠦᠭᠡᠬᠦ ᠭᠤᠤᠯ ᠡᠰ ᠬᠠᠨᠳᠢᠪᠯᠠᠭᠰᠠᠨ ᠲᠤᠬᠠᠶ ᠠᠯᠢ ᠣᠯᠠᠨ ᠮᠡᠳᠡᠯᠭᠡ ᠶᠢ ᠨᠠᠷᠢᠨ ᠲᠠᠶᠢᠯᠪᠤᠷᠢᠯᠠᠵᠤ᠂ ᠴᠢᠰᠤ ᠦᠶᠯᠡᠳᠬᠦ ᠭᠤᠤᠯ ᠡᠰ ᠬᠠᠨᠳᠢᠪᠯᠠᠬᠤ ᠲᠤᠬᠠᠶ ᠣᠯᠠᠨ ᠳᠤ ᠨᠠᠩ ᠭᠦᠨᠵᠡᠭᠡᠶ ᠣᠶᠢᠯᠠᠭᠠᠯᠲᠠ  ᠲᠠᠢ ᠪᠤᠯᠭᠠᠭᠰᠠᠨ ᠪᠠᠶᠢᠨ᠎ᠠ᠃      ᠴᠢᠰᠤ ᠬᠠᠨᠳᠢᠪᠯᠠᠬᠤ ᠰᠠᠶᠢᠨ ᠲᠤᠷᠠᠴᠤᠳ ᠡᠮᠬᠢ ᠳᠢᠭᠯᠢᠮ ᠲᠠᠢ ᠪᠠᠷ  ᠴᠢᠰᠤ ᠪᠠᠨ ᠬᠠᠨᠳᠢᠪᠯᠠᠵᠤ᠂ ᠪᠣᠳᠠᠲᠤ ᠠᠵᠢᠯᠯᠠᠭ᠎ᠠ ᠪᠠᠷ ᠢᠶᠠᠨ ᠰᠠᠶᠢᠨ ᠳᠤᠷ᠎ᠠ ᠶᠢᠨ ᠦᠢᠯᠡᠴᠢᠯᠡᠭᠡᠨ ᠤ ᠵᠣᠷᠢᠭ ᠰᠠᠨᠠᠭ᠎ᠠ ᠶᠢ ᠦᠢᠯᠡᠳᠦᠯᠭᠡᠵᠢᠭᠦᠯᠵᠦ᠂ ᠬᠠᠶᠢᠷ᠎ᠠ ᠪᠠ ᠬᠦᠰᠡᠯ ᠡᠷᠡᠮᠡᠯᠵᠡᠯ ᠢ ᠤᠯᠠᠨ ᠳᠤ ᠲᠦᠭᠡᠵᠡᠢ᠃      ᠲᠣᠰ ᠤᠳᠠᠭᠠᠨ ᠤ ᠠᠵᠢᠯᠯᠠᠭ᠎ᠠ ᠳᠤ 229 ᠨᠡᠷ᠎ᠡ ᠦᠨ᠎ᠡ ᠲᠥᠯᠥᠪᠦᠷᠢ ᠥᠬᠡᠶ ᠪᠠᠷ ᠴᠢᠰᠤ ᠬᠠᠨᠳᠢᠪᠯᠠᠬᠤ ᠬᠥᠮᠦᠨ ᠲᠡᠮᠲᠡᠭᠯᠡᠭᠦᠯᠵᠦ᠂ 201 ᠬᠥᠮᠦᠨ ᠴᠢᠰᠤ ᠪᠠᠨ ᠬᠠᠨᠳᠢᠪᠯᠠᠵᠤ᠂ ᠴᠢᠰᠤ ᠬᠠᠨᠳᠢᠪᠯᠠᠭᠰᠠᠨ ᠬᠡᠮᠵᠢᠶ᠎ᠡ ᠨᠢ 62200 ᠮᠢᠯᠢᠯᠢᠲᠷ ᠲᠤ ᠬᠦᠷᠴᠡᠶ᠃ ᠡᠭᠦᠨ ᠤ ᠬᠠᠮᠲᠤ ᠤᠬᠠᠭᠤᠯᠭ᠎ᠠ ᠪᠠ ᠡᠮᠦᠨᠡᠬᠢ ᠬᠤᠭᠤᠴᠠᠭᠠᠨ ᠤ ᠳᠠᠶᠢᠴᠢᠯᠠᠯᠲᠠ ᠪᠠᠷ ᠳᠡᠮᠵᠢᠨ᠂ 25 ᠴᠢᠰᠤ ᠪᠦᠲᠦᠭᠡᠬᠦ ᠭᠤᠤᠯ ᠡᠰ ᠤᠨ ᠰᠠᠶᠢᠨ ᠳᠤᠷ᠎ᠠ ᠶᠢᠨ ᠠᠵᠢᠯᠯᠠᠭᠴᠢ ᠶᠢᠨ ᠴᠢᠰᠤᠨ ᠤ ᠥᠯᠢᠭᠡᠷ ᠴᠤᠭᠯᠠᠭᠤᠯᠬᠤ ᠪᠠ 3 ᠬᠥᠮᠦᠨ ᠤ ᠪᠡᠶ᠎ᠡ ᠶᠢᠨ ᠡᠷᠬᠡᠲᠡᠨ ᠢᠶᠠᠨ ᠰᠠᠶᠢᠨ ᠳᠤᠷ᠎ᠠ ᠠᠴᠠ ᠪᠠᠨ ᠬᠠᠨᠳᠢᠪᠯᠠᠬᠤ ᠳᠡᠩᠰᠡᠯᠡᠯᠲᠡ ᠶᠢ ᠪᠡᠶᠡᠯᠡᠭᠦᠯᠪᠡ᠃
 
ᠢᠷᠡᠯᠲᠡ᠄ ᠵᠡᠬᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号